ᠶᠤᠨᠳᠤᠨᠸᠠᠩᠴᠤᠭ
ᠨᠡᠶᠢᠲᠡᠯᠡᠭᠰᠡᠨ ᠴᠠᠭ᠄
2019-04-15
     1870 ᠤᠨ ᠤ 11 ᠰᠡᠷ᠎ᠡ ᠶᠢᠨ 15 ᠳᠤ᠂ ᠶᠤᠨᠳᠤᠨᠸᠠᠩᠴᠤᠭ ᠲᠠᠷᠬᠠᠨ ᠪᠡᠶᠢᠯᠡ ᠬᠤᠰᠢᠭᠤᠨ ᠤ ᠬᠠᠯᠬ᠎ᠠ ᠪᠠᠷᠠᠭᠤᠨ ᠭᠠᠷᠤᠨ ᠵᠠᠰᠠᠭ ᠲᠦᠷᠦ ᠶᠢᠨ ᠲᠠᠷᠬᠠᠨ ᠪᠡᠶᠢᠯᠡ ᠬᠦᠩᠰᠠᠩ ᠲᠠᠶᠢᠵᠢ ᠶᠢᠨ ᠬᠤᠶᠠᠳᠤᠭᠠᠷ ᠬᠦᠪᠡᠭᠦᠨ ᠪᠤᠯᠵᠦ ᠵᠠᠶᠠᠭᠠᠵᠠᠢ᠃ ᠴᠠᠭᠠᠬᠴᠢᠨ ᠲᠠᠦᠯᠠᠢ ᠵᠢᠯ ︵1891 ᠤᠨ︶ ᠳᠤ ᠵᠠᠰᠠᠭ ᠲᠦᠷᠦ ᠶᠢᠨ ᠲᠠᠷᠬᠠᠨ ᠪᠡᠶᠢᠯᠡ ᠶᠢᠨ ᠰᠠᠭᠤᠷᠢ  ᠶᠢ ᠵᠠᠯᠭᠠᠮᠵᠢᠯᠠᠪᠡ᠃      ᠶᠤᠨᠳᠤᠨᠸᠠᠩᠴᠤᠭ ᠬᠠᠷᠠᠬᠠᠨ ᠪᠠᠭ᠎ᠠ ᠠᠴᠠ ᠪᠠᠨ ᠰᠡᠴᠡᠨ ᠰᠡᠷᠭᠦᠯᠡᠩ ᠠᠴᠢᠯᠠᠯ ᠵᠢᠷᠤᠮ ᠲᠠᠢ ᠪᠦᠭᠡᠳ ᠡᠷᠡᠰ ᠰᠢᠭᠤᠷᠬᠠᠢ ᠵᠠᠩ ᠲᠠᠢ ᠤᠴᠢᠷ ᠠᠴᠠ ᠨᠠᠢᠮᠠᠨ ᠨᠠᠰᠤᠳᠠᠢ ᠳᠤᠨᠢ ᠤᠯᠠᠭᠠᠨᠴᠡᠪ ᠠᠶᠢᠮᠠᠭ ᠤᠨ ᠠᠶᠢᠮᠠᠭ ᠤᠨ ᠲᠠᠷᠤᠭ᠎ᠠ ᠨᠠᠮᠬᠠᠶᠢᠳᠤᠷᠵᠢ ᠠᠴᠠ ︽ᠰᠡᠴᠡᠨ ᠵᠢᠨᠤᠩ ᠨᠤᠶᠠᠨ︾ ᠬᠡᠮᠡᠨ ᠡᠷᠭᠦᠮᠵᠢᠯᠡᠪᠡ᠃ ᠶᠢᠰᠦᠨ ᠨᠠᠰᠤᠲᠠᠢ ᠳᠤᠨᠢ ᠬᠤᠰᠢᠭᠤ ᠵᠠᠰᠠᠭ  ᠤᠨ ᠶᠠᠮᠤᠨ ᠤ ᠰᠤᠷᠭᠠᠭᠤᠯᠢ ᠳᠤ ᠤᠷᠤᠵᠦ᠂ ᠵᠠᠰᠠᠭ ᠲᠦᠷᠦ ᠶᠢᠨ ᠲᠠᠷᠬᠠᠨ ᠪᠡᠶᠢᠯᠡ ᠶᠢᠨ ᠰᠠᠭᠤᠷᠢ ᠶᠢ ᠵᠠᠯᠭᠠᠮᠵᠢᠯᠠᠭᠰᠡᠨ ᠪᠠᠶᠢᠨ᠎ᠡ᠃      1896 ᠤᠨ ︵ᠴᠠᠭᠠᠬᠴᠢᠨ ᠲᠠᠦᠯᠠᠢ ᠵᠢᠯ︶ ᠳᠤ ᠤᠯᠠᠭᠠᠨᠴᠠᠪ ᠠᠶᠢᠮᠠᠭ ᠤᠨ ᠲᠡᠳ᠋ ᠠᠶᠢᠮᠠᠭ ᠤᠨ ᠲᠠᠷᠤᠭ᠎ᠠ  ᠶᠢᠨ ᠲᠤᠰᠢᠶᠠᠯ ᠢ ᠬᠠᠷᠢᠭᠤᠴᠠᠨ ᠠᠶᠢᠮᠠᠭ ᠤᠨ ᠠᠯᠪᠠᠨ ᠭᠡᠷᠡᠭ ᠢ ᠬᠠᠪᠰᠤᠷᠭᠠᠨ ᠬᠢᠵᠦ ᠪᠠᠶᠢᠪᠡ᠃      1912 ᠤᠨ ︵ᠬᠠᠷ᠎ᠡ ᠬᠤᠯᠤᠭᠠᠨ᠎ᠡ ᠵᠢᠯ︶ ᠳᠤ ᠲᠤᠮᠳᠠᠲᠦ ᠢᠷᠭᠡᠨ ᠤᠯᠤᠰ ᠤᠨ ᠵᠠᠰᠠᠭ ᠤᠨ ᠭᠠᠵᠠᠷ ᠠᠴᠠ ᠴᠢᠨ ᠸᠠᠩ ᠤᠨ ᠬᠡᠷᠭᠡᠮ ᠢᠶᠠᠷ ᠡᠷᠭᠦᠮᠵᠢᠯᠡᠪᠡ᠃      1914 ᠤᠨ ᠠᠴᠠ 1926 ᠤᠨ ᠪᠤᠯᠳᠠᠯ᠎ᠡ ᠶᠤᠨᠳᠤᠨᠸᠠᠩᠴᠤᠭ ᠪᠡᠯᠡ ᠮᠦᠩᠭᠦ ᠬᠤᠷᠠᠮᠳᠤᠭᠤᠯᠤᠨ ᠪᠤᠰᠤᠯᠭ᠎ᠠ ᠶᠢᠨ ᠦᠶ᠎ᠡ ᠳᠤ ᠰᠦᠢᠳᠦᠭᠰᠡᠨ ᠪᠠᠳᠤᠬᠠᠭᠠᠯᠭ᠎ᠠ ᠰᠦᠮ᠎ᠡ ᠶᠢᠨ ᠲᠠᠪᠤᠨ ᠷᠤᠸᠠᠼᠠᠩ ᠢ ᠰᠠᠯᠪᠢᠨ ᠵᠠᠰᠠᠭᠰᠡᠨ ᠪᠦᠭᠡᠳ ᠭᠤᠤᠯ ᠪᠤᠯᠬᠤ ᠴᠤᠭᠴᠢᠨ ᠲᠤᠭᠠᠩ ᠢ ᠦᠷᠭᠡᠳᠭᠡᠨ ᠪᠠᠶᠢᠭᠤᠯᠤᠭᠰᠡᠨ ᠪᠠᠶᠢᠨ᠎ᠡ᠃      ᠲᠤᠮᠳᠠᠲᠦ ᠢᠷᠭᠡᠨ ᠤᠯᠤᠰ ᠤᠨ ᠠᠷᠪᠠᠳᠤᠭᠠᠷ ᠤᠨ ︵1921 ᠤᠨ︶ ᠳᠤ᠂ ᠤᠯᠠᠭᠠᠨᠴᠠᠪ ᠠᠶᠢᠮᠠᠭ ᠤᠨ ᠠᠶᠢᠮᠠᠭ ᠤᠨ ᠲᠠᠷᠤᠭ᠎ᠠ ᠶᠢᠨ ᠲᠤᠰᠢᠶᠠᠯ ᠢ ᠬᠠᠷᠢᠭᠤᠴᠠᠬᠤ ᠶᠢᠨ ᠬᠠᠮᠲᠦ ᠰᠡᠷᠭᠡᠶᠢᠯᠡᠨ ᠬᠠᠮᠠᠭᠠᠯᠠᠬᠤ ᠪᠡᠯᠡᠳᠭᠡᠯ ᠴᠡᠷᠢᠭ ᠢ ᠶᠡᠷᠦᠩᠬᠡᠶᠢᠯᠡᠨ ᠵᠠᠬᠢᠷᠬᠤ ᠲᠦᠰᠢᠮᠡᠯ ᠤᠨ ᠲᠤᠰᠢᠶᠠᠯ ᠢ ᠬᠠᠪᠰᠤᠷᠭᠠᠨ ᠬᠢᠵᠦ ᠪᠠᠶᠢᠪᠡ᠃ ᠲᠤᠮᠳᠠᠲᠦ ᠢᠷᠭᠡᠨ ᠤᠯᠤᠰ ᠤᠨ ᠠᠷᠪᠠᠨ ᠨᠠᠢᠮᠠᠳᠤᠭᠠᠷ ᠤᠨ ︵1929 ᠤᠨ︶ ᠲᠤᠮᠲᠡᠲᠦ ᠢᠷᠭᠡᠨ ᠤᠯᠤᠰ ᠤᠨ ᠰᠦᠢᠶᠦᠸᠠᠨ ᠮᠤᠵᠢ ᠶᠢᠨ ᠵᠠᠰᠠᠭ ᠤᠨ ᠤᠷᠳᠤᠨ ᠤ ᠭᠡᠰᠢᠭᠦᠨ ᠪᠤᠯᠪᠡ᠃ ᠲᠤᠮᠳᠠᠲᠦ ᠢᠷᠭᠡᠨ ᠤᠯᠤᠰ ᠤᠨ ᠠᠷᠪᠡ ᠶᠢᠰᠦᠳᠤᠭᠡᠷ ᠤᠨ ︵1930 ᠤᠨ︶ ᠳᠤ ᠤᠯᠠᠭᠠᠨᠴᠡᠪ ᠠᠶᠢᠮᠠᠭ ᠤᠨ ᠠᠮᠦᠷ ᠢ ᠬᠠᠮᠠᠭᠠᠯᠠᠬᠤ ᠠᠩᠭᠢ ᠶᠢᠨ ᠲᠠᠷᠤᠭ᠎ᠠ ᠶᠢᠨ ᠲᠤᠰᠢᠶᠠᠯ ᠢ ᠬᠠᠷᠢᠭᠤᠴᠠᠪᠡ᠃ ᠶᠤᠨᠳᠤᠨᠸᠠᠩᠴᠤᠭ ᠦᠪᠡᠷ ᠢᠶᠠᠨ ᠨᠠᠰᠦ ᠦᠨᠳᠦᠷ ᠪᠤᠯᠵᠦ ᠵᠡᠷᠭᠡ ᠲᠤᠰᠢᠶᠠᠯ ᠤᠯᠠᠰᠢᠷᠡᠯ᠎ᠡ ᠭᠡᠳ ᠲᠠᠷᠬᠠᠨ ᠪᠡᠶᠢᠯᠡ ᠬᠤᠰᠢᠭᠤᠨ ᠤ ᠵᠠᠰᠠᠭ ᠤᠨ ᠲᠤᠰᠢᠶᠠᠯ ᠢᠶᠠᠨ ᠲᠦᠷᠦᠭᠰᠡᠨ ᠲᠡᠭᠦᠦ ᠬᠡᠨᠳᠤᠨᠵᠡᠪ ᠲᠤ ᠰᠢᠯᠵᠢᠭᠦᠯᠵᠦ᠂ ᠲᠠᠮᠠᠭ᠎ᠠ ᠪᠠᠨ ᠲᠤᠰᠢᠶᠠᠪᠡ᠃      ᠬᠤᠷᠢᠭᠠᠳ ᠤᠨ ᠤ ᠲᠤᠮᠳᠠᠴᠢ ᠠᠴᠠ ᠭᠤᠴᠢᠭᠠᠳ ᠤᠨ ᠬᠦᠷᠲᠡᠯ᠎ᠡ᠂ ᠶᠤᠨᠳᠤᠨᠸᠠᠩᠴᠤᠭ ᠲᠡᠦᠭᠡᠨ ᠴᠠᠭ ᠦᠶ᠎ᠡ ᠶᠢᠨ ᠵᠠᠰᠠᠭ ᠤᠨ ᠨᠡᠭᠦᠲᠡᠯ ᠤᠨ ᠬᠠᠭᠤᠴᠢᠨ ᠵᠤᠷᠰᠢᠯ ᠢ ᠦᠭᠡᠷᠡᠴᠢᠯᠡᠭᠡᠳ ᠪᠠᠳᠤᠬᠠᠭᠠᠯᠭ᠎ᠠ ᠰᠦᠮ᠎ᠡ ᠠᠴᠠ ᠵᠠᠭᠦᠨ ᠬᠤᠶᠢᠰᠢ 30 ᠺᠢᠯᠤᠮᠧᠲᠷ ᠤᠨ ᠭᠠᠵᠠᠷ ᠪᠠᠶᠢᠭ᠎ᠠ ᠴᠠᠭᠠᠠᠭᠦ᠋ᠪ ᠲᠤ ᠨᠡᠭᠦᠯᠭᠡᠨ᠂ ᠸᠠᠩ ᠤᠨ ᠤᠷᠳᠤᠨ᠂ ᠶᠠᠮᠤᠨ᠂ ᠴᠡᠷᠢᠭ ᠤᠨ ᠬᠤᠸᠠᠷᠡᠨ᠂ ᠰᠤᠷᠭᠠᠭᠤᠯᠢ ᠵᠡᠷᠭᠡ ᠶᠢᠨ ᠲᠦᠭᠦᠭᠡᠷᠦᠮᠵᠢ ᠶᠢ ᠪᠠᠶᠢᠭᠤᠯᠬᠤ ᠶᠢᠨ ᠲᠠᠭᠠᠦ ᠮᠤᠩᠭᠤᠯ ᠬᠢᠲᠡᠳ  ᠲᠠᠭᠠᠨ ᠨᠡᠪᠲᠡᠷᠡᠭᠰᠡᠨ ᠪᠠᠭᠰᠢ ᠵᠠᠯᠠᠵᠦ ᠨᠤᠮ ᠪᠢᠴᠢᠭ ᠵᠢᠭᠠᠯᠭᠠᠵᠦ ᠪᠠᠶᠢᠪᠡ᠃ ᠡᠨᠡ ᠨᠢ ᠬᠤᠰᠢᠭᠤᠨ ᠤ ᠵᠠᠰᠠᠭ ᠤᠨ ᠭᠠᠵᠠᠷ ᠠᠴᠠ ᠪᠡᠯᠡ ᠮᠦᠩᠭᠦ ᠭᠠᠷᠭᠠᠵᠦ 30 ᠨᠠᠷᠡᠰ ᠮᠠᠯᠴᠢᠳ ᠤᠨ ᠦᠷ᠎ᠡ ᠭᠡᠦᠭᠡᠳ ᠢ ᠡᠯᠰᠡᠨ ᠠᠪᠴᠦ ᠲᠤᠰ ᠬᠤᠰᠢᠭᠤᠨ ᠤ ᠲᠡᠦᠭᠡᠨ ᠳᠤ ᠠᠩᠬ᠎ᠠ ᠤᠳᠠᠭ᠎ᠠ ᠰᠢᠨ᠎ᠡ ᠬᠡᠯᠪᠡᠷᠢ ᠮᠠᠶ᠋ᠢᠭ ᠤᠨ ᠰᠤᠷᠤᠯᠴᠠᠬᠤ ᠤᠷᠴᠢᠨ ᠲᠤᠭᠤᠷᠢᠨ ᠢ ᠪᠤᠢ ᠪᠤᠯᠭᠠᠵᠦ᠂ ᠦᠪᠡᠷ ᠤᠨ ᠦᠨᠳᠦᠰᠦᠲᠡᠨ ᠤ ᠦᠭᠡ ᠬᠡᠯᠡ ᠦᠰᠦᠭ ᠪᠢᠴᠢᠭ ᠲᠠᠢ᠂ ᠲᠤᠰ ᠭᠠᠵᠠᠷ ᠤᠷᠤᠨ ᠤ ᠰᠢᠯᠢᠲᠡᠭ ᠴᠢᠳᠠᠪᠦᠷᠢᠲᠡᠨ ᠢ ᠬᠦᠮᠦᠵᠢᠭᠦᠯᠬᠦ ᠳᠤ ᠬᠤᠪᠢ ᠨᠠᠮᠠᠷᠢ ᠪᠠᠨ ᠦᠵᠡᠭᠦᠯᠪᠡ᠃ ᠡᠭᠦᠨ ᠤ ᠬᠠᠮᠲᠦ᠂ ᠲᠤᠬᠠᠢ ᠶᠢᠨ ᠴᠠᠭ ᠦᠶ᠎ᠡ ᠶᠢᠨ ᠪᠠᠶᠢᠲᠡᠯ ᠢ ᠦᠨᠳᠦᠰᠦᠯᠡᠨ᠂ ᠲᠤᠰ ᠭᠠᠵᠠᠷ ᠤᠷᠤᠨ ᠤ ᠵᠠᠪᠰᠡᠭᠲᠦ ᠴᠠᠭᠳᠠᠭ᠎ᠠ ᠶᠢ ᠢᠳᠡᠪᠬᠢᠲᠠᠢ ᠵᠤᠬᠢᠶᠠᠨ ᠪᠠᠶᠢᠭᠤᠯᠵᠦ᠂ ᠤᠷᠢᠳ ᠬᠤᠵᠢᠳ ᠵᠠᠭᠤᠭᠠᠳ ᠬᠦᠮᠦᠨ ᠤ ︽ᠠᠮᠦᠷ ᠢ ᠬᠠᠮᠠᠭᠠᠯᠠᠬᠤ ᠠᠩᠭᠢ︾᠂ ︽ᠠᠷᠠᠯᠵᠢᠶᠠᠴᠢᠳ ᠢ ᠬᠠᠮᠠᠭᠠᠯᠠᠬᠤ ᠪᠦᠯᠬᠦᠮ︾᠂ ︽ᠦᠪᠡᠷ ᠢ ᠪᠠᠨ ᠬᠠᠮᠠᠭᠠᠯᠠᠬᠤ ᠴᠡᠷᠢᠭ ᠠᠩᠭᠢ︾ ᠵᠡᠷᠭᠡ ᠶᠢ ᠪᠠᠶᠢᠭᠤᠯᠤᠨ᠂ ᠬᠢᠯᠢ ᠬᠢᠵᠠᠭᠠᠷ ᠢᠶᠠᠷ ᠰᠠᠭᠤᠵᠦ ᠬᠠᠦᠯᠢ ᠲᠦᠷᠢᠮ ᠢ ᠦᠯᠦ ᠰᠠᠬᠢᠬᠰᠡᠳ ᠢ ᠶᠠᠯᠠᠯᠠᠨ ᠰᠢᠳᠭᠡᠵᠦ᠂ ᠲᠡᠯ᠎ᠡ ᠨᠤᠳᠤᠭ ᠤᠨ ᠡᠩᠭᠡ ᠠᠮᠤᠭᠤᠯᠠᠩ ᠢ ᠬᠠᠮᠠᠭᠠᠯᠠᠳᠠᠭ ᠪᠠᠶᠢᠪᠡ᠃      ᠲᠤᠮᠳᠠᠲᠦ ᠢᠷᠭᠡᠨ ᠤᠯᠤᠰ ᠤᠨ ᠬᠤᠷᠢᠨ ᠭᠤᠷᠪᠠᠳᠤᠭᠠᠷ ᠤᠨ ︵1934 ᠤᠨ︶ ᠪᠠᠳᠤᠬᠠᠭᠠᠯᠭ᠎ᠠ ᠳᠤ ︽ᠮᠤᠩᠭᠤᠯ ᠭᠠᠵᠠᠷ ᠤᠷᠤᠨ ᠤ ᠦᠪᠡᠷᠲᠡᠭᠡᠨ ᠵᠠᠰᠠᠬᠤ ᠬᠤᠷᠡᠯ︾ ᠢ ᠪᠠᠶᠢᠭᠤᠯᠵᠦ᠂ ᠦᠪᠡᠷ ᠢᠶᠠᠨ ᠬᠤᠷᠡᠯ ᠤᠨ ᠲᠠᠷᠤᠭ᠎ᠠ ᠪᠤᠯᠪᠡ᠃ 1936 ᠤᠨ ᠳᠤ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠳᠤ ᠪᠤᠯᠤᠭᠰᠡᠨ ᠮᠤᠩᠭᠤᠯ ᠤᠨ ᠠᠩᠬ᠎ᠠ ᠤᠳᠠᠭᠠᠨ ᠤ ᠶᠡᠭᠡ ᠬᠤᠷᠡᠯ ᠠᠴᠠ ᠮᠤᠩᠭᠤᠯ ᠤᠨ ᠴᠡᠷᠢᠭ ᠵᠠᠰᠠᠭ ᠤᠨ ᠲᠤᠮᠤ ᠨᠤᠶᠠᠨ ᠪᠤᠯᠭᠠᠵᠠᠢ᠃ ᠮᠦᠨ ᠲᠤᠰ ᠵᠢᠯ ᠳᠡᠭᠡᠨ ᠲᠤᠮᠳᠠᠲᠦ ᠢᠷᠭᠡᠨ ᠤᠯᠤᠰ ᠤᠨ ᠵᠠᠰᠠᠭ ᠤᠨ ᠭᠠᠵᠠᠷ ᠤᠨ ᠭᠡᠰᠢᠭᠦᠨ ᠢᠶᠠᠷ ᠤᠷᠢᠬᠰᠡᠨ ᠤᠷᠢᠯᠭ᠎ᠠ ᠶᠢᠨ ᠪᠢᠴᠢᠭ ᠢᠷᠡᠭᠦᠯᠦᠭᠰᠡᠨ ᠳᠤ ᠲᠠᠷᠡ ᠲᠤᠰᠢᠶᠠᠯ ᠳᠠᠭᠠᠨ ᠤᠴᠢᠬᠰᠡᠨ ᠦᠭᠡᠢ ᠬᠡᠲᠡᠭ᠃ 1937 ᠤᠨ ᠳᠤ᠂ ᠮᠤᠩᠭᠤᠯ ᠤᠨ ᠴᠢᠭᠤᠯᠭᠠᠨ ᠤ ᠬᠤᠯᠪᠤᠭᠠᠲᠦ ᠦᠪᠡᠷᠲᠡᠭᠡᠨ ᠵᠠᠰᠠᠬᠤ ᠵᠠᠰᠠᠭ ᠤᠨ ᠤᠷᠳᠤᠨ ᠤ ᠲᠠᠷᠢᠭᠦᠨ ᠨᠤᠶᠠᠨ ᠤ ᠲᠤᠰᠢᠶᠠᠯ ᠢ ᠬᠦᠯᠢᠶᠠᠨ ᠠᠪᠤᠪᠡ᠃      1938 ᠤᠨ ᠤ 3 ᠰᠡᠷ᠎ᠡ ᠶᠢᠨ 24 ᠤ ᠡᠳᠤᠷ᠂ 69 ᠨᠠᠰᠤᠳᠠᠢ ᠳᠠᠭᠠᠨ ᠬᠦᠨᠲᠦ ᠡᠪᠡᠳᠴᠢᠨ ᠢᠶᠠᠷ ᠲᠠᠷᠬᠠᠨ ᠪᠡᠶᠢᠯᠡ ᠬᠤᠰᠢᠭᠤᠨ ᠤ ᠴᠠᠭᠠᠠᠬᠦ᠋ᠪ ᠬᠡᠮᠡᠬᠦ ᠭᠠᠵᠠᠷ ᠦᠪᠡᠷ ᠤᠨ ᠤᠷᠳᠤᠨ ᠳᠠᠭᠠᠨ ᠨᠠᠰᠦ ᠨᠦᠭᠴᠢᠪᠡ᠃                                                                 ︽ᠪᠠᠳᠤᠬᠠᠭᠠᠯᠭ᠎ᠠ ᠰᠦᠮ᠎ᠡ︾ ᠨᠤᠮ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号