ᠬᠠᠪᠤᠲᠦ ᠬᠠᠰᠠᠷ ᠤᠨ ᠲᠠᠬᠢᠯᠭ᠎ᠠ ᠶᠢᠨ ᠶᠠᠪᠤᠴᠠ᠂ ᠲᠦᠷᠢᠮ ᠭᠤᠷᠢᠮ
ᠨᠡᠶᠢᠲᠡᠯᠡᠭᠰᠡᠨ ᠴᠠᠭ᠄
2019-04-11
     ᠬᠠᠪᠤᠲᠦ ᠬᠠᠰᠠᠷ ᠢ ᠲᠠᠬᠢᠬᠤ ᠦᠶ᠎ᠡ ᠳᠤ ᠡᠶᠢᠮᠦ ᠬᠡᠳᠤᠨ ᠶᠠᠪᠤᠴᠡ ᠪᠠᠷ ᠲᠠᠬᠢᠳᠠᠭ᠃      ᠬᠠᠮᠤᠭ ᠤᠨ ᠲᠠᠷᠢᠭᠦᠨ ᠳᠤ ᠬᠠᠪᠤᠲᠦ ᠬᠠᠰᠠᠷ ᠤᠨ ᠰᠢᠭᠦᠰᠦ ᠰᠢᠳᠦᠭᠡᠨ ᠢᠶᠠᠨ ᠭᠠᠷᠭᠠᠬᠤ ᠶᠢᠨ ᠦᠶ᠎ᠡ ᠳᠤ ᠵᠠᠪᠠᠯ ᠮᠠᠩᠬᠠᠨ ᠴᠠᠭᠠᠨ ᠬᠤᠨᠢ ᠠᠪᠴᠢᠷᠠᠵᠦ ᠵᠠᠰᠠᠬᠤ᠂ ᠲᠦᠷᠪᠠᠨ ᠰᠤᠮᠤᠨ ᠤ ᠰᠤᠮᠤ ᠪᠦᠷᠢ ᠨᠢᠭᠡ ᠪᠦᠭᠦᠯᠢ ᠭᠠᠷᠭᠠᠬᠤ᠂ ᠭᠠᠷᠭᠠᠬᠤ ᠳᠠᠭᠠᠨ ᠴᠠᠭᠠᠨ ᠱᠤᠷᠤᠩ᠂ ᠬᠠᠷ᠎ᠡ ᠱᠤᠷᠤᠩ ᠬᠤᠶᠠᠷ ᠠᠭᠤᠯᠡ ᠶᠢᠨ ᠲᠤᠮᠳᠠᠭᠤᠷ ᠬᠦᠲᠦᠯᠵᠦ ᠤᠷᠤᠵᠦ ᠢᠷᠡᠲᠡᠭ᠃ ᠬᠡᠷᠪᠡ ᠡᠨᠡ ᠬᠤᠨᠢ ᠡᠪᠡᠳᠴᠢᠨ ᠠᠷᠬᠠᠭ ᠪᠤᠶᠦ ᠪᠤᠵᠠᠷ ᠤᠷᠤᠭᠰᠡᠨ ᠪᠠᠶᠢᠪᠡᠯ ᠲᠡᠷᠡ ᠬᠤᠶᠠᠷ ᠠᠭᠤᠯᠡ ᠶᠢᠨ ᠬᠤᠭᠤᠷᠤᠨᠲᠦ ᠬᠡᠪᠲᠡᠭᠡᠳ ᠶᠠᠪᠤᠵᠦ ᠦᠭᠲᠡᠭ ᠦᠭᠡᠢ ᠪᠠᠶᠢᠳᠠᠭ᠃      ᠨᠢᠭᠡ ᠤᠳᠠᠭ᠎ᠠ ᠠᠶᠢᠯ ᠤᠨ ᠴᠠᠭᠠᠨ ᠬᠤᠨᠢ ᠶᠢ ᠲᠠᠬᠢᠯᠭ᠎ᠠ ᠳᠤ ᠬᠡᠷᠡᠭᠯᠡᠬᠦ ᠪᠠᠷ ᠬᠠᠷ᠎ᠡ ᠱᠤᠷᠤᠩ ᠴᠠᠭᠠᠨ ᠱᠤᠷᠤᠩ ᠤᠨ ᠬᠤᠭᠤᠷᠤᠨᠳᠤᠭᠤᠷ ᠠᠪᠴᠢᠷᠠᠬᠤ ᠳᠤ ᠪᠤᠴᠠᠵᠦ ᠲᠤᠳᠠᠭᠠᠭᠠᠳ ᠶᠠᠪᠤᠭᠰᠡᠨ᠂ ᠲᠡᠭᠡᠭᠡᠳ ᠬᠦᠭᠡᠭᠡᠭᠡᠳ ᠤᠴᠢᠬᠤ ᠳᠤ ᠠᠶᠢᠯ ᠤᠨ ᠡᠵᠢ ᠶᠢᠨ ᠬᠡᠯᠡᠬᠦ ᠪᠠᠷ ᠡᠨᠡ ᠬᠤᠨᠢ ᠶᠢ ᠬᠤᠷᠠᠭ᠎ᠠ ᠪᠠᠶᠢᠬᠤ ᠳᠤ ᠨᠢ ᠴᠢᠨ᠋ᠸ᠎ᠠ ᠬᠠᠵᠠᠵᠦ ᠦᠩᠭᠡᠷᠡᠭᠰᠡᠨ ᠶᠤᠮ ᠬᠡᠨ᠎ᠡ᠃ ᠠᠶᠢᠯ ᠤᠨ ᠬᠡᠦᠭᠡᠨ ᠨᠢ ᠮᠡᠲᠡᠭᠰᠡᠨ ᠦᠭᠡᠢ ᠪᠠᠷ ᠪᠠᠷᠢᠵᠦ ᠦᠭᠴᠠᠢ᠃ ᠬᠠᠰᠠᠷ ᠪᠤᠬᠲᠡ ᠮᠡᠲᠡᠭᠰᠡᠨ ᠠᠴᠠ ᠬᠤᠨᠢ ᠦᠪᠡᠷ ᠢᠶᠠᠨ ᠬᠠᠷᠢᠭᠠᠳ ᠢᠷᠡᠭᠰᠡᠨ ᠬᠡᠲᠡᠭ᠃ ᠲᠡᠭᠡᠭᠡᠳ ᠤᠷᠤᠨ ᠳᠤ ᠨᠢ ᠦᠭᠡᠷ᠎ᠡ ᠬᠤᠨᠢ ᠪᠠᠷᠢᠵᠦ ᠦᠭᠭᠦᠯ᠎ᠡ ᠬᠡᠲᠡᠭ᠃      ᠡᠨᠡ ᠨᠢ ᠬᠠᠰᠠᠷ ᠪᠤᠯ ᠠᠷᠢᠭᠤᠨ ᠴᠠᠭᠠᠨ ᠤ ᠰᠢᠲᠦᠭᠡᠨ ᠭᠡᠲᠡᠭ ᠢ ᠬᠠᠷᠠᠭᠤᠯᠵᠦ ᠪᠠᠶᠢᠨ᠎ᠡ᠃ ᠲᠡᠶᠢᠮᠦ ᠳᠡᠭᠡᠨ ᠰᠢᠭᠦᠰᠦ ᠪᠡᠯᠡᠳᠭᠡᠬᠦ ᠶᠢᠨ ᠦᠶ᠎ᠡ ᠳᠤ ᠠᠷᠢᠭᠤᠨ ᠴᠡᠪᠡᠷ ᠢ ᠶᠡᠭᠡ ᠡᠷᠬᠢᠮᠯᠡᠲᠡᠭ᠃      ᠲᠡᠬᠢᠪᠡᠯ ᠰᠢᠭᠦᠰᠦ ᠪᠠᠨ ᠭᠠᠷᠭᠠᠬᠤ ᠦᠶ᠎ᠡ ᠳᠤ ᠪᠠᠭᠤᠷᠴᠢ ᠮᠢᠬ᠎ᠠ ᠴᠢᠨᠠᠳᠠᠭ᠃ ᠨᠢᠭᠡ ᠰᠤᠮᠤᠨ ᠠᠴᠠ ᠨᠢᠭᠡ ᠬᠦᠮᠦᠨ ᠪᠠᠶᠢᠬᠤ ᠬᠡᠷᠡᠭᠲᠠᠢ᠃ ᠠᠲᠡ ᠪᠤᠯ ᠠᠭᠤᠯᠠᠨ ᠲᠡᠭᠡᠷ᠎ᠡ ᠲᠦᠷᠪᠠᠨ ᠲᠤᠭᠤᠭ᠎ᠠ ᠲᠠᠢ᠂ ᠲᠤᠤᠷ᠎ᠡ ᠨᠢ ᠭᠤᠷᠪᠠᠨ ᠴᠢᠯᠠᠭᠤ ᠲᠠᠢ᠂ ᠲᠦᠷᠪᠠᠨ ᠲᠤᠭᠤᠭ᠎ᠠ ᠪᠠᠨ ᠵᠡᠷᠭᠡᠯᠡᠵᠦ ᠲᠠᠯᠪᠢᠵᠦ᠂ ᠨᠢᠭᠡ ᠰᠤᠮᠤᠨ ᠤ ᠨᠢᠭᠡ ᠲᠤᠭᠤᠭᠠᠨ ᠳᠠᠭᠠᠨ ᠰᠢᠭᠦᠰᠦ ᠴᠢᠨᠠᠳᠠᠭ᠃      ᠡᠨᠡ ᠰᠢᠭᠦᠰᠦ ᠪᠠᠨ ᠴᠢᠨᠠᠬᠤ ᠦᠶ᠎ᠡ ᠳᠤ ᠲᠤᠭᠤᠭᠠᠴᠢᠨ ᠪᠤᠯᠠᠭ ᠠᠴᠠ ᠤᠰᠤ ᠠᠪᠳᠠᠭ᠃ ᠬᠠᠰᠠᠷ ᠤᠨ ᠦᠷᠭᠦᠭᠡ ᠶᠢᠨ ᠵᠠᠭᠦᠨᠲᠠᠢ ᠬᠤᠶᠠᠷ ᠭᠠᠵᠠᠷ ᠵᠠᠶᠢᠳᠠᠢ ᠠᠭᠤᠯᠠᠨ ᠳᠤ ᠨᠢᠭᠡ ᠪᠤᠯᠠᠭ ᠪᠤᠢ᠃ ᠡᠨᠡ ᠪᠤᠯᠠᠭ ᠨᠢ ᠤᠳᠤ ᠪᠤᠯᠳᠠᠯ᠎ᠡ ᠪᠠᠶᠢᠵᠦ᠂ ᠪᠤᠯᠠᠭ ᠨᠢ ᠬᠡᠵᠢᠶᠡᠲᠡ ᠤᠰᠤ ᠲᠠᠢ᠃      ᠪᠤᠯᠠᠭ ᠤᠨ ᠲᠤᠳᠤᠷ᠎ᠡ ᠨᠢ ᠬᠤᠩᠬᠤᠷ ᠭᠠᠵᠠᠷ ᠪᠠᠶᠢᠬᠤ ᠳᠤ ᠤᠰᠤ ᠦᠭᠡᠢ᠂ ᠬᠠᠷᠢᠨ ᠪᠤᠯᠠᠭ ᠤᠨ ᠲᠠᠨᠲᠡ ᠯᠡ ᠤᠰᠤ ᠲᠠᠢ ᠪᠠᠶᠢᠳᠠᠭ᠃ ᠡᠨᠡ ᠤᠰᠤ ᠶᠢ ᠠᠪᠴᠢᠷᠠᠵᠦ ᠰᠢᠭᠦᠰᠦ ᠪᠠᠨ ᠴᠢᠨᠠᠳᠠᠭ᠃ ᠲᠠᠬᠢᠯᠭ᠎ᠠ ᠶᠢᠨ ᠢᠶᠠᠨ ᠤᠰᠣ ᠶᠢ ᠰᠤᠯᠢᠬᠤ ᠳᠤ ᠮᠦᠨ ᠬᠦ ᠪᠤᠯᠠᠭ ᠤᠨ ᠤᠰᠤ ᠶᠢ ᠬᠡᠷᠡᠭᠯᠡᠲᠡᠭ᠃ ᠦᠭᠡᠷ᠎ᠡ ᠭᠠᠵᠠᠷ ᠤᠨ ᠤᠰᠤ ᠶᠢ ᠬᠡᠷᠡᠭᠯᠡᠬᠦ ᠳᠤ ᠰᠢᠭᠦᠰᠦ ᠨᠢ ᠪᠤᠷᠤᠯᠠᠬᠤ ᠦᠭᠡᠢ ᠪᠠᠶᠢᠳᠠᠭ᠃      ᠨᠢᠭᠡ ᠤᠳᠠᠭ᠎ᠠ ᠲᠦᠷᠪᠠᠨ ᠰᠢᠭᠦᠰᠦᠨ ᠤ ᠨᠢᠭᠡ ᠰᠢᠭᠦᠰᠦ ᠨᠢ ᠪᠤᠷᠤᠯᠠᠬᠤ ᠦᠭᠡᠢ ᠪᠠᠶᠢᠭᠠᠳ ᠪᠠᠶᠢᠵᠠᠢ᠃ ᠪᠠᠭᠤᠷᠴᠢ ᠠᠴᠠ ᠠᠰᠠᠭᠤᠬᠤ ᠳᠤ᠂ ᠪᠠᠭᠤᠷᠴᠢ ᠵᠠᠮ ᠤᠨ ᠲᠤᠮᠲᠡ ᠪᠠᠨ ᠠᠶᠢᠯ ᠤᠨ ᠬᠤᠳᠳᠤᠭ ᠠᠴᠠ ᠤᠰᠤ ᠠᠪᠴᠦ ᠴᠢᠨᠠᠬᠠᠰᠡᠨ ᠬᠡᠨ᠎ᠡ᠃ ᠡᠶᠢᠮᠦ ᠠᠴᠠ ᠰᠢᠭᠦᠰᠦ ᠨᠢ ᠤᠯᠠᠭᠠᠨ ᠢᠶᠠᠷ ᠢᠶᠠᠨ ᠪᠠᠶᠢᠵᠦ ᠪᠤᠷᠤᠯᠠᠵᠦ ᠦᠭᠭᠦ ᠦᠭᠡᠢ ᠪᠠᠶᠢᠬᠰᠡᠨ ᠬᠡᠲᠡᠭ᠃ ᠲᠡᠶᠢᠮᠦ ᠳᠡᠭᠡᠨ ᠰᠢᠭᠦᠰᠦ ᠴᠢᠨᠠᠳᠠᠭ ᠤᠰᠤ ᠨᠢ ᠴᠦ ᠠᠰ ᠲᠠᠭᠠᠨ ᠲᠤᠭᠤᠭᠠᠴᠢ ᠶᠢᠨ ᠪᠤᠯᠠᠭ ᠭᠡᠲᠡᠭ ᠭᠠᠵᠠᠷ  ᠠᠴᠠ ᠠᠪᠳᠠᠭ᠃      ᠢᠩᠬᠢᠵᠦ ᠰᠢᠭᠦᠰᠦ ᠪᠠᠨ ᠪᠤᠷᠤᠯᠠᠭᠤᠯᠵᠦ ᠴᠢᠨᠠᠬᠰᠡᠨ ᠤ ᠰᠡᠭᠦᠯᠡᠷ᠂ ᠠᠷᠴᠠ ᠬᠦᠵᠢ ᠪᠠᠨ ᠬᠦᠭᠵᠢᠭᠡᠵᠦ᠂ ᠬᠠᠪᠤᠲᠦ ᠬᠠᠰᠠᠷ ᠤᠨ ᠰᠦᠷ ᠬᠦᠴᠦ ᠶᠢ ᠲᠦᠯᠦᠭᠡᠯᠡᠵᠦ ᠪᠠᠶᠢᠭ᠎ᠠ ᠰᠢᠷᠭ᠎ᠠ ᠮᠤᠷᠢ ᠪᠠᠨ ᠰᠡᠳᠡᠷᠯᠡᠲᠡᠭ᠃ ᠰᠡᠳᠡᠷᠯᠡᠵᠦ ᠪᠠᠶᠢᠬᠤ ᠮᠤᠷᠢ ᠪᠤᠯ ᠬᠠᠪᠤᠳᠦ ᠬᠠᠰᠠᠷ ᠤᠨ ᠬᠦᠯᠦᠭ᠂ ᠬᠠᠪᠤᠲᠦ ᠬᠠᠰᠠᠷ ᠤᠨ ᠰᠦᠨᠡᠰᠦ ᠶᠢ ᠲᠦᠯᠦᠭᠡᠯᠡᠨ ᠠᠭᠤᠯᠡ ᠲᠡᠯ᠎ᠡ ᠪᠠᠷ ᠲᠤᠷ᠎ᠡ ᠪᠠᠷ ᠶᠠᠪᠤᠳᠠᠭ ᠰᠠᠬᠢᠭᠤᠯᠰᠤᠨ ᠪᠤᠯᠤᠨ᠎ᠡ᠃ ᠵᠢᠯ ᠵᠢᠯ ᠰᠡᠳᠠᠷ ᠢ ᠨᠢ ᠰᠤᠯᠢᠵᠦ ᠲᠠᠯᠪᠢᠳᠠᠭ᠂ ᠬᠠᠭᠤᠴᠢᠨ ᠰᠡᠳᠠᠷ ᠢ ᠨᠢ ᠲᠤᠷ᠎ᠡ ᠪᠠᠷ ᠬᠠᠶᠠᠵᠦ ᠪᠤᠯᠬᠤ ᠦᠭᠡᠢ᠂ ᠬᠠᠪᠤᠲᠦ ᠬᠠᠰᠠᠷ ᠦᠷᠭᠦᠭᠡ ᠶᠢᠨ ᠠᠷᠦ ᠲᠡᠯ᠎ᠡ ᠳᠤ ᠪᠠᠶᠢᠬᠤ ᠬᠠᠶᠢᠯᠠᠰᠤᠨ ᠮᠤᠳᠤᠨ ᠲᠡᠭᠡᠷ᠎ᠡ ᠤᠶᠠᠵᠦ ᠲᠠᠯᠪᠢᠳᠠᠭ᠃      ᠬᠠᠪᠤᠲᠦ ᠬᠠᠰᠠᠷ ᠤᠨ ᠲᠠᠬᠢᠯᠭ᠎ᠠ ᠶᠢᠨ ᠡᠳᠤᠷ ᠪᠤᠯᠬᠤ ᠳᠤ ᠬᠠᠰᠠᠷ ᠤᠨ ᠠᠮᠤᠷᠯᠢᠩᠭᠤᠢ ᠲᠦᠷᠢ᠂ ᠲᠤᠬᠰᠢᠨ ᠲᠦᠷᠢ ᠬᠤᠶᠠᠷ ᠲᠦᠷᠢ ᠶᠢ ᠭᠠᠷᠭᠠᠵᠦ ᠲᠠᠬᠢᠳᠠᠭ᠃      ᠬᠠᠰᠠᠷ ᠤᠨ ᠬᠦᠷᠦᠭ ᠵᠢᠷᠤᠭ ᠤᠨ ᠡᠬᠢ ᠡᠭᠦᠰᠪᠦᠷᠢ ᠬᠡᠪᠡᠯ ᠭᠤᠤᠯᠳᠠᠭᠤ ᠬᠤᠶᠠᠷ ᠵᠦᠢᠯ ᠪᠠᠶᠢᠳᠠᠭ ᠶᠤᠮ᠃ ᠲᠤᠬᠠᠶᠢᠯᠠᠪᠡᠯ ᠦᠪᠦᠷ ᠮᠤᠩᠭᠤᠯ ᠤᠨ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠬᠠᠰᠠᠷ ᠤᠨ ᠲᠠᠬᠢᠯᠭ᠎ᠠ  ᠶᠢᠨ ᠦᠷᠭᠦᠭᠡ ᠳᠤ ᠬᠠᠳᠠᠭᠠᠯᠠᠬᠳᠠᠵᠦ ᠪᠠᠶᠢᠭ᠎ᠠ ᠬᠤᠶᠠᠷ ᠵᠦᠢᠯ ᠤᠨ ᠬᠦᠷᠦᠭ ᠵᠢᠷᠤᠭ ᠪᠤᠯᠤᠨ᠎ᠡ᠃ ᠨᠢᠭᠡ ᠨᠢ ᠰᠢᠷᠠᠯᠠᠬᠠᠨ ᠦᠩᠭᠡᠲᠦ ᠲᠤᠷᠭᠠᠨ ᠤ ᠠᠷᠦ ᠳᠤ ᠬᠠᠰᠠᠷ ᠤᠨ ᠵᠢᠷᠦᠭᠡᠨ ᠤ ᠬᠢᠨᠢ ᠴᠢᠰᠦ ᠪᠠᠷ ᠵᠢᠷᠤᠭᠰᠡᠨ ︽ᠲᠤᠬᠰᠢᠨ ᠲᠦᠷᠢ︾᠂ ᠨᠦᠬᠦᠭᠡ ᠨᠢ ᠰᠢᠷᠠᠯᠠᠭ ᠦᠩᠭᠡᠲᠦ ᠲᠤᠷᠭᠠᠨ ᠲᠡᠭᠡᠷ᠎ᠡ ᠵᠢᠷᠤᠭᠰᠡᠨ ︽ᠠᠮᠤᠷᠯᠢᠩᠭᠤᠢ ᠲᠦᠷᠢ︾ ᠪᠤᠯᠤᠨ᠎ᠡ᠃      ᠬᠠᠭᠤᠴᠢᠨ ᠳᠤ ᠪᠤᠯ ᠬᠦᠮᠦᠰ ᠲᠤ ᠲᠡᠷᠡ ᠬᠦᠷᠦᠭ ᠢᠶᠠᠨ ᠦᠵᠡᠭᠦᠯᠲᠡᠭ ᠦᠭᠡᠢ᠂ ᠤᠳᠤ ᠪᠤᠯ ᠬᠠᠮᠢᠶ᠎ᠡ ᠦᠭᠡᠢ ᠦᠵᠡᠭᠦᠯᠲᠡᠭ ᠪᠤᠯᠵᠠᠢ᠃ ᠬᠡᠪᠡᠴᠦ ᠲᠠᠬᠢᠯᠭ᠎ᠠ ᠶᠢᠨ ᠡᠳᠤᠷ ᠰᠠᠶ᠋ᠢ ᠭᠠᠷᠭᠠᠵᠦ ᠲᠠᠬᠢᠵᠦ ᠦᠵᠡᠭᠦᠯᠲᠡᠭ᠃ ᠲᠡᠭᠡᠭᠡᠳ ᠢᠲᠡᠭᠡ ᠰᠢᠭᠦᠰᠦ ᠪᠠᠨ ᠲᠠᠯᠪᠢᠵᠦ᠂ ᠬᠦᠷᠦᠭ ᠭᠠᠷᠭᠠᠵᠦ ᠲᠠᠭᠠᠳᠬᠠᠯ ᠢᠶᠠᠨ ᠬᠢᠵᠦ᠂ ᠨᠤᠮ ᠰᠠᠩ ᠢᠶᠠᠨ ᠤᠩᠰᠢᠭᠠᠳ ᠪᠠᠷᠠᠬᠰᠡᠨ ᠬᠤᠶᠢᠨ᠎ᠡ ᠬᠦᠬᠦᠭᠡ ᠠᠴᠠ ᠤᠯᠠᠨ ᠳᠤ ᠬᠡᠰᠢᠭ ᠬᠤᠪᠢᠶᠠᠨ᠎ᠡ᠂ ᠰᠢᠭᠦᠰᠦ ᠪᠠᠨ ᠤᠬᠳᠤᠯᠵᠦ ᠤᠯᠠᠨ ᠬᠦᠮᠦᠰ  ᠲᠤ ᠠᠮᠰᠠᠭᠤᠯᠤᠨ᠎ᠡ᠃ ᠲᠠᠷᠡ ᠦᠶ᠎ᠡ ᠳᠤ ᠰᠢᠭᠦᠰᠦ ᠠᠮᠰᠠᠬᠤ ᠳᠤ ᠤᠯᠠᠨ ᠨᠤᠶᠠᠳ ᠲᠦᠰᠢᠮᠡᠳ᠂ ᠵᠠᠰᠠᠭ ᠨᠤᠶᠠᠳ ᠲᠤᠤᠷ᠎ᠡ ᠬᠤᠷᠮᠤᠢ ᠪᠠᠨ ᠪᠠᠷᠢᠵᠦ ᠰᠠᠭᠤᠵᠦ ᠪᠠᠶᠢᠳᠠᠭ᠃ ᠬᠦᠬᠦᠭᠡ ᠰᠢᠭᠦᠰᠦ ᠪᠠᠨ ᠤᠬᠳᠤᠯᠵᠦ ᠪᠠᠷᠠᠭᠠᠳ ᠨᠤᠬᠠᠢ ᠲᠡᠵᠢᠭᠡᠬᠦ ᠮᠡᠲᠦ ᠰᠢᠲᠡᠵᠦ ᠦᠭᠲᠡᠭ᠃ ᠬᠠᠮᠤᠭ ᠰᠡᠭᠦᠯ ᠳᠤ ᠰᠢᠭᠦᠰᠦ ᠶᠢᠨ ᠭᠤᠤᠯ ᠢ ᠨᠢ ᠵᠠᠰᠠᠭ ᠨᠤᠶᠠᠨ ᠳᠤ ᠰᠢᠲᠡᠵᠦ ᠦᠭᠲᠡᠭ᠃ ᠵᠠᠰᠠᠭ ᠨᠤᠶᠠᠨ ᠪᠤᠯ ᠬᠤᠷᠮᠤᠢ ᠪᠠᠨ ᠲᠡᠯᠭᠡᠵᠦ ᠮᠦᠷᠭᠦᠵᠦ ᠠᠪᠲᠠᠭ᠃ ᠬᠠᠰᠠᠷ ᠪᠤᠯ ᠡᠶᠢᠮᠦ ᠲᠤᠬᠰᠢᠨ ᠰᠢᠲᠦᠭᠡᠨ᠃      ᠰᠢᠭᠦᠰᠦ ᠪᠠᠨ ᠴᠢᠨᠠᠭᠰᠡᠨ ᠱᠦᠯᠦ ᠶᠢ ᠨᠢ ᠪᠤᠯ ᠬᠦᠵᠡᠭᠡᠨ ᠳᠤ ᠨᠢ ᠬᠢᠵᠦ᠂ ᠪᠠᠭᠤᠷᠴᠢ ᠭᠡᠷ ᠲᠡᠭᠡᠨ ᠠᠪᠠᠴᠢᠵᠦ ᠦᠪᠡᠷ ᠢᠶᠠᠨ ᠤᠤᠭᠤᠨ᠎ᠡ᠃ ᠰᠢᠭᠦᠰᠦ ᠶᠢᠨ ᠶᠠᠰᠦ ᠶᠢ ᠨᠢᠭᠡ ᠬᠡᠰᠡᠭ ᠴᠦ ᠭᠠᠳᠠᠨ᠎ᠡ ᠬᠠᠶᠠᠵᠦ ᠪᠤᠯᠬᠤ ᠦᠭᠡᠢ᠂ ᠪᠦᠬᠦᠲᠡ ᠶᠢ ᠰᠢᠳᠠᠭᠠᠵᠦ ᠬᠠᠶᠠᠳᠠᠭ᠃      ᠲᠠᠬᠢᠪᠡᠯ ᠲᠠᠬᠢᠯᠭ᠎ᠠ ᠶᠢᠨ ᠰᠠᠩ ᠲᠠᠯᠪᠢᠵᠦ ᠪᠠᠶᠢᠬᠤ ᠦᠶ᠎ᠡ ᠳᠤ᠂ ᠰᠠᠭᠠᠳᠠᠭ ᠪᠤᠯᠤᠨ ᠨᠤᠮᠤ ᠰᠤᠮᠤ ᠪᠠᠨ ᠲᠠᠬᠢᠬᠤ ᠳᠠᠭᠠᠨ ᠨᠢᠭᠡ ᠵᠠᠩᠬᠢ ᠵᠦᠯᠲᠦ ᠲᠡᠭᠦᠵᠢᠯᠡᠭᠰᠡᠨ ᠨᠤᠮᠤ ᠰᠤᠮᠤ ᠶᠢ ᠵᠡᠭᠦᠨ ᠡᠮᠦᠨᠡᠰᠢ ᠬᠠᠨᠳᠤᠨ ᠶᠠᠭ ᠬᠠᠷᠪᠤᠬᠤ ᠭᠡᠵᠦ ᠪᠠᠶᠢᠭ᠎ᠠ ᠮᠡᠲᠦ ᠲᠠᠯᠢᠵᠦ ᠰᠠᠭᠤᠳᠠᠭ᠃ ᠡᠨᠡ ᠪᠤᠯ ᠲᠡᠭᠡᠳᠦᠰ ᠢᠶᠠᠨ ᠲᠠᠬᠢᠵᠦ ᠪᠠᠶᠢᠨ᠎ᠡ᠃ ᠮᠦᠨ ᠴᠦ ᠮᠡᠷᠭᠡᠨ ᠬᠠᠷᠪᠤᠭᠠᠴᠢ ᠬᠠᠰᠠᠷ ᠤᠨ ᠰᠦᠷ ᠢ ᠦᠵᠡᠭᠦᠯᠵᠦ ᠪᠠᠶᠢᠭ᠎ᠠ ᠤᠳᠬ᠎ᠠ ᠲᠠᠢ᠃      ᠡᠭᠦᠨ ᠤ ᠲᠠᠷᠠᠭ᠎ᠠ ᠲᠦᠷᠦᠭᠡ ᠬᠠᠷᠭᠤᠭᠤᠯᠬᠤ ᠪᠡᠰᠡ ᠨᠢᠭᠡ ᠤᠴᠢᠷ ᠪᠤᠢ᠂ ᠬᠤᠶᠠᠷ ᠮᠤᠷᠢᠲᠠᠢ ᠬᠦᠮᠦᠨ ᠭᠠᠷᠣᠭᠠᠳ ᠲᠠᠪᠬᠢᠭᠤᠯᠤᠨ᠎ᠡ᠂ ᠬᠤᠶᠢᠨᠠᠬᠢ ᠬᠦᠮᠦᠨ ᠨᠢ ᠨᠤᠮᠤ ᠰᠤᠮᠤ ᠪᠠᠨ ᠲᠡᠯᠢᠭᠡᠳ᠂ ᠡᠮᠦᠨᠡᠬᠢ ᠲᠠᠶᠢᠰᠦᠨ ᠢᠶᠠᠷ ᠲᠤᠬᠯᠠᠵᠦ ᠲᠤᠳᠠᠭᠠᠭᠰᠡᠨ ᠬᠦᠮᠦᠨ ᠢᠶᠠᠨ ᠬᠦᠭᠡᠭᠡᠵᠦ᠂ ᠵᠠᠪᠠᠯ ᠬᠠᠵᠠᠭᠤ ᠪᠠᠷ ᠨᠢ ᠡᠮᠦᠨᠡᠬᠢ ᠬᠦᠮᠦᠨ ᠤ ᠪᠠᠨ ᠲᠦᠷᠦᠭᠡ  ᠶᠢ ᠱᠦᠷᠭᠦᠭᠡᠭᠡᠳ ᠭᠠᠷᠳᠠᠭ᠃ ᠬᠡᠷᠪᠡ ᠲᠦᠷᠦᠭᠡ ᠬᠠᠷᠭᠤᠭᠤᠯᠵᠦ ᠲᠡᠶᠢᠯᠪᠡᠯ ᠲᠠᠬᠢᠯᠭ᠎ᠠ ᠶᠢᠨ ᠦᠷ᠎ᠡ ᠳ᠋ᠦᠩ ᠪᠡᠯᠭᠡ ᠲᠡᠮᠪᠡᠷᠢᠯ ᠲᠠᠢ ᠭᠡᠵᠦ ᠦᠵᠡᠲᠡᠭ᠃ ᠡᠨᠡ ᠶᠤᠰᠤ ᠤᠳᠤ ᠬᠦᠷᠲᠡᠯ᠎ᠡ ᠲᠠᠬᠢᠯᠭ᠎ᠠ ᠶᠢᠨ ᠠᠯᠬᠤᠮ ᠲᠠᠷᠠᠭ᠎ᠠ ᠲᠡᠭᠡᠷ᠎ᠡ ᠪᠠᠨ ᠪᠤᠯ ᠪᠦᠷ ᠶᠠᠪᠤᠬᠳᠠᠳᠠᠭ᠃      ᠲᠠᠬᠢᠯᠭ᠎ᠠ ᠶᠢᠨ ᠶᠤᠰᠤᠯᠡᠯ ᠲᠠᠭᠤᠰᠴᠦ᠂ ᠲᠠᠬᠢᠯᠭ᠎ᠠ ᠶᠢᠨ ᠬᠦᠮᠦᠰ ᠭᠡᠷ ᠲᠡᠭᠡᠨ ᠪᠤᠴᠠᠬᠤ ᠦᠶ᠎ᠡ ᠳᠡᠭᠡᠨ ᠦᠳᠭᠡᠯᠡᠬᠦ ᠳᠤ ᠬᠡᠷᠡᠭᠯᠡᠭᠰᠡᠨ ᠲᠤᠯᠭ᠎ᠠ ᠶᠢᠨ ᠭᠤᠷᠪᠠᠨ ᠴᠢᠯᠠᠭᠤ ᠶᠢ ᠵᠠᠪᠠᠯ ᠢᠰᠭᠦᠯᠵᠦ ᠬᠦᠲᠡᠯᠭᠡᠲᠡᠭ᠃ ᠢᠩᠬᠢᠪᠡᠯ ᠰᠠᠶ᠋ᠢ ᠲᠠᠬᠢᠯᠭ᠎ᠠ ᠶᠢᠨ ᠶᠤᠰᠤᠯᠡᠯ ᠪᠦᠷᠢᠮᠦᠰᠦᠨ ᠲᠡᠭᠦᠰᠲᠡᠭ ᠪᠠᠶᠢᠨ᠎ᠡ᠃      ᠤᠳᠤ ᠮᠠᠨ ᠤ ᠲᠠᠬᠢᠯᠭ᠎ᠠ ᠦᠭᠡᠷᠡᠴᠢᠯᠡᠭᠲᠡᠭᠡᠳ ᠡᠨᠡ ᠬᠤᠶᠠᠷ ᠵᠢᠯ ᠠᠴᠠ ᠪᠠᠰᠡ ᠨᠤᠮᠤ ᠰᠤᠮᠤ ᠬᠠᠷᠪᠤᠳᠠᠭ ᠪᠤᠯᠤᠭᠰᠡᠨ ᠪᠠᠶᠢᠭ᠎ᠠ ᠶᠤᠮ᠃ ᠲᠦᠷᠦᠭᠡ ᠬᠠᠷᠭᠤᠭᠤᠯᠤᠭᠠᠳ ᠪᠠᠷᠠᠭᠰᠡᠨ ᠤ ᠲᠠᠷᠠᠭ᠎ᠠ ᠬᠠᠷᠢᠶᠠᠯᠴᠢ ᠬᠠᠷ᠎ᠡ ᠡᠮᠡᠭᠡᠨ ᠤ ᠵᠢᠷᠤᠭ ᠢ ᠲᠠᠯᠪᠢᠵᠦ ᠬᠠᠷᠪᠤᠨ᠎ᠡ᠃ ᠬᠡᠷᠪᠡ ᠵᠢᠷᠦᠭᠡ ᠪᠤᠶᠦ ᠶᠠᠮᠠᠷ ᠨᠢᠭᠡᠨ ᠭᠠᠵᠠᠷ ᠢ ᠨᠢ ᠤᠨᠤᠪᠡᠯ ᠲᠡᠷᠢᠭᠦᠯᠡᠭᠰᠡᠨ ᠢᠶᠠᠷ ᠪᠤᠳᠤᠳᠠᠭ᠃ ᠤᠤᠯ ᠤᠨ ᠨᠤᠮᠤ ᠰᠡᠯᠢᠵᠦ ᠰᠠᠭᠤᠳᠠᠭ ᠪᠠᠶᠢᠬᠰᠡᠨ ᠠᠴᠠ ᠪᠠᠨ ᠬᠠᠷᠪᠤᠬᠤ ᠪᠤᠯᠤᠭᠰᠡᠨ ᠪᠠᠶᠢᠨ᠎ᠡ᠃                           ︽ᠪᠤᠭᠤᠲᠦ ᠶᠢᠨ ᠲᠡᠦᠭᠡᠨ ᠳᠠᠬᠢ ᠨᠠᠷᠡᠲᠦ ᠬᠦᠮᠦᠰ︾ ᠨᠤᠮ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号