ᠮᠤᠩᠭᠤᠯ ᠡᠮ ᠡᠮᠨᠡᠯᠭᠡ ᠶᠢᠨ ᠤᠬᠠᠭᠠᠨᠳᠠᠨ ᠵᠢᠮᠪᠠᠵᠠᠮᠰᠦ
ᠨᠡᠶᠢᠲᠡᠯᠡᠭᠰᠡᠨ ᠴᠠᠭ᠄
2019-04-10
     ᠵᠢᠮᠪᠠᠵᠠᠮᠰᠦ ︵ᠶᠡᠷᠦ ᠶᠢᠨ ᠲᠠᠭᠤᠳᠠᠯᠭ᠎ᠠ ᠨᠢ ᠵᠢᠮᠪᠡ︶ 1907 ᠣᠨ ᠳᠤ ᠲᠠᠷᠬᠠᠨ ᠪᠡᠶᠢᠯᠡ ᠬᠤᠰᠢᠭᠤᠨ ᠤ ᠭᠤᠤᠯ ᠰᠤᠮᠤ ᠶᠢᠨ ᠮᠠᠯᠴᠢᠨ ᠨᠤᠷᠪᠤ ᠶᠢᠨ ᠭᠡᠷ ᠲᠤ ᠦᠷ᠎ᠡ ᠶᠢᠨ ᠭᠠᠭᠴᠡ ᠬᠦᠪᠡᠭᠦᠨ ᠨᠢ ᠪᠤᠯᠤᠨ ᠵᠠᠶᠠᠭᠠᠵᠠᠢ᠃ ᠲᠡᠭᠦᠨ ᠢ ᠨᠠᠢᠮᠠᠨ ᠨᠠᠰᠤᠳᠠᠢ ᠳᠤᠨᠢ ᠪᠠᠳᠤᠬᠠᠭᠠᠯᠭ᠎ᠠ ᠰᠦᠮ᠎ᠡ ᠳᠤ ᠱᠠᠪᠢ ᠪᠠᠷ ᠦᠭᠴᠦ᠂ ᠠᠷᠪᠠᠨ ᠨᠢᠭᠡᠨ ᠨᠠᠰᠤᠳᠠᠢ  ᠳᠠᠭᠠᠨ ᠰᠠᠬᠢᠯ ᠰᠠᠸᠠᠷ ᠠᠪᠴᠦ᠂ ᠠᠯᠳᠠᠷᠲᠦ ᠯᠠᠮᠠ ᠡᠮᠴᠢ ᠭᠤᠩᠴᠤᠭᠯᠤᠰᠤᠯᠫᠠᠯᠮ᠎ᠡ ᠶᠢᠨ ᠱᠠᠪᠢ ᠨᠢ ᠪᠤᠯᠵᠠᠢ᠃ ᠵᠢᠮᠪᠡ ᠭᠤᠸᠠᠢ 11 ᠨᠠᠰᠤᠨ ᠠᠴᠠ ᠪᠠᠨ ᠡᠬᠢᠯᠡᠵᠦ ᠪᠠᠭᠰᠢ ᠯᠠᠮᠡ ᠶᠢᠨ ᠢᠶᠠᠨ ᠵᠢᠭᠠᠨ ᠵᠢᠯᠤᠭᠤᠳᠤᠯᠭ᠎ᠠ ᠪᠠᠷ ᠲᠦᠪᠡᠳ ᠦᠭᠡ ᠬᠡᠯᠡ ᠦᠰᠦᠭ ᠪᠢᠴᠢᠭ ᠰᠤᠷᠬᠤ ᠶᠢᠨ ᠬᠠᠮᠲᠦ ᠲᠦᠪᠡᠳ᠂ ᠮᠤᠩᠭᠤᠯ ᠡᠮ ᠡᠮᠨᠡᠯᠭᠡ ᠶᠢᠨ ᠤᠬᠠᠭᠠᠨ ᠢ ᠰᠤᠷᠴᠦ ᠡᠬᠢᠯᠡᠪᠡ᠃ ᠦᠪᠡᠷ ᠤᠨ ᠰᠡᠴᠡᠨ ᠰᠡᠷᠭᠦᠯᠠᠩ ᠤᠬᠠᠭᠠᠨ ᠪᠡ ᠰᠢᠷᠭᠠᠭᠤ ᠬᠠᠳᠠᠭᠤᠵᠢᠯᠲᠠᠢ ᠰᠤᠷᠤᠯᠴᠠᠯᠭ᠎ᠠ ᠪᠠᠷ ᠲᠦᠪᠡᠳ ᠮᠤᠩᠭᠤᠯ ᠡᠮ ᠡᠮᠨᠡᠯᠭᠡ ᠶᠢᠨ ᠰᠠᠭᠤᠷᠢ ᠮᠡᠲᠡᠯᠭᠡ᠂ ᠡᠪᠡᠳᠴᠢᠨ ᠡᠮᠭᠡᠭ ᠤᠨ ᠪᠠᠶᠢᠴᠠᠭᠠᠯᠲᠡ ᠲᠤᠳᠤᠯᠠᠯᠲᠡ᠂ ᠡᠮ ᠤᠨ ᠵᠤᠷ ᠨᠠᠶᠢᠷᠠᠭᠤᠯᠭ᠎ᠠ ᠬᠢᠭᠡᠳ ᠵᠠᠰᠠᠬᠤ ᠠᠷᠭ᠎ᠠ ᠶᠢ ᠦᠨᠳᠦᠰᠦᠨ ᠳᠤ ᠨᠢ ᠡᠵᠡᠮᠰᠢᠵᠦ ᠦᠪᠡᠷ ᠤᠨ ᠤᠨᠴᠠᠯᠢᠭ ᠲᠠᠢ ᠨᠢᠭᠡᠨ ᠡᠮᠴᠢ ᠪᠤᠯᠤᠭᠰᠡᠨ ᠪᠠᠶᠢᠨ᠎ᠡ᠃      ᠰᠢᠷᠭᠠᠭᠤ ᠬᠠᠳᠠᠭᠤᠵᠢᠯᠳᠠᠢ ᠰᠤᠷᠴᠦ ᠰᠤᠳᠤᠯᠤᠭᠰᠡᠨ ᠠᠴᠠ ᠵᠢᠮᠪᠡ ᠤᠳᠡᠯ ᠦᠭᠡᠢ ᠮᠠᠰᠢ ᠶᠡᠭᠡ ᠨᠡᠷ᠎ᠡ ᠴᠤᠤ ᠭᠠᠷᠴᠠᠢ᠃ ᠪᠠᠭᠰᠢ ᠯᠠᠮᠡ ᠨᠢ ᠴᠦ ᠲᠡᠭᠦᠨ ᠤ ᠡᠷᠲᠡᠮ ᠮᠡᠲᠡᠯᠭᠡ ᠳᠤ ᠲᠦᠢᠯ ᠢᠶᠠᠷ ᠰᠡᠳᠬᠢᠯ ᠬᠦᠲᠡᠯᠵᠦ᠂ ᠦᠪᠡᠷ ᠤᠨ ᠬᠡᠴᠢᠨᠡᠨ ᠵᠢᠯ ᠨᠠᠨᠳᠢᠩᠨᠠᠨ ᠬᠠᠳᠠᠭᠠᠯᠠᠵᠦ ᠪᠠᠶᠢᠬᠰᠡᠨ ᠡᠮ ᠡᠮᠨᠡᠯᠭᠡ ᠶᠢᠨ ᠤᠬᠠᠭᠠᠨ ᠤ ᠨᠤᠮ᠂ ᠡᠮᠴᠢᠯᠡᠭᠡᠨ ᠤ ᠪᠠᠭᠠᠵᠢ ᠬᠡᠷᠡᠭᠰᠡᠯ ᠬᠢᠭᠡᠳ ᠦᠪᠡᠷ ᠤᠨ ᠨᠠᠶᠢᠷᠠᠭᠤᠯᠤᠭᠰᠡᠨ ᠶᠡᠭᠡ ᠬᠡᠮᠵᠢᠶᠡᠨ ᠤ ᠮᠤᠩᠭᠤᠯ ᠡᠮ ᠢᠶᠠᠨ ᠴᠦ ᠪᠦᠬᠦᠲᠡ ᠶᠢ ᠱᠠᠪᠢ ᠵᠢᠮᠪᠡ ᠭᠤᠸᠠᠢ ᠳᠤ ᠲᠤᠷᠠᠰᠬᠠᠨ ᠪᠡᠯᠡᠭᠯᠡᠵᠦ᠂ ᠲᠡᠭᠦᠨ ᠢ ᠵᠤᠷᠢᠭᠵᠢᠭᠤᠯᠤᠨ ᠦᠷᠭᠦᠯᠵᠢᠯᠠᠨ ᠬᠠᠳᠠᠭᠤᠵᠢᠯᠳᠠᠢ ᠴᠢᠷᠮᠠᠶᠢᠵᠦ᠂ ᠨᠡᠩ ᠠᠷᠪᠢᠨ ᠡᠮᠨᠡᠯᠭᠡ ᠶᠢᠨ ᠮᠡᠷᠭᠡᠵᠢᠯ ᠢ ᠡᠵᠡᠮᠰᠢᠵᠦ᠂ ᠨᠤᠳᠤᠭ ᠤᠷᠤᠨ ᠤ ᠪᠠᠨ ᠠᠬ᠎ᠠ ᠲᠡᠭᠦᠦ ᠨᠠᠷ ᠢ ᠡᠪᠡᠳᠴᠢᠨ ᠵᠤᠪᠠᠯᠠᠩ ᠠᠴᠠ ᠨᠢ ᠠᠪᠤᠷᠠᠬᠤ ᠶᠢ ᠨᠠᠶᠢᠳᠠᠭᠰᠡᠨ ᠪᠠᠶᠢᠨ᠎ᠡ᠃      ᠵᠢᠮᠪᠡ ᠭᠤᠸᠠᠢ ᠤᠷᠢᠳ ᠬᠤᠵᠢᠳ ᠪᠠᠳᠤᠬᠠᠭᠠᠯᠭ᠎ᠠ ᠰᠦᠮ᠎ᠡ ᠶᠢᠨ ᠴᠤᠶᠢᠷᠸ᠎ᠠ ᠷᠤᠸᠠᠼᠠᠩ ᠤᠨ ᠭᠡᠰᠭᠦᠢ᠂ ᠴᠤᠭᠴᠢᠨ ᠷᠤᠸᠠᠼᠠᠩ ᠤᠨ ᠭᠡᠰᠭᠦᠢ᠂ ᠳ᠋ᠠ ᠯᠠᠮᠠ ᠵᠡᠷᠭᠡ ᠶᠢᠨ ᠲᠤᠰᠢᠶᠠᠯ ᠢ ᠬᠠᠷᠢᠭᠤᠴᠠᠵᠦ ᠪᠠᠶᠢᠵᠠᠢ᠃      ᠴᠢᠯᠦᠭᠡᠯᠡᠭᠳᠡᠭᠰᠡᠨ ᠤ ᠲᠠᠷᠠᠭ᠎ᠠ ᠵᠢᠮᠪᠡ ᠭᠤᠸᠠᠢ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠬᠡᠰᠢᠭᠦᠨ᠂ ᠪᠠᠶᠢᠩᠭᠤ ᠶᠢᠨ ᠬᠡᠰᠢᠭᠦᠨ᠂ ᠦᠪᠦᠷ ᠮᠤᠩᠭᠤᠯ ᠤᠨ ᠱᠠᠰᠢᠨ ᠰᠤᠷᠳᠠᠬᠤᠨ ᠤ ᠨᠡᠶᠢᠭᠡᠮᠯᠢᠭ ᠤᠨ ᠭᠤᠷᠪᠠᠳᠤᠭᠠᠷ ᠬᠤᠭᠤᠴᠠᠭᠠᠨ ᠤ ᠬᠡᠷᠡᠭ ᠡᠷᠬᠢᠯᠡᠭᠴᠢᠳ ᠤᠨ ᠬᠡᠰᠢᠭᠦᠨ᠂ ᠤᠯᠠᠭᠠᠨᠴᠠᠪ ᠠᠶᠢᠮᠠᠭ ᠤᠨ ᠤᠯᠤᠰ ᠲᠦᠷᠦ ᠶᠢᠨ ᠵᠦᠪᠯᠡᠯᠭᠡᠨ ᠤ ᠲᠠᠪᠤᠳᠤᠭᠠᠷ ᠬᠤᠭᠤᠴᠠᠭᠠᠨ ᠤ ᠬᠡᠰᠢᠭᠦᠨ ᠵᠢᠴᠢ ᠪᠠᠶᠢᠩᠭᠤ ᠶᠢᠨ ᠭᠡᠰᠢᠭᠦᠨ ᠵᠡᠷᠭᠡ ᠲᠤᠰᠢᠶᠠᠯ ᠢ ᠬᠠᠷᠢᠭᠤᠴᠠᠵᠦ ᠦᠩᠭᠡᠷᠡᠵᠠᠢ᠃      1951 ᠤᠨ ᠳᠤ᠂ ᠵᠢᠮᠪᠡ ᠭᠤᠸᠠᠢ ᠬᠤᠰᠢᠭᠤᠨ ᠤ ᠨᠠᠮ ᠵᠠᠰᠠᠭ ᠤᠨ ᠵᠦᠪᠰᠢᠶᠠᠷᠡᠯ ᠢᠶᠠᠷ ᠮᠤᠩᠭᠤᠯ ᠡᠮᠨᠡᠯᠭᠡ  ᠶᠢᠨ ᠬᠤᠷᠢᠶ᠎ᠡ ᠪᠠᠶᠢᠭᠤᠯᠵᠦ ᠦᠪᠡᠷ ᠢᠶᠠᠨ ᠬᠤᠷᠢᠶᠠᠨ ᠲᠠᠷᠤᠭ᠎ᠠ ᠶᠢᠨ ᠲᠤᠰᠢᠶᠠᠯ ᠢ ᠬᠠᠷᠢᠭᠤᠴᠠᠵᠦ ᠪᠠᠶᠢᠪᠡ᠃ ᠵᠢᠮᠪᠡ ᠭᠤᠸᠠᠢ ᠳᠤ ᠲᠠᠩ ᠢᠶᠠᠷ ᠡᠮᠨᠡᠬᠦ᠂ ᠲᠠᠯᠬ᠎ᠠ ᠪᠠᠷ ᠡᠮᠨᠡᠬᠦ᠂ ᠲᠦᠬᠡᠨᠡᠬᠦ᠂ ᠬᠠᠨᠠᠬᠤ᠂ ᠬᠠᠳᠬᠤᠬᠤ᠂ ᠴᠢᠨᠠᠮᠠᠯ ᠡᠮ ᠢᠶᠠᠷ ᠵᠠᠰᠠᠬᠤ᠂ ᠵᠦᠭᠡᠯᠡᠨ ᠲᠤᠭᠤᠯᠭᠠᠬᠤ᠂ ᠬᠠᠳᠠᠭᠤ ᠲᠤᠭᠤᠯᠭᠠᠬᠤ᠂ ᠲᠦᠪᠳᠤᠭᠡᠬᠦ᠂ ᠲᠦᠷᠬᠢᠬᠦ᠂ ᠦᠷᠢᠯ ᠢᠶᠠᠷ ᠵᠠᠰᠠᠬᠤ᠂ ᠲᠤᠰᠤᠨ ᠡᠮ  ᠢᠶᠠᠷ ᠵᠠᠰᠠᠬᠤ᠂ ᠵᠦᠭᠡᠯᠡᠨ ᠪᠦᠭᠡᠯᠵᠢᠭᠦᠯᠬᠦ᠂ ᠬᠠᠳᠠᠭᠤ ᠪᠦᠭᠡᠯᠵᠢᠭᠦᠯᠬᠦ ᠵᠡᠷᠭᠡ ᠡᠪᠡᠳᠴᠢᠨ ᠵᠠᠰᠠᠬᠤ ᠠᠷᠪᠠᠨ ᠨᠠᠢᠮᠠᠨ ᠵᠦᠢᠯ  ᠤᠨ ᠠᠷᠭ᠎ᠠ ᠪᠠᠶᠢᠳᠠᠭ᠃ ᠵᠢᠮᠪᠡ ᠭᠤᠸᠠᠢ ᠡᠲᠡᠭᠡᠷ ᠦᠪᠡᠷᠮᠢᠴᠡ ᠤᠨᠴᠠᠯᠢᠭ ᠲᠠᠢ ᠠᠷᠭ᠎ᠠ ᠪᠠᠷ ᠢᠶᠠᠨ ᠲᠠᠮᠪᠠᠷᠠᠬᠰᠡᠨ ᠡᠪᠡᠳᠴᠢᠨ᠂ ᠦᠮᠡᠨ ᠡᠪᠡᠳᠴᠢᠨ᠂ ᠲᠦᠷᠪᠠᠨ ᠮᠦᠴᠢ ᠨᠢ ᠠᠳᠤᠷᠢᠬᠰᠡᠨ ᠵᠡᠷᠭᠡ ᠬᠦᠨᠲᠦ ᠡᠪᠡᠳᠴᠢᠲᠡᠨ ᠢ ᠮᠠᠰᠢ ᠤᠯᠠᠨ ᠵᠠᠰᠠᠨ ᠡᠲᠡᠭᠡᠷᠡᠭᠦᠯᠵᠦ᠂ ᠬᠤᠯᠡ ᠤᠶᠢᠷ᠎ᠡ ᠳᠠᠭᠠᠨ ᠨᠠᠷ᠎ᠡ ᠠᠯᠳᠠᠷᠰᠢᠬᠰᠡᠨ ᠪᠠᠶᠢᠨ᠎ᠡ᠃      1981 ᠤᠨ ᠳᠤ᠂ ᠨᠠᠰᠤᠨ ᠰᠡᠭᠦᠳᠡᠷ ᠲᠠᠯᠠᠨ ᠲᠦᠷᠪᠠᠳᠠᠢ ᠵᠢᠮᠪᠠᠵᠠᠮᠰᠦ ᠭᠤᠸᠠᠢ ᠡᠪᠡᠳᠴᠢᠨ ᠢᠶᠠᠷ ᠪᠠᠳᠤᠬᠠᠭᠠᠯᠭ᠎ᠠ ᠰᠦᠮ᠎ᠡ ᠳᠤ ᠨᠠᠰᠦ ᠪᠠᠷᠠᠪᠡ᠃                                                                     ︽ᠪᠠᠳᠤᠬᠠᠭᠠᠯᠭ᠎ᠠ ᠰᠦᠮ᠎ᠡ︾ ᠨᠤᠮ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号