ᠠᠳᠤᠭᠤᠨ ᠤ ᠲᠤᠬᠠᠢ ᠴᠡᠭᠡᠷ ᠶᠣᠰᠤᠨ
ᠨᠡᠶᠢᠲᠡᠯᠡᠭᠰᠡᠨ ᠴᠠᠭ᠄
2019-03-27
     ᠮᠣᠩᠭᠤᠯᠴᠣᠳ ᠪᠤᠷᠤᠭᠤ ᠲᠠᠯ᠎ᠠ ᠶᠢᠨ ᠲᠠᠮᠠᠭ᠎ᠠ ᠪᠤᠯ ︽ᠪᠠᠷᠠᠭᠲᠠᠵᠤ ᠶᠠᠲᠠᠭᠤᠷᠠᠬᠤ ᠶᠢᠨ ᠲᠡᠮᠲᠡᠭ︾ ᠭᠡᠵᠤ ᠦᠵᠡᠲᠡᠭ ᠪᠤᠯᠬᠤᠷ ᠠᠲᠤᠭᠤᠨ ᠳᠤ ᠪᠤᠷᠤᠭᠤ ᠲᠠᠯ᠎ᠠ ᠶᠢᠨ ᠲᠠᠰᠢᠶᠠᠨ ᠲᠡᠭᠡᠷ᠎ᠠ ᠨᠢ ᠲᠠᠮᠠᠭ᠎ᠠ ᠲᠠᠷᠤᠳᠠᠭ ᠦᠭᠡᠢ᠃      ᠠᠲᠤᠭᠤᠨ ᠤ ᠲᠠᠮᠠᠭ᠎ᠠ ᠪᠠᠨ ᠭᠠᠳᠠᠨ᠎ᠠ ᠠᠲᠡ ᠲᠡᠨᠲᠡ ᠬᠠᠶᠠᠬᠤ ᠶᠢ ᠴᠡᠭᠡᠷᠯᠡᠵᠤ᠂ ᠵᠠᠪᠠᠯ ᠮᠤᠩᠭᠤᠯ ᠭᠡᠷ ᠤᠨ ᠢᠶᠠᠨ ᠬᠤᠶᠢᠲᠤ ᠲᠠᠯ᠎ᠠ ᠶᠢᠨ ᠤᠨᠢᠨ ᠳᠤᠨᠢ ᠬᠠᠲᠠᠭ ᠪᠦᠰ ᠢᠶᠠᠷ ᠤᠷᠢᠶᠠᠵᠤ ᠬᠠᠪᠴᠢᠭᠤᠯᠤᠨ ᠬᠠᠲᠠᠭᠠᠯᠠᠨ᠎ᠠ᠃      ᠠᠲᠤᠭᠤ ᠲᠠᠮᠠᠭᠠᠯᠠᠬᠤ ᠥᠶ᠎ᠠ ᠳᠤ ᠭᠡᠷᠡᠭᠦᠯ ᠵᠤᠲᠤᠭᠠᠨ ᠬᠢᠬᠦ ᠶᠢ ᠴᠡᠭᠡᠷᠯᠡᠨ᠂ ᠪᠡᠯᠭᠡ ᠮᠠᠭᠤᠳᠠᠢ ᠭᠡᠵᠤ ᠦᠵᠡᠲᠡᠭ᠃ ᠬᠠᠶᠢᠷᠠᠲᠠᠢ ᠠᠭᠲᠠ ᠮᠤᠷᠢ ᠪᠠ ᠤᠩᠭᠤᠯᠠᠵᠤ ᠲᠠᠷᠬᠠᠯᠠᠬᠰᠠᠨ ᠮᠤᠷᠢᠳ ᠢᠶᠠᠨ ᠬᠤᠲᠠᠯᠲᠤᠨ ᠶᠠᠪᠤᠭᠤᠯᠬᠤ ᠶᠢ ᠤᠨᠴᠠ ᠬᠢᠴᠢᠶᠡᠵᠤ᠂ ᠦᠬᠦᠨ ᠦᠬᠦᠲᠡᠯ᠎ᠡ ᠲᠤᠲᠤᠮᠲᠠᠨ ᠠᠷᠠᠴᠢᠯᠠᠲᠠᠭ᠃ ᠭᠡᠭᠡᠷ᠎ᠡ ᠬᠦᠲᠡᠭᠡ ᠶᠠᠪᠤᠵᠤ ᠪᠠᠶᠢᠬᠤ ᠳᠤ ᠠᠳᠤᠭᠤᠨ ᠤ ᠬᠢᠯᠭᠠᠰᠤ ᠪᠠᠷ ᠬᠤᠯᠪᠤᠯᠲᠤᠭᠰᠠᠨ ᠬᠤᠮᠤᠯ ᠲᠠᠭᠠᠷᠠᠪᠠᠯ ᠲᠡᠭᠦᠵᠤ ᠠᠪᠤᠭᠠᠳ ᠮᠤᠩᠭᠤᠯ ᠭᠡᠷ ᠤᠨ ᠬᠠᠨ᠎ᠠ ᠶᠢᠨ ᠲᠤᠯᠤᠭᠠᠢ ᠠᠴᠠ ᠡᠯᠭᠦᠵᠤ ᠬᠠᠲᠠᠭᠠᠯᠠᠲᠠᠭ᠃ ᠡᠭᠦᠨ ᠢᠶᠠᠨ ᠠᠲᠤᠭᠤ ᠦᠷᠡᠵᠢᠬᠦ ᠶᠢᠨ ᠪᠡᠯᠭᠡ ᠲᠡᠮᠪᠡᠷᠢᠯ ᠢᠶᠠᠷ ᠦᠵᠡᠲᠡᠭ᠃      ᠮᠤᠩᠭᠤᠯᠴᠤᠳ ᠮᠤᠷᠢᠨ ᠳᠠᠭᠠᠨ ᠮᠤᠷᠲᠠᠬᠤ ᠳᠤ ᠬᠡᠵᠢᠶ᠎ᠡ ᠴᠤ ᠵᠦᠪᠲᠠᠢ ᠲᠠᠯ᠎ᠠ ᠠᠴᠠ ᠨᠢ ᠮᠤᠷᠲᠠᠵᠤ᠂ ᠵᠦᠪᠲᠠᠢ ᠲᠠᠯ᠎ᠠ ᠤᠷᠤᠭᠤ ᠨᠢ ᠪᠠᠭᠤᠲᠠᠭ᠃      ᠠᠲᠤᠭᠤ ᠶᠢ ᠨᠠᠮᠤᠷ ᠤᠨ ᠨᠠᠢᠮᠠᠨ ᠰᠠᠷ᠎ᠠ ᠶᠢᠨ ᠰᠢᠨᠡᠳ ᠢᠶᠠᠷ ︽ᠨᠠᠮᠤᠷ ᠤᠨ ᠲᠠᠯᠠᠯᠭ᠎ᠠ ᠠᠪᠴᠤ ᠨᠤᠮ ᠤᠩᠰᠢᠬᠤ︾ ᠦᠶ᠎ᠡ ᠳᠤ ᠲᠡᠭᠷᠢ ᠳᠤ ᠰᠡᠲᠡᠷᠯᠡᠲᠡᠭ᠃ ᠰᠡᠲᠡᠷᠯᠡᠭᠦ ᠠᠲᠤᠭᠤᠨ ᠳᠠᠭᠠᠨ ᠠᠬᠢ ᠬᠦᠵᠢ ᠶᠢᠨ ᠰᠠᠩ ᠤᠣᠬᠢᠭᠤᠯᠬᠤ ᠶᠢᠨ ᠬᠠᠮᠲᠤ ᠷᠠᠰᠢᠶᠠᠯᠠᠵᠤ᠂ ᠰᠡᠲᠡᠷ ᠢᠶᠠᠨ ᠵᠡᠬᠦᠯᠭᠡᠵᠤ᠂ ᠰᠦ ᠰᠠᠭᠠᠯᠢ ᠪᠠᠷ ᠮᠢᠯᠢᠶᠠᠭᠠᠳ ᠦᠩᠭᠡ ᠵᠢᠰᠦᠮ᠂ ᠨᠠᠰᠤ ᠵᠢᠯ ᠢ ᠨᠢ ᠲᠠᠭᠤᠲᠠᠨ ᠠᠴᠢ ᠭᠠᠪᠢᠶ᠎ᠠ ᠶᠢ ᠨᠢ ᠮᠠᠭᠲᠠᠵᠤ᠂ ᠲᠡᠭᠷᠢ ᠳᠤ ᠲᠠᠭᠠᠳᠬᠠᠭᠠᠳ ᠰᠦᠷᠦᠭ ᠲᠤᠨᠢ ᠲᠠᠯᠪᠢᠲᠠᠭ᠃ ᠤᠩᠭᠤᠨ ᠲᠠᠷᠬᠠᠨ ᠠᠲᠤᠭᠤᠨ ᠤ ᠪᠠᠨ ᠲᠠᠯ ᠰᠡᠭᠦᠯ ᠠᠴᠠ ᠠᠪᠴᠤ᠂ ᠬᠠᠲᠠᠭ ᠲᠤ ᠪᠤᠭᠤᠵᠤ᠂ ᠬᠠᠨ᠎ᠠ ᠶᠢᠨ ᠲᠤᠯᠤᠭᠠᠢ ᠳᠤ ᠡᠯᠬᠦᠨ ᠲᠠᠬᠢᠵᠤ᠂ ᠬᠠᠶᠢᠷᠠᠲᠠᠢ ᠮᠠᠯ ᠤᠨ ᠢᠶᠠᠨ ᠠᠴᠢ ᠲᠤᠰᠠ ᠶᠢ ᠲᠤᠷᠠᠰᠤᠨ ᠮᠦᠷᠦᠭᠡᠳᠭᠦ ᠰᠡᠳᠬᠢᠯ ᠢᠶᠠᠨ ᠢᠯᠡᠳᠭᠡᠳᠡᠭ᠃
 
ᠢᠷᠡᠯᠲᠡ᠄ ᠦᠪᠦᠷ ᠮᠤᠩᠭᠤᠯ ᠤᠷᠤᠨ ᠤ ᠪᠠᠶᠢᠲᠡᠯ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号