ᠲᠡᠭᠷᠢ ᠶᠢ ᠰᠢᠳᠦᠭᠦ ᠶᠤᠰᠤᠨ ᠪᠤᠶᠦ ᠴᠡᠭᠡᠷ
ᠨᠡᠶᠢᠲᠡᠯᠡᠭᠰᠡᠨ ᠴᠠᠭ᠄
2019-03-20
     1. ᠮᠤᠩᠭᠤᠯᠴᠤᠳ ᠡᠷᠲᠡ ᠲᠡᠭᠡᠲᠦ ᠠᠴᠠ ᠲᠡᠭᠷᠢ ᠶᠢ ᠰᠢᠳᠤᠨ ᠲᠡᠭᠡᠳᠤᠯᠡᠲᠡᠭ ᠵᠠᠩᠰᠢᠯ ᠲᠠᠢ᠃ ᠲᠡᠭᠷᠢ ᠳᠤ ᠠᠮᠠ ᠭᠠᠷᠬᠤ ᠶᠢ ᠴᠡᠭᠡᠷᠯᠡᠨ᠎ᠡ᠃ ᠲᠡᠭᠷᠢ ᠶᠢ ︽ᠲᠡᠭᠷᠢ ᠠᠪᠤ︾ ᠭᠡᠮᠡᠨ ᠬᠦᠨᠳᠦᠳᠭᠡᠨ ᠰᠢᠳᠤᠲᠡᠭ ᠵᠠᠩᠰᠢᠯ ᠲᠠᠢ᠃      2. ᠮᠤᠩᠭᠤᠯ ᠬᠦᠮᠦᠨ ᠶᠡᠷᠦ ᠠᠴᠠ ᠢᠲᠡᠭᠡᠨ ᠤ ᠲᠡᠭᠡᠵᠢ ᠪᠦᠬᠦᠨ ᠢ ᠵᠡᠪᠡᠯ ᠤᠷᠢᠳ ᠢᠶᠠᠷ ᠲᠡᠭᠷᠢ ᠳᠤ ᠡᠷᠭᠦᠲᠡᠭ ᠵᠠᠩᠰᠢᠯ ᠲᠠᠢ᠃ ᠴᠠᠭᠠᠨ ᠢᠲᠡᠭᠡ ᠶᠢ ᠵᠡᠪᠡᠯ ᠬᠦᠭᠡ ᠲᠡᠭᠷᠢ᠂ ᠬᠦᠷᠦᠰᠦᠲᠦ ᠲᠡᠯᠡᠭᠡᠢ᠂ ᠡᠪᠦᠭᠡ ᠲᠡᠭᠡᠳᠦᠰ  ᠲᠡᠭᠡᠨ ᠡᠷᠭᠦᠨ ᠲᠡᠭᠡᠳᠤᠯᠡᠲᠡᠭ ᠵᠠᠩᠰᠢᠯ ᠲᠠᠢ ᠶᠤᠮ᠃ ᠲᠡᠭᠷᠢ ᠶᠢ ᠶᠡᠷᠦ ᠠᠴᠠ ᠶᠡᠷᠠ ᠶᠢᠰᠦᠨ ᠲᠡᠭᠷᠢ ᠬᠡᠮᠡᠨ ᠨᠡᠷᠡᠯᠡᠲᠡᠭ᠃ ᠴᠠᠭᠠᠨ ᠢᠲᠡᠭᠡ ᠶᠢ ᠦᠪᠡᠷ ᠢᠶᠠᠨ ᠠᠮᠰᠠᠬᠤ ᠠᠴᠠ ᠡᠮᠦᠨ᠎ᠡ ᠲᠡᠭᠡᠭᠰᠢ ᠭᠤᠷᠪᠠᠨᠲᠡ ᠰᠡᠷᠵᠢᠮᠯᠠᠵᠦ ᠪᠠᠶᠢᠭ᠎ᠠ ᠨᠢ ᠲᠡᠭᠡᠷᠡᠬᠢ ᠶᠤᠰᠤ ᠵᠠᠩᠰᠢᠯ ᠢ ᠬᠡᠯᠡᠵᠦ ᠪᠠᠶᠢᠭ᠎ᠠ ᠶᠤᠮ᠃      3. ᠮᠤᠩᠭᠤᠯ ᠬᠦᠮᠦᠨ ᠲᠡᠭᠷᠢ ᠠᠴᠠ ᠪᠤᠶᠠᠨ ᠬᠡᠰᠢᠭ᠂ ᠰᠠᠶᠢᠨ ᠰᠠᠶᠢᠬᠠᠨ ᠢ ᠬᠦᠰᠡᠨ᠂ ᠲᠡᠭᠷᠢ ᠳᠤ ᠲᠠᠩᠭᠠᠷᠢᠭ ᠲᠠᠯᠪᠢᠳᠠᠭ ᠶᠤᠰᠤ ᠵᠠᠩᠰᠢᠯ ᠲᠠᠢ ᠶᠤᠮ᠃ ᠰᠢᠨ᠎ᠡ ᠬᠤᠷᠢᠮᠯᠠᠭᠰᠡᠨ ᠬᠤᠶᠠᠷ ᠤᠷᠢᠳ ᠢᠶᠠᠷ ᠲᠡᠭᠷᠢ ᠳᠤ ᠮᠦᠷᠬᠦᠲᠡᠭ᠂ ᠲᠡᠭᠷᠢ ᠳᠤ ᠠᠮᠠᠯᠳᠤᠵᠦ ᠦᠨᠢᠲᠡ ᠶᠢᠨ ᠵᠠᠶᠠᠭ᠎ᠠ ᠪᠠᠨ ᠬᠤᠯᠪᠤᠳᠠᠭ᠂ ᠲᠡᠭᠷᠢ ᠶᠠᠭᠤᠮ᠎ᠡ ᠪᠦᠬᠦᠨ ᠢ ᠦᠵᠡᠲᠡᠭ ︽ᠲᠡᠭᠷᠢ ᠲᠦᠮᠡᠨ ᠨᠢᠲᠦ ᠲᠠᠢ︾ ᠬᠡᠮᠡᠨ ᠰᠦᠯᠦᠭᠯᠡᠨ ᠲᠡᠭᠡᠳᠤᠯᠡᠲᠡᠭ ᠵᠠᠩᠰᠢᠯ ᠲᠠᠢ ᠶᠤᠮ᠃      4. ᠮᠤᠩᠭᠤᠯᠴᠤᠳ ᠡᠷᠲᠡ ᠲᠡᠭᠡᠳᠦᠰ ᠠᠴᠠ ᠠᠪᠤᠭᠠᠳ ᠴᠠᠭᠠᠨ ᠰᠠᠷ᠎ᠡ ᠶᠢᠨ ᠰᠢᠨ᠎ᠡ ᠶᠢᠨ ᠨᠢᠭᠡᠨ ᠳᠤ ᠲᠡᠭᠷᠢ  ᠳᠤ ᠮᠦᠷᠭᠦᠲᠡᠭ ᠵᠠᠩᠰᠢᠯ ᠲᠠᠢ᠃ ᠬᠠᠮᠤᠭ ᠤᠨ ᠲᠡᠷᠢᠭᠦᠨ ᠳᠤ ᠲᠡᠭᠡᠲᠦ ᠲᠡᠭᠷᠢ ᠳᠡᠭᠡᠨ ᠵᠤᠯᠭᠠᠳᠠᠭ ᠤᠴᠢᠷ ᠪᠠᠶᠢᠭ᠎ᠠ ᠶᠤᠮ᠃      5. ᠮᠤᠩᠭᠤᠯᠴᠤᠳ ᠮᠠᠯ ᠢᠶᠠᠨ ᠰᠡᠲᠡᠷᠯᠡᠬᠦ ᠳᠤ ᠲᠡᠭᠷᠢ ᠳᠤ ᠰᠡᠳᠡᠷᠯᠡᠬᠦ ᠵᠠᠩᠰᠢᠯ ᠲᠠᠢ᠃ ᠲᠡᠭᠷᠢ ᠳᠤ ᠰᠡᠳᠠᠷᠯᠡᠭᠰᠡᠨ ᠮᠠᠯ ᠢ ᠤᠩᠭᠤᠯᠠᠵᠦ᠂ ᠨᠠᠰᠤᠨ ᠲᠤᠷᠰᠢᠲᠡ ᠨᠢ ᠠᠯᠠᠬᠤ ᠦᠭᠡᠢ᠂ ᠬᠤᠳᠠᠯᠳᠤᠬᠤ ᠦᠭᠡᠢ᠂ ᠴᠤᠬᠢᠵᠦ ᠵᠤᠳᠤᠬᠤ ᠦᠭᠡᠢ᠂ ᠬᠡᠷᠪᠡ ᠤᠨᠤᠵᠦ ᠡᠳ᠋ᠯᠡᠬᠦ ᠤᠴᠢᠷ ᠲᠠᠢ ᠪᠤᠯ ᠲᠡᠭᠷᠢ ᠳᠤ ᠮᠦᠷᠭᠦᠨ ᠬᠡᠯᠡᠵᠦ ᠪᠠᠶᠢᠵᠦ ᠤᠨᠤᠵᠦ ᠡᠳ᠋ᠯᠡᠲᠡᠭ ᠶᠤᠰᠤ ᠲᠠᠢ᠃ ᠡᠮᠡᠭᠲᠠᠢ ᠬᠦᠮᠦᠨ ᠤᠨᠤᠬᠤ ᠶᠢ ᠲᠡᠰᠦ ᠴᠡᠭᠡᠷᠯᠡᠨ᠎ᠡ᠃      6. ᠮᠤᠩᠭᠤᠯᠴᠤᠳ ᠤᠨ ᠲᠠᠯᠠᠯᠭ᠎ᠠ ᠶᠢᠨ ᠨᠠᠶᠢᠷ ᠪᠤᠯᠤᠨ ᠰᠠᠴᠤᠯᠢ ᠡᠷᠭᠦᠭᠦ ᠨᠠᠶᠢᠷ ᠪᠤᠯ ᠲᠡᠭᠷᠢ ᠳᠡᠭᠡᠨ ᠲᠠᠭᠠᠳᠬᠠᠵᠦ᠂ ᠪᠤᠶᠠᠨ ᠬᠡᠰᠢᠭ ᠬᠠᠶᠢᠷᠠᠯᠠᠬᠤ ᠶᠢ ᠬᠦᠰᠡᠨ ᠡᠷᠡᠮᠠᠯᠵᠡᠯᠡᠵᠦ ᠪᠠᠶᠢᠭ᠎ᠠ ᠤᠴᠢᠷ ᠶᠤᠮ᠃ ᠲᠡᠭᠷᠢ ᠲᠤᠩᠭᠠᠯᠠᠭ ᠰᠠᠶᠢᠬᠠᠨ ᠡᠳᠤᠷ ᠪᠤᠯᠪᠡᠯ ︽ᠲᠡᠭᠷᠢ ᠵᠤᠬᠢᠷᠠᠵᠦ ᠪᠠᠶᠢᠨ᠎ᠡ︾᠂ ᠴᠠᠰᠦ ᠤᠷᠤᠵᠦ ᠰᠢᠭᠤᠷᠭᠠᠯᠠᠪᠡᠯ ︽ᠲᠡᠭᠷᠢ ᠵᠤᠳᠯᠠᠵᠦ ᠪᠠᠶᠢᠨ᠎ᠡ︾᠂ ᠪᠤᠷᠤᠭᠠᠨ ᠤᠷᠤᠵᠦ ᠠᠶᠤᠩᠭ᠎ᠠ ᠲᠤᠤᠭᠠᠷᠬᠤ ᠶᠢ ︽ᠲᠡᠭᠷᠢ ᠲᠤᠤᠭᠠᠷᠴᠦ ᠪᠠᠶᠢᠨ᠎ᠡ︾ ᠭᠡᠳ ᠪᠦᠷᠬᠦᠭ ᠬᠦᠢᠲᠡᠨ ᠪᠤᠯᠪᠡᠯ ︽ᠲᠡᠭᠷᠢ ᠶᠢᠨ ᠴᠢᠷᠠᠢ ᠪᠠᠷᠤᠶᠢᠵᠦ ᠪᠠᠶᠢᠨ᠎ᠡ︾ ᠬᠡᠭᠦ ᠮᠡᠲᠦ ᠪᠠᠷ ᠬᠡᠯᠡᠲᠡᠭ᠃ ᠶᠡᠷᠦ ᠠᠴᠠ ᠲᠡᠭᠷᠢ ᠶᠢ ᠬᠠᠷᠢᠶᠠᠬᠤ ᠪᠤᠶᠦ ᠲᠡᠭᠷᠢ ᠳᠤ ᠠᠭᠤᠷᠯᠠᠵᠦ ᠤᠴᠠᠭᠠᠷᠯᠠᠬᠤ ᠶᠢ ᠴᠡᠭᠡᠷᠯᠡᠨ᠎ᠡ᠃                                 ︽ᠮᠤᠩᠭᠤᠯᠴᠤᠳ ᠤᠨ ᠤᠯᠠᠮᠵᠢᠯᠠᠯᠲᠦ ᠨᠡᠭᠦᠲᠡᠯ ᠮᠠᠯᠵᠢᠯ ᠳᠠᠬᠢ                                 ᠴᠡᠭᠡᠷ ᠬᠤᠷᠢᠭ᠎ᠠ ᠪᠤᠯᠤᠨ ᠶᠤᠰᠤ ᠵᠠᠩᠰᠢᠯ︾ ᠨᠤᠮ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号