| 1. ᠪᠢᠲᠡᠭᠦᠨ ᠳᠤ ᠰᠡᠪᠡ ᠰᠠᠭᠤᠯᠠᠭ᠎ᠠ ᠪᠠᠨ ᠪᠦᠷ ᠲᠦᠭᠦᠷᠭᠡᠵᠦ ᠲᠠᠯᠪᠢᠳᠠᠭ ᠵᠠᠩᠰᠢᠯ ᠲᠠᠢ︔ ᠬᠠᠷᠢᠨ | ᠬᠤᠭᠤᠰᠤᠨ ᠲᠠᠯᠪᠢᠬᠤ ᠶᠢ ᠴᠡᠭᠡᠷᠯᠡᠨ᠎ᠡ᠃ | 2. ᠪᠢᠲᠡᠭᠦᠨ ᠳᠤ ᠵᠠᠪᠡᠯ ᠪᠢᠲᠡᠭᠦᠦ ᠬᠤᠭᠤᠯᠡ ᠢᠲᠡᠳᠡᠭ ᠵᠠᠩᠰᠢᠯ ᠲᠠᠢ᠃ ᠪᠠᠰᠡ ᠴᠦ ᠬᠡᠦᠭᠡᠳ ᠢᠶᠠᠨ ᠰᠠᠶᠢᠨ | ᠢᠲᠡᠭᠦᠯᠲᠡᠭ ᠶᠤᠮ᠃ ︽ᠪᠢᠲᠡᠭᠦᠨ ᠳᠤ ᠪᠢᠲᠡᠭᠦᠷᠡᠲᠡᠯᠡ ᠪᠠᠨ ᠢᠲᠡ︾ ᠭᠡᠵᠦ ᠬᠡᠯᠡᠲᠡᠭ᠃ | 3. ᠪᠢᠲᠡᠭᠦᠨ ᠳᠤ ᠤᠶᠢᠯᠡ ᠤᠳᠠᠰᠦ ᠶᠠᠭᠤᠮ᠎ᠡ ᠪᠠᠨ ᠵᠠᠪᠡᠯ ᠪᠢᠲᠡᠭᠦᠯᠡᠵᠦ ᠲᠠᠯᠪᠢᠳᠠᠭ ᠵᠠᠩᠰᠢᠯ ᠲᠠᠢ᠃ ᠰᠤᠯᠡ | ᠵᠠᠳᠠᠭᠠᠢ ᠲᠠᠯᠪᠢᠬᠤ ᠶᠢ ᠴᠡᠭᠡᠷᠯᠡᠨ᠎ᠡ᠃ | 4. ᠪᠢᠲᠡᠭᠦᠨ ᠳᠤ ᠤᠤᠭᠤᠵᠦ ᠪᠠᠶᠢᠭᠰᠡᠨ ᠡᠮ ᠲᠠᠩ ᠢ ᠴᠦ ᠵᠡᠪᠡᠯ ᠪᠢᠲᠡᠭᠦᠯᠡᠵᠦ ᠲᠠᠯᠪᠢᠭᠠᠳ ᠰᠢᠨ᠎ᠡ ᠶᠢᠨ | ᠭᠤᠷᠪᠠᠨ ᠦᠩᠭᠡᠷᠡᠪᠡᠯ ᠰᠠᠶ᠋ᠢ ᠨᠡᠭᠡᠭᠡᠵᠦ ᠤᠤᠭᠤᠳᠠᠭ ᠵᠠᠩᠰᠢᠯ ᠲᠠᠢ᠃ ᠡᠮ ᠲᠠᠩ ᠤᠨ ᠵᠦᠢᠯ ᠵᠠᠳᠠᠭᠠᠢ ᠪᠠᠶᠢᠬᠤ ᠶᠢ | ᠴᠡᠭᠡᠷᠯᠡᠨ᠎ᠡ᠃ | 5. ᠪᠢᠲᠡᠭᠦᠨ ᠤ ᠰᠦᠨᠢ ᠬᠡᠷᠡᠯ ᠬᠡᠬᠡ ᠲᠠᠢ ᠬᠤᠨᠤᠳᠠᠭ᠃ ᠬᠠᠷᠠᠩᠭᠤᠢ ᠪᠠᠶᠢᠬᠤ ᠶᠢ ᠴᠡᠭᠡᠷᠯᠡᠨ᠎ᠡ᠃ | 6. ᠪᠢᠲᠡᠭᠦᠨ ᠳᠤ ᠨᠢᠭᠡ ᠰᠦᠨᠢ ᠱᠠᠭ᠎ᠠ ᠲᠤᠭᠯᠠᠵᠦ᠂ ᠰᠦᠨᠢᠵᠢᠨ ᠤᠨᠳᠠᠬᠤ ᠦᠭᠡᠢ ᠦᠩᠭᠡᠷᠡᠭᠡᠲᠡᠭ ᠵᠠᠩᠰᠢᠯ | ᠲᠠᠢ᠃ | 7. ᠪᠢᠲᠡᠭᠦᠨ᠂ ᠰᠢᠨ᠎ᠡ ᠶᠢᠨ ᠨᠢᠭᠡᠨ ᠳᠤ ᠠᠶᠢᠯ ᠳᠤ ᠬᠤᠨᠤᠬᠤ ᠶᠢ ᠴᠡᠭᠡᠷᠯᠡᠨ᠎ᠡ᠃ | 8. ᠪᠢᠲᠡᠭᠦᠨ ᠠᠴᠠ ᠡᠮᠦᠨ᠎ᠡ ᠠᠶᠢᠯ ᠠᠴᠠ ᠵᠢᠭᠡᠯᠡᠭᠰᠡᠨ ᠶᠠᠭᠤᠮ᠎ᠡ ᠪᠠᠶᠢᠪᠡᠯ ᠵᠠᠪᠠᠯ ᠪᠤᠴᠠᠭᠠᠵᠦ ᠦᠭᠲᠡᠭ | ᠵᠠᠩᠰᠢᠯ ᠲᠠᠢ᠃ ᠠᠶᠢᠯ ᠤᠨ ᠶᠠᠭᠤᠮ᠎ᠡ ᠶᠢ ᠭᠡᠷ ᠲᠡᠭᠡᠨ ᠰᠢᠨᠡᠯᠡᠭᠦᠯᠬᠦ ᠶᠢ ᠴᠡᠭᠡᠷᠯᠡᠨ᠎ᠡ᠃ | 9. ᠪᠢᠲᠡᠭᠦᠨ ᠤ ᠦᠲᠡᠰᠢ ᠬᠤᠲᠡ ᠤᠰᠤᠨ ᠤ ᠪᠠᠨ ᠠᠬᠠᠮᠠᠳ ᠲᠤᠮᠤᠭᠠᠳᠠᠨ ᠳᠤ ᠪᠢᠲᠡᠭᠦᠨ ᠤ ᠬᠤᠭᠤᠯᠡ | ᠬᠦᠷᠭᠡᠲᠡᠭ ᠵᠠᠩᠰᠢᠯ ᠲᠠᠢ᠃ | 10. ᠪᠢᠲᠡᠭᠦᠨ ᠤ ᠰᠦᠨᠢ ᠵᠠᠷᠢᠮ ᠭᠠᠵᠠᠷ ᠦᠩᠭᠡᠷᠡᠭᠰᠡᠨ ᠬᠦᠮᠦᠨ ᠤ ᠬᠤᠶᠢᠨ᠎ᠠ ᠠᠴᠠ ᠲᠤᠶ᠋ᠢᠩ ᠰᠢᠳᠠᠭᠠᠳᠠᠭ | ᠵᠠᠩᠰᠢᠯ ᠲᠠᠢ᠃ | | ︽ᠮᠤᠩᠭᠤᠯᠴᠤᠳ ᠤᠨ ᠤᠯᠠᠮᠵᠢᠯᠠᠯᠲᠦ ᠨᠡᠭᠦᠲᠡᠯ ᠮᠠᠯᠵᠢᠯ ᠳᠠᠬᠢ | ᠴᠡᠭᠡᠷ ᠬᠤᠷᠢᠭ᠎ᠠ ᠪᠤᠯᠤᠨ ᠶᠤᠰᠤ ᠵᠠᠩᠰᠢᠯ︾ ᠨᠤᠮ ᠠᠴᠠ ᠪᠠᠭᠤᠯᠭᠠᠪᠡ | |