ᠨᠠᠷᠡᠲᠦ ᠤᠪᠤᠭ᠎ᠠ ︵ᠲᠠᠷᠬᠠᠨ ᠪᠠᠶᠢᠯᠡ ᠶᠢᠨ︶
ᠨᠡᠶᠢᠲᠡᠯᠡᠭᠰᠡᠨ ᠴᠠᠭ᠄
2019-11-05
     ᠨᠠᠷᠡᠲᠦ ᠤᠪᠤᠭ᠎ᠠ ᠭᠡᠵᠦ ᠪᠠᠳᠤᠬᠠᠭᠠᠯᠭ᠎ᠠ ᠠᠴᠠ ᠬᠤᠶᠢᠰᠢ ᠬᠤᠷᠢᠭᠠᠳ ᠭᠠᠵᠠᠷ ᠤᠨ ᠵᠠᠶᠢᠳᠠᠢ ᠬᠠᠷᠠᠬᠳᠠᠬᠤ ᠦᠨᠳᠦᠷ ᠠᠭᠤᠯᠠ ᠶᠢᠨ ᠤᠷᠤᠢ ᠲᠡᠭᠡᠷᠡᠬᠢ ᠤᠪᠤᠭ᠎ᠠ ᠶᠢ ᠬᠡᠯᠡᠨ᠎ᠡ᠃ ᠲᠤᠰ ᠤᠪᠤᠭ᠎ᠠ ᠨᠢ ᠲᠠᠯᠠᠢ ᠶᠢᠨ ᠲᠦᠪᠰᠢᠨ ᠠᠴᠠ ᠲᠡᠭᠡᠭᠰᠢ 1506 ᠮᠧᠲᠷ ᠲᠤ ᠪᠤᠰᠬᠠᠬᠳᠠᠭᠰᠡᠨ ᠪᠠᠶᠢᠨ᠎ᠡ᠃      ᠨᠠᠷᠡᠲᠦ ᠤᠪᠤᠭ᠎ᠠ ᠪᠤᠯ 1653 ᠤᠨ ᠳᠤ᠂ ᠬᠠᠯᠬ᠎ᠠ ᠪᠠᠷᠠᠭᠤᠨ ᠭᠠᠷᠤᠨ ᠬᠤᠰᠢᠭᠤᠨ ᠤ ᠡᠷᠭᠡ ᠶᠢ ᠪᠠᠷᠢᠵᠦ ᠡᠵᠡᠨ ᠮᠡᠲᠡᠵᠦ ᠪᠠᠶᠢᠬᠰᠡᠨ ᠵᠠᠰᠠᠭ ᠨᠤᠶᠠᠨ ᠪᠤᠨᠳᠠᠷ ᠴᠢᠨ ᠸᠠᠩ ᠤᠨ ᠪᠠᠶᠢᠭᠤᠯᠤᠭᠰᠡᠨ ᠤᠪᠤᠭ᠎ᠠ ᠪᠤᠯᠤᠨ᠎ᠡ᠃ ᠡᠶᠢᠮᠦ  ᠠᠴᠠ ᠨᠡᠷᠡᠲᠦ ᠤᠪᠤᠭ᠎ᠠ ᠪᠤᠯ ᠲᠠᠷᠬᠠᠨ ᠪᠡᠶᠢᠯᠡ ᠶᠢᠨ ᠬᠤᠰᠢᠭᠤᠨ ᠤ ᠡᠨᠡ ᠨᠤᠳᠤᠭ ᠲᠤ ᠨᠡᠭᠦᠵᠦ ᠢᠷᠡᠭᠰᠡᠨ ᠤ ᠲᠠᠷᠠᠭ᠎ᠠ ᠪᠤᠰᠬᠠᠭᠰᠡᠨ ᠬᠠᠮᠤᠭ ᠤᠨ ᠠᠩᠬᠠᠨ ᠤ ᠤᠪᠤᠭ᠎ᠠ ᠪᠤᠯᠤᠨ᠎ᠡ᠃ ᠪᠠᠳᠤᠬᠠᠭᠠᠯᠭ᠎ᠠ ᠰᠦᠮ᠎ᠡ ᠨᠢ ᠪᠤᠨᠳᠠᠷ ᠴᠢᠨ ᠸᠠᠩ ᠤᠨ ᠡᠪᠤᠯᠵᠢᠶᠠᠨ ᠤ ᠭᠠᠵᠠᠷ ᠲᠤ ᠪᠠᠶᠢᠭᠤᠯᠤᠭᠳᠠᠭᠰᠡᠨ ᠨᠤᠨᠤᠢ ᠴᠢᠨ ᠸᠠᠩ ᠤᠨ ᠭᠠᠯ ᠭᠤᠯᠤᠮᠲᠡ ᠠᠴᠠ ᠤᠯᠠᠷᠢᠵᠦ ᠬᠦᠭᠵᠢᠵᠦ ᠢᠷᠡᠭᠰᠡᠨ ᠰᠦᠮ᠎ᠡ ᠪᠤᠯᠬᠤᠷ᠂ ᠪᠠᠳᠤᠬᠠᠭᠠᠯᠭ᠎ᠠ ᠰᠦᠮ᠎ᠡ ᠶᠢᠨ ᠬᠤᠰᠢᠭᠤ ᠰᠦᠮ᠎ᠡ ᠪᠤᠯᠤᠨ ᠬᠦᠭᠵᠢᠬᠦ ᠶᠢ ᠲᠠᠭᠠᠯᠳᠤᠨ ᠨᠠᠷᠡᠲᠦ ᠤᠪᠤᠭ᠎ᠠ ᠨᠢ ᠬᠤᠰᠢᠭᠤᠨ ᠤ ᠭᠤᠷᠪᠠᠨ ᠭᠤᠤᠯ ᠤᠪᠤᠭᠠᠨ ᠤ ᠨᠢᠭᠡ ᠪᠤᠯᠵᠦ ᠬᠤᠰᠢᠭᠤ ᠤᠪᠤᠭ᠎ᠠ ᠭᠡᠵᠦ ᠨᠡᠷᠡᠯᠡᠭᠲᠡᠬᠦ ᠪᠤᠯᠪᠡ᠃ ᠨᠠᠷᠡᠲᠦ ᠤᠪᠤᠭ᠎ᠠ ᠶᠢ ᠲᠠᠬᠢᠬᠤ ᠳᠤ ᠤᠭ ᠨᠢ ᠲᠤᠬᠳᠠᠭᠰᠡᠨ ᠴᠠᠭ ᠬᠤᠭᠤᠴᠠᠭ᠎ᠠ᠂ ᠡᠳᠤᠷ ᠰᠡᠷ᠎ᠡ ᠭᠡᠵᠦ ᠪᠠᠶᠢᠬᠰᠡᠨ ᠦᠭᠡᠢ᠃ ᠬᠤᠰᠢᠭᠤᠨ ᠤ ᠶᠡᠭᠡ ᠴᠢᠭᠤᠯᠭᠠᠨ ᠬᠡᠵᠢᠶ᠎ᠡ ᠪᠤᠯᠪᠡᠯ ᠲᠡᠷᠡ ᠦᠶ᠎ᠡ ᠳᠤ ᠨᠢ ᠤᠴᠢᠭᠠᠳ ᠤᠪᠤᠭ᠎ᠠ ᠪᠠᠨ ᠲᠠᠬᠢᠳᠠᠭ ᠪᠠᠶᠢᠪᠡ᠃ ᠲᠠᠬᠢᠯᠭ᠎ᠠ ᠶᠢ ᠬᠤᠰᠢᠭᠤᠨ ᠠᠴᠠ ᠤᠷᠢᠳ ᠢᠶᠠᠷ ᠬᠢᠬᠦ ᠪᠢᠰᠢ᠂ ᠬᠠᠷᠢᠨ ᠪᠠᠳᠤᠬᠠᠭᠠᠯᠭ᠎ᠠ ᠰᠦᠮ᠎ᠡ ᠶᠢᠨ ᠲᠠᠪᠤᠨ ᠷᠠᠰᠠᠩ ᠤᠨ ᠠᠷᠦ ᠲᠡᠯ᠎ᠡ᠂ ᠠᠵᠦ ᠠᠬᠤᠢ ᠶᠢ ᠬᠠᠮᠢᠶᠠᠷᠳᠠᠭ ᠲᠠᠪᠤᠨ ᠰᠠᠩ ᠠᠴᠠ ᠵᠢᠯ ᠪᠦᠷᠢ ᠤᠷᠢᠳ ᠢᠶᠠᠷ ᠲᠠᠬᠢᠳᠠᠭ ᠪᠠᠶᠢᠨ᠎ᠡ᠃ ᠡᠨᠡ ᠦᠶ᠎ᠡ ᠳᠤ ᠤᠪᠤᠭᠠᠨ ᠲᠠᠬᠢᠯᠭ᠎ᠠ ᠳᠤ ᠮᠤᠷᠢ᠂ ᠪᠦᠭᠡ ᠬᠡᠵᠦ ᠪᠠᠶᠢᠬᠤ ᠦᠭᠡᠢ ᠪᠠᠶᠢᠪᠡ᠃ ᠰᠠᠩ ᠤᠨ ᠨᠢᠷᠪᠡ ᠨᠠᠷ ᠬᠤᠨᠢᠨ ᠤ ᠰᠢᠭᠦᠰᠦ ᠵᠡᠷᠭᠡ ᠲᠠᠬᠢᠯ ᠤᠨ ᠵᠦᠢᠯᠡᠰ  ᠢᠶᠠᠨ ᠠᠪᠤᠭᠠᠳ ᠨᠠᠷᠡᠲᠦ ᠤᠪᠤᠭᠠᠨ ᠤ ᠪᠠᠷᠠᠭᠤᠨ ᠬᠤᠶᠢᠲᠦ ᠲᠡᠯ᠎ᠡ ᠮᠤᠷᠢ ᠲᠠᠢ ᠪᠠᠨ ᠤᠪᠤᠭᠠᠨ ᠲᠡᠭᠡᠷ᠎ᠡ ᠪᠠᠨ ᠭᠠᠷᠴᠦ᠂ ᠲᠠᠬᠢᠯ ᠢᠶᠠᠨ ᠡᠷᠭᠦᠭᠦ ᠶᠢᠨ ᠬᠠᠮᠲᠦ ᠲᠤᠯᠤᠳᠤᠭᠠᠷ ᠲᠦᠷᠢ ᠶᠢᠨ ᠲᠠᠯᠠᠢ ᠯᠠᠮᠠ ᠭᠠᠯᠰᠠᠩᠵᠠᠮᠰᠦ ᠶᠢᠨ ᠵᠤᠬᠢᠶᠠᠭᠰᠡᠨ ᠭᠠᠵᠠᠷ ᠤᠰᠤᠨ ᠤ ᠰᠠᠩ ᠢ ᠤᠩᠰᠢᠳᠠᠭ᠃ ᠡᠨᠡ ᠭᠠᠵᠠᠷ ᠤᠰᠤᠨ ᠤ ᠰᠠᠩ ᠢ ᠲᠠᠷᠬᠠᠨ ᠪᠡᠶᠢᠯᠡ ᠶᠢᠨ ᠬᠤᠰᠢᠭᠤᠨ ᠤ ᠪᠤᠢ ᠪᠦᠬᠦᠢ ᠤᠪᠤᠭᠠᠨ ᠲᠠᠬᠢᠯᠭ᠎ᠠ ᠳᠤ ᠤᠩᠰᠢᠬᠤ ᠪᠠᠷ ᠦᠯᠦ ᠪᠠᠷᠡᠨ᠂ ᠡᠩ ᠤᠨ ᠠᠶᠢᠯ ᠤᠳ ᠴᠦ ᠤᠩᠰᠢᠳᠠᠭ᠃      ᠲᠡᠭᠡᠷ᠎ᠡ ᠵᠠᠭᠤᠨ ᠤ ᠭᠤᠴᠢᠭᠠᠳ ᠤᠨ ᠤ ᠰᠡᠭᠦᠯᠴᠢ ᠪᠠᠷ᠂ ᠲᠠᠷᠬᠠᠨ ᠪᠡᠶᠢᠯᠡ ᠶᠢᠨ ᠬᠤᠰᠢᠭᠤᠨ ᠳᠤ ᠢᠷᠡᠵᠦ ᠨᠤᠮ ᠪᠢᠰᠢᠯᠭᠠᠯ ᠬᠢᠵᠦ ᠪᠠᠶᠢᠬᠰᠡᠨ ᠬᠦᠬᠡᠨᠠᠭᠤᠷ ᠤᠨ ᠭᠤᠯᠦ᠋ᠩ ᠬᠡᠶᠢᠳ ᠤᠨ ᠲᠦᠭᠦᠨ ᠭᠡᠭᠡᠨ ᠠᠴᠠ 1940 ᠤᠨ  ᠳᠤ᠂ ᠨᠠᠷᠡᠲᠦ ᠤᠪᠤᠭᠠᠨ ᠤ ᠰᠠᠪᠳᠠᠭ ᠢ ᠵᠢᠷᠤᠬᠤ ᠶᠢᠨ ᠬᠠᠮᠲᠦ ᠲᠤᠰᠬᠠᠶᠢᠯᠠᠨ ᠨᠠᠷᠡᠲᠦ ᠤᠪᠤᠭᠠᠨ ᠤ ᠲᠠᠬᠢᠯᠭ᠎ᠠ ᠶᠢᠨ ᠰᠠᠩ ᠢ ᠵᠤᠬᠢᠶᠠᠵᠠᠢ᠃ ᠲᠡᠭᠦᠨ ᠠᠴᠠ ᠡᠬᠢᠯᠡᠨ ᠨᠠᠷᠡᠲᠦ ᠤᠪᠤᠭ᠎ᠠ ᠶᠢ ᠲᠠᠬᠢᠬᠤ ᠳᠤ᠂ ᠦᠪᠡᠷ ᠤᠨ ᠬᠢᠨᠢ ᠲᠤᠰᠬᠠᠢ ᠰᠠᠩ  ᠢ ᠤᠩᠰᠢᠵᠦ᠂ ᠪᠢᠯᠢᠭ ᠤᠨ ᠤᠯᠠᠷᠢᠯ ᠤᠨ ᠲᠠᠪᠤᠨ ᠰᠡᠷ᠎ᠡ ᠶᠢᠨ ᠠᠷᠪᠠᠨ ᠭᠤᠷᠪᠠᠨ ᠤ ᠡᠳᠤᠷ ᠲᠤ ᠲᠠᠬᠢᠬᠤ ᠪᠤᠯᠭᠠᠪᠡ᠃ ᠡᠭᠦᠨ ᠠᠴᠠ ᠡᠬᠢᠯᠡᠨ ᠬᠠᠭᠤᠴᠢᠨ ᠵᠤᠷᠰᠢᠯ ᠢ ᠨᠢ ᠡᠪᠲᠡᠵᠦ ᠪᠦᠭᠡ ᠲᠠᠢ ᠮᠤᠷᠢ ᠲᠠᠢ ᠨᠠᠶᠢᠷ ᠬᠦᠭᠵᠢᠶᠠᠨ ᠲᠠᠢ ᠲᠠᠬᠢᠯᠭ᠎ᠠ ᠶᠠᠪᠤᠬᠳᠠᠭᠤᠯᠬᠤ ᠪᠤᠯᠪᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号