ᠮᠠᠩᠬ᠎ᠠ ᠶᠢᠨ ᠤᠪᠤᠭ᠎ᠠ
ᠨᠡᠶᠢᠲᠡᠯᠡᠭᠰᠡᠨ ᠴᠠᠭ᠄
2019-10-09
     ᠮᠠᠩᠬ᠎ᠠ ᠶᠢᠨ ᠤᠪᠤᠭ᠎ᠠ ᠭᠡᠵᠦ ᠰᠢᠨᠡᠪᠤᠯᠠᠭ ᠰᠤᠮᠤᠨ ᠤ ᠨᠠᠷᠠᠨᠪᠤᠯᠠᠭ ᠪᠤᠯᠤᠨ ᠰᠠᠷᠠᠭᠤᠯᠳᠠᠯ᠎ᠡ ᠬᠤᠶᠠᠷ ᠭᠠᠴᠠᠭᠠᠨ  ᠤ ᠠᠭᠤᠯᠵᠠᠷ᠂ ᠶᠡᠭᠡ ᠪᠠᠭ᠎ᠠ ᠬᠤᠶᠠᠷ ᠨᠠᠭᠤᠷ ᠤᠨ ᠬᠤᠭᠤᠷᠤᠨᠲᠦ᠂ ᠲᠡᠯ᠎ᠡ ᠶᠢᠨ ᠲᠤᠮᠲᠡ ᠬᠡᠨᠡᠳᠲᠡ ᠡᠷᠭᠦᠭᠲᠡᠭᠰᠡᠨ ᠦᠨᠦᠴᠢᠨ ᠲᠤᠪᠤᠷᠴᠠᠭ ᠤᠨ ᠤᠷᠤᠢ ᠲᠡᠭᠡᠷ᠎ᠡ ᠪᠠᠶᠢᠬᠤ ᠤᠪᠤᠭ᠎ᠠ ᠶᠢ ᠬᠡᠯᠡᠲᠡᠭ ᠶᠤᠮ᠃ ᠡᠨᠡ ᠤᠪᠤᠭ᠎ᠠ ᠪᠤᠯ ᠤᠤᠯ ᠤᠨ ᠮᠤᠤᠮᠢᠩᠭᠠᠨ ᠬᠤᠰᠢᠭᠤᠨ ᠤ ᠬᠤᠰᠢᠭᠤ ᠤᠪᠤᠭ᠎ᠠ ᠪᠤᠯᠤᠨ᠎ᠡ᠃      ᠮᠠᠩᠬ᠎ᠠ ᠶᠢᠨ ᠤᠪᠤᠭ᠎ᠠ ᠨᠢ ᠮᠠᠰᠢ ᠡᠷᠲᠡᠨ ᠤ ᠮᠠᠩᠬᠠᠢ ᠤᠪᠤᠭᠠᠨ ᠠᠴᠠ ᠡᠭᠦᠰᠦᠯᠲᠡ ᠲᠠᠢ᠂ ᠬᠠᠴᠢᠨ ᠰᠤᠨᠢᠨ ᠲᠤᠮᠤᠭ  ᠶᠠᠷᠢᠶ᠎ᠡ ᠲᠠᠢ ᠤᠪᠤᠭ᠎ᠠ ᠶᠤᠮ᠃ ᠡᠷᠲᠡ ᠤᠷᠢᠲᠦ ᠴᠠᠭ ᠲᠤ᠂ ᠮᠠᠨᠰᠠᠢ ᠭᠡᠲᠡᠭ ᠭᠦᠷᠦᠭᠡᠴᠢᠨ ᠮᠠᠩᠬᠠᠢ ᠭᠡᠲᠡᠭ ᠡᠭᠡᠨᠡᠷ ᠲᠠᠢ ᠪᠠᠨ ᠬᠤᠶᠠᠭᠤᠯᠠ ᠲᠠᠪᠤᠨ ᠬᠠᠨ᠎ᠡ ᠲᠠᠢ ᠪᠤᠷᠦ ᠭᠡᠷ᠂ ᠲᠠᠷᠯᠤᠭ ᠪᠤᠷᠯᠤᠭ ᠬᠤᠶᠠᠷ ᠦᠨᠢᠶ᠎ᠡ᠂ ᠱᠦᠯᠦᠨ ᠤ ᠬᠤᠨᠢ᠂ ᠠᠩ ᠤᠨ ᠬᠡᠰᠢᠭ ᠲᠤᠳᠠᠬᠤ ᠦᠭᠡᠢ ᠲᠦᠪᠬᠢᠨᠡᠭᠦᠨ ᠠᠶᠢᠯ ᠪᠤᠯᠤᠨ ᠠᠮᠢᠳᠤᠷᠡᠵᠦ ᠪᠠᠶᠢᠵᠠᠢ᠃ ᠭᠤᠴᠢᠨ ᠨᠠᠰᠦ  ᠶᠢ ᠬᠦᠷᠦᠭᠡᠳ ᠨᠢᠭᠡᠨ ᠭᠡᠦᠭᠡᠨ ᠵᠠᠶᠠᠭᠠᠵᠦ ᠰᠡᠷᠡᠨ᠎ᠡ ᠭᠡᠰᠡᠨ ᠨᠡᠷ᠎ᠡ ᠦᠭᠴᠦ᠂ ᠠᠮᠠᠨ ᠳᠠᠭᠠᠨ ᠬᠢᠪᠡᠯ ᠬᠠᠶᠢᠯᠠᠮᠠᠷ᠂ ᠠᠯᠠᠭᠠᠨ ᠲᠡᠭᠡᠷ᠎ᠡ ᠪᠠᠨ ᠲᠠᠯᠪᠢᠪᠡᠯ ᠪᠦᠮᠪᠦᠷᠢᠮᠡᠷ ᠡᠩᠭᠦᠷᠡᠶᠢᠯᠡᠨ ᠬᠠᠶᠢᠷᠠᠯᠠᠵᠦ᠂ ᠨᠢᠯᠬ᠎ᠠ ᠪᠠᠭ᠎ᠠ ᠠᠴᠠ ᠨᠢ ᠠᠵᠢᠯ ᠤᠶᠤᠳᠠᠯ ᠳᠤ ᠰᠤᠷᠭᠠᠭᠰᠡᠨ ᠢᠶᠠᠷ ᠠᠭᠠᠰᠢ ᠵᠠᠩ ᠰᠠᠶᠢᠳᠠᠢ᠂ ᠠᠶᠢᠯ ᠠᠶᠢᠮᠠᠭ ᠤᠨ ᠠᠬᠠᠰ ᠵᠠᠬᠠᠰ ᠲᠤ ᠪᠠᠨ ᠮᠠᠬᠳᠠᠭᠠᠯ  ᠲᠠᠢ᠂ ᠦᠰᠴᠦ ᠲᠦᠷᠦᠭᠰᠡᠨ ᠵᠢᠰᠦ ᠨᠢ ᠤᠯᠠᠨ ᠠᠴᠠ ᠤᠷᠤᠶᠢᠯᠠᠭᠰᠡᠨ ᠰᠠᠶᠢᠬᠠᠨ ᠬᠡᠦᠭᠡᠨ ᠪᠤᠯᠵᠠᠢ᠃      ᠨᠢᠭᠡ ᠡᠳᠤᠷ᠂ ᠲᠠᠷᠭᠤᠨ ᠨᠤᠶᠠᠨ ᠠᠩ ᠬᠦᠷᠦᠭᠡᠨ ᠳᠤ ᠶᠠᠪᠤᠵᠦ ᠪᠠᠶᠢᠭᠠᠳ ᠲᠠᠷᠠᠰᠦᠲᠦ ᠬᠤᠭᠤᠯᠠᠢ ᠳᠤ ᠭᠠᠭᠴᠠᠭᠠᠨ ᠪᠤᠷᠦ ᠭᠡᠷ ᠬᠠᠷᠠᠬᠳᠠᠬᠤ ᠶᠢ ᠰᠤᠨᠢᠷᠬᠠᠵᠦ ᠭᠠᠳᠠᠨ᠎ᠡ ᠨᠢ ᠬᠦᠷᠴᠦ ᠤᠴᠢᠪᠡᠯ᠂ ᠬᠠᠯᠳᠠᠷ ᠨᠤᠬᠠᠢ ᠦᠭᠡᠲᠡ  ᠠᠴᠠ ᠨᠢ ᠪᠤᠭᠤᠷᠯᠠᠨ ᠬᠤᠷᠭᠤᠭᠤᠭᠰᠡᠨ ᠳᠤ᠂ ᠰᠡᠷᠡᠨ᠎ᠡ ᠬᠡᠦᠭᠡᠨ ᠭᠡᠷ ᠠᠴᠠ ᠪᠠᠨ ᠭᠠᠷᠤᠭᠠᠳ ᠨᠤᠬᠠᠢ ᠪᠠᠨ ᠬᠤᠷᠢᠵᠦ᠂ ᠵᠤᠴᠢᠨ ᠢᠶᠠᠨ ᠤᠭᠳᠤᠨ ᠭᠡᠷ ᠲᠤ ᠪᠠᠨ ᠪᠠᠭᠤᠯᠭᠠᠯ᠎ᠡ᠃ ᠭᠡᠦᠭᠡᠨ ᠢ ᠦᠵᠡᠭᠰᠡᠨ ᠲᠠᠷᠭᠤᠨ ᠨᠤᠶᠠᠨ ᠤ ᠰᠦᠨᠡᠰᠦ ᠨᠢ ᠵᠠᠶᠢᠯᠠᠨ ᠪᠡᠶ᠎ᠡ ᠨᠢ ᠰᠤᠯᠠᠷᠡᠵᠦ᠂ ᠬᠤᠶᠠᠷ ᠨᠢᠲᠦ ᠨᠢ ᠰᠡᠷᠡᠨ᠎ᠡ ᠬᠡᠦᠭᠡᠨ ᠤ ᠬᠦᠲᠡᠯᠦᠯ ᠪᠠᠶᠢᠲᠡᠯ ᠢ ᠲᠠᠭᠠᠨ ᠡᠷᠬᠢᠯᠳᠤᠵᠦ᠂ ᠡᠵᠢ ᠮᠠᠩᠬᠠᠢ ᠲᠠᠢ ᠨᠢ ᠮᠡᠨᠲᠦ ᠶᠢᠨ ᠭᠡᠳᠤᠨ ᠦᠭᠡ ᠵᠦᠷᠢᠭᠡᠳ ᠮᠤᠷᠲᠡᠪᠡ᠃ ᠲᠠᠷᠭᠤᠨ ᠨᠤᠶᠠᠨ ᠵᠠᠮ ᠳᠠᠭᠠᠨ ᠲᠤᠤᠷᠡᠬᠢ ᠲᠠᠭᠠᠭᠰᠠᠳ ᠠᠴᠠ ᠪᠠᠨ ᠡᠨᠡ ᠭᠡᠨ ᠤ ᠭᠡᠲᠡᠭ ᠠᠶᠢᠯ᠂ ᠭᠡᠷ ᠤᠨ ᠡᠵᠡᠨ ᠨᠢ ᠶᠠᠭᠤ ᠬᠢᠲᠡᠭ ᠲᠤ ᠨᠢ ᠬᠦᠷᠲᠡᠯ᠎ᠡ ᠰᠢᠷᠭᠠᠭᠠᠨ ᠲᠤᠳᠤᠯᠠᠪᠡ᠃      ᠢᠩᠭᠢᠭᠡᠳ ᠲᠠᠷᠭᠤᠨ ᠨᠤᠶᠠᠨ ᠰᠠᠷᠡᠨ᠎ᠡ ᠭᠡᠦᠭᠡᠨ ᠢ ᠪᠠᠭ᠎ᠠ ᠬᠠᠳᠤᠨ ᠢᠶᠠᠨ ᠪᠤᠯᠭᠠᠵᠦ ᠠᠪᠬᠤ ᠶᠢᠨ ᠲᠦᠯᠦᠭᠡ ᠬᠠᠷᠬᠢᠰ ᠪᠤᠳᠤᠯ ᠬᠠᠷ᠎ᠡ ᠰᠡᠳᠬᠢᠯ ᠢ ᠡᠪᠦᠷᠯᠡᠵᠦ᠂ ᠬᠤᠳᠠᠯ ᠬᠠᠭᠤᠷᠮᠠᠭ ᠨᠡᠷ᠎ᠡ ᠪᠠᠷ ᠡᠴᠢᠭᠡ ᠮᠠᠨᠰᠠᠢ ᠶᠢ ᠨᠢ ᠴᠡᠷᠢᠭ ᠲᠤ ᠲᠠᠳᠠᠵᠦ᠂ ᠠᠮᠢ ᠶᠢ ᠨᠢ ᠬᠤᠷᠤᠭᠠᠨ ᠰᠡᠷᠡᠨ᠎ᠡ ᠭᠡᠦᠭᠡᠨ ᠢ ᠡᠴᠢᠭᠡ ᠶᠢᠨ ᠬᠢᠨᠢ ᠶᠡᠯ᠎ᠡ ᠪᠠᠷ ᠵᠠᠷᠤᠴᠡ ᠪᠠᠷ ᠪᠤᠭᠤᠯᠴᠢᠯᠠᠵᠦ ᠨᠢᠭᠡᠨ ᠰᠠᠶᠢᠬᠠᠨ ᠠᠶᠢᠯ ᠭᠡᠷ ᠢ ᠰᠦᠢᠳᠭᠡᠵᠡᠢ᠃ ᠰᠡᠷᠡᠨ᠎ᠡ ᠬᠡᠦᠭᠡᠨ ᠤ ᠡᠵᠢ ᠮᠠᠩᠬᠠᠢ ᠵᠤᠪᠠᠵᠦ ᠰᠢᠨᠠᠯᠬᠤ ᠶᠢᠨ ᠲᠦᠢᠯ  ᠳᠤ ᠬᠦᠷᠴᠦ ᠡᠳᠤᠷ ᠡᠳᠤᠷ ᠤᠳᠤ ᠶᠢᠨ ᠡᠨᠡᠬᠦ ᠮᠠᠩᠬ᠎ᠠ ᠶᠢᠨ ᠤᠪᠤᠭ᠎ᠠ ᠲᠡᠭᠡᠷ᠎ᠡ ᠰᠠᠭᠤᠬᠰᠠᠭᠠᠷ ᠨᠢᠳᠤᠨ ᠨᠢᠯᠪᠤᠰᠦ ᠨᠢ ᠰᠢᠷᠬᠢᠵᠦ ᠡᠴᠤᠰ ᠲᠡᠭᠡᠨ ᠡᠨᠡᠬᠦ ᠤᠪᠤᠭᠠᠨ ᠲᠡᠭᠡᠷ᠎ᠡ ᠵᠤᠪᠠᠯᠠᠩ ᠲᠠᠢ ᠪᠠᠷ ᠨᠠᠰᠦ ᠡᠴᠤᠰᠯᠡᠭᠰᠡᠨ ᠭᠡᠨ᠎ᠡ᠃ ᠢᠩᠭᠢᠭᠡᠳ ᠲᠠᠷᠠᠭ᠎ᠠ ᠵᠢᠯ ᠨᠢ ᠶᠡᠭᠡ ᠪᠤᠷᠤᠭ᠎ᠠ ᠤᠷᠤᠵᠦ᠂ ᠲᠤᠪᠤᠷᠴᠠᠭ ᠤᠨ ᠬᠤᠶᠠᠷ ᠲᠡᠯ᠎ᠡ ᠳᠤ ᠮᠠᠩᠬᠠᠢ ᠶᠢᠨ ᠬᠤᠶᠠᠷ ᠨᠢᠲᠦ ᠰᠢᠭ ᠨᠠᠭᠤᠷ ᠲᠤᠬᠳᠠᠵᠦ᠂ ᠬᠤᠵᠢᠮ ᠤᠨ ᠬᠦᠮᠦᠰ ᠡᠨᠡᠬᠦ ᠤᠪᠤᠭ᠎ᠠ ᠶᠢ ᠮᠠᠩᠬᠠᠢ ᠶᠢᠨ ᠤᠪᠤᠭ᠎ᠠ ᠭᠡᠵᠦ ᠲᠠᠭᠤᠳᠠᠬᠤ ᠪᠤᠯᠤᠭᠰᠡᠨ ᠬᠡᠨ᠎ᠡ᠃      1917 ᠤᠨ ᠤ ᠦᠶᠡᠰ ᠢᠶᠠᠷ᠂ ᠮᠤᠤᠮᠢᠩᠭᠠᠨ ᠤ ᠵᠠᠰᠠᠭ ᠴᠠᠭᠠᠬᠤᠪᠤᠭ᠎ᠠ ᠳᠤ ᠨᠡᠭᠦᠲᠡᠯᠯᠡᠨ ᠢᠷᠡᠵᠦ᠂ ᠬᠠᠪᠤᠲᠦ ᠬᠠᠰᠠᠷ ᠤᠨ ᠲᠠᠬᠢᠯᠭ᠎ᠠ ᠶᠢᠨ ᠦᠷᠭᠦᠭᠡ ᠶᠢ ᠨᠠᠷᠢᠨ ᠵᠢᠯᠠᠭ᠎ᠠ ᠶᠢᠨ ᠡᠬᠢᠨ ᠳᠤ ᠰᠢᠯᠵᠢᠭᠦᠯᠦᠨ ᠢᠷᠡᠭᠡᠳ᠂ ᠮᠠᠩᠬᠠᠢ ᠶᠢᠨ ᠤᠪᠤᠭᠠᠨ ᠤ ᠰᠠᠭᠤᠷᠢᠨ ᠲᠡᠭᠡᠷ᠎ᠡ ᠬᠠᠪᠤᠲᠦ ᠬᠠᠰᠠᠷ ᠤᠨ ᠲᠠᠬᠢᠯᠭ᠎ᠠ ᠶᠢᠨ ᠦᠷᠭᠦᠭᠡ ᠵᠦᠭ ᠬᠠᠨᠳᠤᠭᠤᠯᠤᠨ ᠭᠤᠷᠪᠠᠨ ᠲᠡᠭᠲᠡᠷ ᠪᠦᠲᠦᠭᠦᠨ ᠤᠪᠤᠭ᠎ᠠ ᠴᠤᠭᠴᠠᠯᠠᠨ ᠮᠠᠩᠬ᠎ᠠ ᠶᠢᠨ ᠤᠪᠤᠭ᠎ᠠ ᠬᠡᠮᠡᠨ ᠨᠡᠷᠡᠯᠡᠵᠦ᠂ ᠬᠤᠰᠢᠭᠤ ᠤᠪᠤᠭ᠎ᠠ ᠪᠤᠯᠭᠠᠨ᠂ ᠵᠢᠯ ᠪᠦᠷᠢ ᠶᠢᠨ ᠪᠢᠯᠢᠭ ᠤᠨ ᠤᠯᠠᠷᠢᠯ ᠤᠨ ᠵᠢᠷᠭᠤᠭᠠᠨ ᠰᠡᠷ᠎ᠡ ᠶᠢᠨ ᠰᠢᠨ᠎ᠡ ᠶᠢᠨ ᠲᠦᠷᠪᠠᠨ ᠳᠤ ᠬᠤᠰᠢᠭᠤ ᠪᠠᠷ ᠢᠶᠠᠨ ᠲᠠᠬᠢᠳᠠᠭ ᠪᠤᠯᠪᠡ᠃ ᠡᠲᠦᠭᠡ ᠮᠢᠩᠭᠠᠨ ᠪᠠᠯᠭᠠᠰᠤᠨ ᠤ ᠭᠡᠳᠤᠨ ᠭᠠᠴᠠᠭ᠎ᠠ ᠡᠭᠡᠯᠵᠢᠯᠠᠨ ᠲᠤᠬᠳᠠᠭᠰᠡᠨ ᠴᠠᠭ ᠲᠤ ᠨᠢ ᠲᠠᠬᠢᠬᠰᠠᠭᠠᠷ ᠪᠢᠯᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号