ᠶᠤᠰᠤ ᠮᠤᠷᠡᠯ ᠬᠢᠭᠡᠳ ᠵᠤᠴᠢᠨᠰᠠᠭ ᠠᠭᠠᠯᠢ — ᠮᠤᠩᠭᠤᠯ ᠦᠨᠳᠦᠰᠦᠲᠡᠨ ᠤ ᠵᠠᠩ ᠵᠢᠷᠤᠮ
ᠨᠡᠶᠢᠲᠡᠯᠡᠭᠰᠡᠨ ᠴᠠᠭ᠄
2019-10-31
     ᠲᠡᠯ᠎ᠡ ᠨᠤᠳᠤᠭ ᠲᠤ ᠰᠠᠭᠤᠷᠢᠰᠢᠨ ᠪᠤᠢ ᠦᠨᠳᠦᠰᠦᠲᠡᠨ ᠤ ᠤᠯᠠᠩᠬᠢ ᠨᠢ ᠮᠤᠩᠭᠤᠯ ᠦᠨᠳᠦᠰᠦᠲᠡᠨ ᠪᠠᠶᠢᠳᠠᠭ᠃ ᠮᠤᠩᠭᠤᠯᠴᠤᠳ ᠲᠤ ᠬᠢᠲᠡᠳ ᠤᠨ ᠵᠠᠩ ᠠᠷᠠᠨᠰᠢ ᠲᠠᠢ ᠠᠳᠠᠯᠢ ᠦᠭᠡᠢ ᠮᠠᠰᠢ ᠤᠯᠠᠨ ᠵᠠᠩ ᠵᠢᠷᠤᠮ ᠪᠠᠶᠢᠳᠠᠭ ᠪᠢᠯᠡ᠃ ᠮᠤᠩᠭᠤᠯ ᠵᠠᠩ ᠵᠢᠷᠤᠮ ᠢ ᠤᠶᠢᠯᠠᠭᠠᠴᠢᠬᠠᠪᠡᠯ ᠬᠦᠲᠡᠭᠡ ᠨᠤᠳᠤᠭ᠂ ᠮᠤᠩᠭᠤᠯ ᠭᠠᠵᠠᠷ ᠢᠶᠠᠷ ᠵᠢᠭᠤᠯᠴᠢᠯᠠᠵᠦ᠂ ᠠᠶᠠᠯᠠᠬᠤ  ᠳᠤ ᠲᠦᠭᠦᠮ ᠲᠦᠲᠡ ᠪᠠᠶᠢᠬᠤ ᠶᠤᠰᠤᠳᠠᠢ᠃      ᠮᠠᠯ ᠰᠦᠷᠦᠭ ᠢᠶᠠᠨ ᠬᠠᠶᠢᠷᠠᠯᠠᠨ ᠬᠢᠮᠭᠠᠳᠠᠬᠤ    ᠮᠤᠩᠭᠤᠯᠴᠤᠳ ᠮᠠᠯ ᠠᠳᠤᠭᠤ ᠪᠠᠨ ᠬᠠᠶᠢᠷᠠᠯᠠᠨ ᠬᠢᠮᠭᠠᠳᠠᠳᠠᠭ ᠰᠠᠶᠢᠬᠠᠨ ᠲᠡᠳᠬᠠᠯ ᠲᠠᠢ ᠪᠢᠯᠡ᠃ ᠲᠡᠯ᠎ᠡ ᠨᠤᠳᠤᠭ ᠲᠤ ᠠᠶᠠᠯᠠᠬᠤ ᠵᠠᠮ ᠳᠤ ᠮᠠᠯ ᠰᠦᠷᠦᠭ ᠲᠤᠬᠢᠶᠠᠯᠳᠤᠪᠡᠯ ᠲᠡᠷᠭᠡ ᠤᠨᠤᠭ᠎ᠠ ᠲᠠᠢ ᠬᠦᠮᠦᠨ ᠵᠠᠪᠠᠯ ᠲᠤᠭᠤᠷᠢᠵᠦ ᠶᠠᠪᠤᠬᠤ ᠬᠡᠷᠡᠭᠲᠠᠢ᠃ ᠡᠰᠡ ᠲᠠᠶᠢᠮᠦ ᠪᠤᠯ ᠰᠦᠷᠦᠭ ᠤᠨ ᠡᠵᠡᠨ ᠤ ᠲᠤᠷ᠎ᠡ ᠦᠭᠡᠶᠢᠴᠡᠯ ᠢ ᠬᠦᠷᠭᠡᠬᠦ ᠪᠤᠤᠯᠨ᠎ᠡ᠃ ᠬᠡᠷᠪᠡ ᠮᠠᠰᠢᠨ ᠤ ᠪᠠᠨ ᠯᠠᠪᠠᠷ ᠢ ᠲᠤᠤᠭᠠᠷᠭᠠᠬᠤ ᠴᠢᠬᠤᠯᠠ ᠲᠠᠢ ᠪᠤᠯ ᠴᠤᠴᠢᠮᠠᠭ ᠲᠤᠤᠭᠠᠷᠭᠠᠵᠦ ᠦᠯᠦ ᠪᠤᠯᠤᠨ᠎ᠡ᠃ ᠢᠯᠠᠩᠭᠤᠶ᠎ᠠ ᠨᠠᠮᠤᠷ ᠴᠠᠭ ᠲᠤ ᠮᠠᠯ ᠰᠦᠷᠦᠭ ᠦᠷᠭᠦᠵᠦ ᠨᠠᠳᠬᠤᠨ ᠴᠤᠴᠢᠮᠠᠭ ᠰᠢᠷᠦᠭᠦᠨ ᠬᠦᠶᠦᠪᠡᠯ ᠪᠡᠯᠪᠡᠷᠡᠵᠦ ᠲᠠᠷᠭᠤ ᠠᠯᠳᠠᠳᠠᠭ ᠶᠤᠮ᠃      ᠠᠷᠢᠬᠢ ᠤᠤᠭᠤᠬᠤ    ᠲᠠᠭᠤᠤ ᠲᠠᠢ ᠠᠷᠢᠬᠢ ᠪᠠᠷᠢᠬᠤ ᠨᠢ ᠮᠤᠩᠭᠤᠯ ᠦᠨᠳᠦᠰᠦᠲᠡᠨ ᠤ ᠤᠳᠤᠮᠰᠢᠯᠲᠦ ᠵᠤᠴᠢᠨ ᠲᠠᠶᠢᠯᠠᠳᠠᠭ ᠶᠤᠰᠤ ᠪᠢᠯᠡ᠃ ᠢᠷᠡᠭᠰᠡᠨ ᠵᠤᠴᠢᠳ ᠲᠠᠭᠠᠨ ᠰᠦᠨ ᠴᠠᠭᠠᠨ ᠬᠠᠳᠠᠭ ᠲᠡᠭᠡᠷ᠎ᠡ ᠮᠦᠩᠭᠦᠨ ᠠᠶᠠᠭᠠᠨ ᠳᠤ ᠰᠠᠭᠠᠯᠢ ᠶᠢᠨ ᠠᠷᠢᠬᠢ ᠪᠠᠨ ᠮᠡᠯᠮᠡᠯᠵᠡᠭᠦᠯᠦᠨ ᠠᠷᠢᠬᠢᠨ ᠤ ᠲᠠᠭᠤᠤ ᠪᠠᠨ ᠠᠶᠠᠯᠠᠭᠤᠯᠠᠨ ᠲᠠᠭᠤᠯᠠᠵᠦ ᠵᠤᠴᠢᠨ ᠢᠶᠠᠨ ᠬᠦᠨᠲᠦᠯᠡᠲᠡᠭ᠃ ᠵᠤᠴᠢᠳ ᠪᠠᠷᠢᠭᠰᠡᠨ ᠠᠷᠢᠬᠢ ᠶᠢ ᠤᠤᠭᠤᠬᠤ ᠦᠭᠡᠢ ᠪᠠᠷ ᠨᠠᠭᠠᠰᠢ ᠴᠠᠭᠠᠰᠢ ᠲᠦᠯᠬᠢᠯᠴᠡᠪᠡᠯ᠂ ᠭᠡᠷ ᠤᠨ ᠡᠵᠡᠨ ᠳᠤ ᠲᠤᠷ᠎ᠡ ᠦᠭᠡᠶᠢᠴᠡᠭᠰᠡᠨ ᠢᠶᠠᠷ ᠦᠢᠯᠡᠭᠠᠬᠳᠠᠳᠠᠭ᠃ ᠡᠩ ᠤᠨ ᠪᠠᠶᠢᠲᠡᠯ ᠳᠤ ᠵᠤᠴᠢᠳ ᠡᠶᠢᠨ ᠬᠦ ᠬᠦᠨᠲᠦᠯᠡᠨ ᠪᠠᠷᠢᠬᠰᠡᠨ ᠠᠷᠢᠬᠢ ᠶᠢ ᠪᠠᠷᠠᠭᠤᠨ ᠭᠠᠷ ᠢᠶᠠᠷ ᠲᠤᠰᠴᠦ ᠠᠪᠤᠭᠠᠳ ᠢᠲᠡᠮ ᠬᠤᠷᠤᠭᠤ  ᠪᠠᠷ ᠰᠡᠷᠵᠢᠮᠯᠠᠨ ᠠᠩᠬ᠎ᠠ ᠰᠡᠷᠵᠢᠮ ᠢ ᠡᠴᠢᠭᠡ ᠲᠡᠭᠷᠢ᠂ ᠲᠠᠷᠠᠭ᠎ᠠ ᠰᠡᠷᠵᠢᠮ ᠢ ᠡᠭᠡ ᠲᠡᠯᠡᠭᠡᠢ᠂ ᠲᠠᠬᠢᠨ ᠨᠢᠭᠡ ᠰᠡᠷᠵᠢᠮ ᠢ ᠡᠪᠦᠭᠡ ᠲᠡᠭᠡᠳᠤᠰ ᠲᠡᠭᠡᠨ ᠭᠡᠵᠦ ᠭᠤᠷᠪᠠᠨᠲᠡ ᠰᠡᠷᠵᠢᠮᠯᠡᠭᠡᠳ ᠰᠠᠶ᠋ᠢ ᠤᠤᠭᠤᠵᠦ ᠤᠷᠬᠢᠨ᠎ᠡ᠃ ᠠᠷᠢᠭᠢ ᠤᠤᠭᠤᠳᠠᠭ ᠦᠭᠡᠢ ᠬᠦᠮᠦᠰ ᠴᠦ ᠠᠷᠢᠬᠢ ᠠᠴᠠ ᠬᠤᠰᠢᠭᠤ ᠬᠦᠷᠭᠡᠨ ᠠᠮᠰᠠᠭᠠᠳ ᠡᠵᠡᠨ ᠳᠤᠨᠢ ᠪᠤᠴᠠᠭᠠᠪᠡᠯ ᠵᠠᠩ ᠵᠢᠷᠤᠮ ᠳᠤ ᠵᠤᠬᠢᠴᠠᠬᠤ ᠶᠤᠮ᠃      ᠰᠠᠭᠤᠳᠡᠯ ᠤᠷᠤ    ᠮᠤᠩᠭᠤᠯ ᠭᠡᠷ ᠲᠤ ᠤᠷᠤᠬᠤ ᠳᠤ ᠲᠤᠯᠭᠠᠨ ᠤ ᠵᠠᠭᠦᠨ ᠲᠡᠯ᠎ᠡ ᠪᠠᠷ ᠶᠠᠪᠤᠵᠦ ᠬᠤᠶᠢᠮᠦᠷ  ᠤᠨ ᠪᠠᠷᠠᠭᠤᠨ ᠲᠡᠯ᠎ᠡ ᠪᠠᠷ ᠰᠠᠭᠤᠳᠡᠯ ᠠᠪᠬᠤ ᠬᠡᠷᠡᠭᠲᠠᠢ᠃ ᠵᠡᠭᠦᠨ ᠲᠡᠯ᠎ᠡ ᠶᠢᠨ ᠲᠡᠭᠡᠲᠦ ᠰᠠᠭᠤᠳᠡᠯ ᠪᠤᠯ ᠭᠡᠷ ᠤᠨ ᠡᠵᠡᠨ  ᠤ ᠰᠠᠭᠤᠳᠡᠯ ᠪᠤᠯᠬᠤᠷ ᠪᠤᠯᠬᠤ ᠶᠢᠨ ᠲᠤᠳᠤᠷ᠎ᠡ ᠪᠤᠰᠤᠳ ᠬᠦᠮᠦᠨ ᠰᠠᠭᠤᠳᠠᠭ ᠦᠭᠡᠢ᠃ ᠬᠤᠶᠢᠮᠦᠷ ᠤᠨ ᠭᠤᠤᠯ ᠬᠠᠨᠠᠨ  ᠳᠤ ᠡᠯᠭᠦᠭᠡᠰᠦᠲᠠᠢ ᠪᠤᠷᠬᠠᠨ ᠤ ᠬᠦᠷᠦᠭ ᠢ ᠬᠠᠯᠬᠠᠯᠠᠵᠦ ᠦᠯᠦ ᠪᠤᠯᠤᠨ᠎ᠡ᠃ ᠮᠤᠩᠭᠤᠯ ᠠᠶᠢᠯ ᠳᠤ ᠤᠷᠤᠬᠤ ᠳᠠᠭᠠᠨ ᠮᠤᠩᠭᠤᠯ ᠭᠡᠷ ᠴᠦ ᠪᠤᠯᠤᠭ ᠰᠢᠪᠡᠷ ᠲᠤᠭᠤᠰᠬᠠᠨ ᠪᠠᠶᠢᠰᠢᠩ ᠴᠦ ᠪᠤᠯᠤᠭ ᠪᠤᠱᠤᠭᠠᠨ ᠲᠡᠭᠡᠷ᠎ᠡ ᠬᠢᠰᠬᠢᠬᠦ ᠪᠤᠶᠦ ᠪᠤᠱᠤᠭ᠎ᠠ ᠵᠠᠶᠢᠳᠠᠯᠠᠬᠤ ᠶᠢ ᠤᠨᠴᠠ ᠴᠡᠭᠡᠷᠯᠡᠲᠡᠭ᠃      ᠡᠭᠦᠨ ᠠᠴᠠ ᠭᠠᠳᠠᠨ᠎ᠡ ᠪᠠᠰᠡ ᠠᠩᠬᠠᠷᠤᠭᠤᠰᠢᠲᠠᠢ ᠴᠡᠭᠡᠷ ᠶᠤᠰᠤ ᠪᠠᠶᠢᠳᠠᠭ ᠰᠡᠨ᠃ ᠡᠭᠦᠲᠡᠨ ᠤ ᠭᠠᠳᠠᠨ᠎ᠡ ᠲᠦᠲᠡᠭ ᠭᠠᠯ ᠪᠤᠶᠦ ᠤᠯᠠᠭᠠᠨ ᠪᠦᠰ ᠤᠶᠠᠭᠰᠡᠨ ᠲᠡᠮᠲᠡᠭ ᠪᠠᠶᠢᠪᠡᠯ ᠡᠪᠡᠳᠴᠢᠨ ᠬᠠᠭᠤᠴᠢᠨ ᠲᠠᠢ ᠪᠤᠶᠦ ᠰᠡᠷ᠎ᠡ ᠳᠤ ᠰᠠᠭᠤᠭᠰᠡᠨ ᠪᠦᠰᠡᠭᠦᠢ ᠪᠠᠶᠢᠭ᠎ᠠ ᠶᠢᠨ ᠲᠡᠮᠲᠡᠭ᠂ ᠤᠷᠤᠵᠦ ᠦᠯᠦ ᠪᠤᠯᠤᠨ᠎ᠡ᠃ ᠲᠠᠬᠢᠪᠡᠯ ᠪᠠᠰᠡ ᠮᠤᠩᠭᠤᠯ ᠭᠡᠷ ᠲᠤᠳᠤᠷᠡᠬᠢ ᠲᠤᠯᠭᠠᠨ ᠲᠡᠭᠡᠷ᠎ᠡ ᠭᠤᠳᠤᠯ᠂ ᠦᠢᠮᠤᠰᠤ᠂ ᠬᠦᠯ ᠪᠤᠶᠦ ᠦᠮᠦᠲᠦ ᠬᠤᠪᠴᠠᠰᠦ ᠡᠭᠡᠭᠡᠵᠦ ᠬᠠᠳᠠᠭᠠᠬᠤ ᠶᠢ ᠴᠡᠭᠡᠷᠯᠡᠲᠡᠭ᠃ ᠮᠤᠩᠭᠤᠯ ᠠᠶᠢᠯ ᠤᠨ ᠬᠠᠶᠠᠭᠠᠨ ᠳᠤ ᠦᠢᠷᠡᠳᠬᠤ ᠳᠤ ᠡᠮᠦᠨ᠎ᠡ ᠠᠴᠠ ᠴᠢᠨᠢ ᠬᠤᠳᠠᠴᠢ ᠨᠤᠬᠠᠢ ᠲᠤᠯᠵᠦ ᠢᠷᠡᠪᠡᠯ ᠶᠡᠭᠡ ᠲᠠᠭᠤᠨ ᠢᠶᠠᠷ ᠵᠠᠩᠳᠤᠴᠢᠨ ᠮᠤᠳᠤ ᠴᠢᠯᠠᠭᠤ ᠪᠠᠷ ᠴᠤᠬᠢᠬᠤ ᠶᠢ ᠴᠡᠭᠡᠷᠯᠡᠲᠡᠭ ᠪᠦᠭᠡᠳ ᠮᠤᠩᠭᠤᠯ ᠭᠡᠷ  ᠤᠨ ᠬᠠᠶᠠᠭᠠᠨ ᠤ ᠢᠯᠠᠩᠭᠤᠶ᠎ᠠ ᠵᠠᠭᠦᠨ᠂ ᠪᠠᠷᠠᠭᠤᠨ᠂ ᠬᠤᠶᠢᠲᠦ ᠲᠡᠯ᠎ᠡ ᠳᠤ ᠭᠠᠳᠠᠭᠠᠯᠠᠬᠤ ᠶᠢ ᠲᠡᠰᠦ ᠴᠡᠭᠡᠷᠯᠡᠲᠡᠭ᠃      ᠵᠤᠴᠢᠨ ᠲᠠᠶᠢᠯᠠᠬᠤ    ᠮᠤᠩᠭᠤᠯ ᠦᠨᠳᠦᠰᠦᠲᠡᠨ ᠠᠭᠤᠯᠵᠠᠵᠦ ᠵᠤᠯᠭᠠᠪᠡᠯ ︽ᠠᠮᠦᠷ︖ ᠰᠠᠶᠢᠨ ᠪᠠᠶᠢᠨ᠎ᠡ ᠤᠤ︖︾ ᠭᠡᠵᠦ ᠠᠮᠦᠷ ᠮᠡᠨᠲᠦ ᠠᠰᠠᠭᠤᠯᠴᠠᠳᠠᠭ᠃ ᠵᠤᠴᠢᠨᠰᠠᠭ ᠬᠠᠯᠠᠭᠤᠨ ᠵᠠᠩ ᠨᠢ ᠮᠤᠩᠭᠤᠯᠴᠤᠳ ᠤᠨ ᠬᠠᠮᠤᠭ ᠤᠨ ᠲᠤᠪᠤᠶᠢᠭᠰᠡᠨ ᠤᠨᠴᠠᠯᠢᠭ ᠪᠤᠯᠤᠨ᠎ᠡ᠃ ᠢᠷᠡᠭᠰᠡᠨ ᠬᠡᠶᠢᠴᠢᠨ ᠵᠤᠴᠢᠨ ᠨᠢ ᠲᠠᠨᠢᠬᠤ ᠪᠡ ᠡᠰᠡᠬᠦ ᠶᠢ ᠦᠯᠦ ᠬᠠᠶᠢᠬᠤᠷᠤᠨ ᠪᠦᠷ ᠬᠠᠯᠠᠭᠤᠨ ᠢᠶᠠᠷ ᠤᠬᠳᠤᠵᠦ ᠠᠮᠦᠷ ᠠᠰᠠᠭᠤᠨ ᠵᠤᠴᠢᠯᠠᠳᠠᠭ᠃ ᠦᠶ᠎ᠡ ᠬᠤᠷᠠᠭ ᠤᠨ ᠬᠦᠮᠦᠰ ᠪᠤᠯ ᠬᠠᠷᠢᠯᠴᠠᠨ ︽ᠰᠠᠶᠢᠨ ᠤᠤ︖︾ ᠭᠡᠵᠦ ᠮᠠᠨᠲᠦ ᠠᠰᠠᠭᠤᠳᠠᠭ᠃ ᠠᠬᠠᠮᠠᠳ ᠪᠤᠶᠦ ᠠᠩᠬ᠎ᠠ ᠵᠤᠯᠭᠠᠵᠦ ᠪᠠᠶᠢᠭ᠎ᠠ ᠬᠡᠶᠢᠴᠢᠨ ᠳᠤ ᠤᠷᠢᠳ  ᠢᠶᠠᠷ ︽ᠲᠠ ᠰᠠᠶᠢᠨ ᠤᠤ︖︾ ᠭᠡᠵᠦ ᠮᠠᠨᠲᠦ ᠠᠰᠠᠭᠤᠭᠠᠳ ᠵᠠᠯᠭᠠᠭᠠᠳ ︽ᠭᠡᠷ ᠬᠤᠳᠠᠯᠠᠭᠠᠷ ᠢᠶᠠᠨ ᠰᠠᠶᠢᠨ︖ ᠬᠤᠷ᠎ᠡ ᠪᠤᠷᠤᠭᠠᠨ᠂ ᠡᠪᠡᠰᠦ ᠪᠡᠯᠴᠢᠭᠡᠷ ᠰᠠᠶᠢᠨ︖ ᠮᠠᠯ ᠰᠦᠷᠦᠭ ᠲᠠᠷᠭᠤ ᠰᠠᠶᠢᠨ︖︾᠂ ︽ᠰᠤᠨᠢᠨ ᠰᠠᠶᠢᠬᠠᠨ ᠶᠠᠭᠤ ᠪᠠᠶᠢᠨ᠎ᠡ︖︾ ᠭᠡᠵᠦ ᠠᠰᠠᠭᠤᠯᠴᠠᠳᠠᠭ᠃ ᠵᠤᠴᠢᠨ ᠢᠶᠠᠨ ᠤᠬᠳᠤᠵᠦ ᠭᠡᠷ ᠤᠷᠤᠭᠤ ᠵᠠᠯᠠᠬᠤ ᠳᠠᠭᠠᠨ ᠭᠡᠷ ᠤᠨ ᠡᠵᠡᠨ ᠤᠷᠢᠳ ᠢᠶᠠᠷ ᠵᠠᠮ ᠤᠳᠤᠷᠢᠳᠤᠨ ᠮᠤᠩᠭᠤᠯ ᠭᠡᠷ ᠤᠨ ᠡᠭᠦᠲᠡ ᠬᠦᠷᠴᠦ ᠡᠭᠦᠲᠡᠨ ᠤ ᠪᠠᠷᠠᠭᠤᠨ ᠲᠡᠯ᠎ᠡ ᠳᠤ ᠵᠤᠬᠰᠤᠨ ᠲᠠᠬᠢᠨ ᠵᠤᠴᠢᠨ ᠢᠶᠠᠨ ᠭᠠᠷ ᠵᠠᠩᠭᠠᠨ ᠭᠡᠷ ᠲᠤ ᠤᠷᠤᠭᠤᠯᠳᠠᠭ᠃ ᠭᠡᠷ ᠲᠡᠭᠡᠨ ᠤᠷᠤᠭᠤᠯᠤᠭᠰᠡᠨ ᠬᠡᠶᠢᠴᠢᠨ ᠵᠤᠴᠢᠨ ᠳᠠᠭᠠᠨ ᠬᠠᠯᠠᠭᠤᠨ ᠴᠠᠢ ᠠᠶᠠᠭᠠᠯᠠᠵᠦ᠂ ᠪᠤᠳᠠᠭ᠎ᠠ ᠪᠤᠭᠤᠷᠰᠤᠭ᠂ ᠠᠭᠠᠷᠤᠤᠯ ᠲᠤᠰᠤ ᠵᠡᠷᠭᠡ ᠢᠲᠡᠭᠡᠨ ᠲᠠᠯᠪᠢᠵᠦ ᠬᠠᠯᠠᠭᠤᠨ ᠢᠶᠠᠷ ᠵᠤᠴᠢᠯᠠᠵᠦ ᠲᠠᠶᠢᠯᠠᠳᠠᠭ ᠰᠠᠨ᠃ ᠬᠦᠨᠲᠦᠲᠦ ᠵᠤᠴᠢᠨ ᠳᠠᠭᠠᠨ ᠪᠠᠰᠡ ᠠᠷᠢᠬᠢ ᠬᠡᠮᠨᠡᠵᠦ᠂ ᠬᠠᠳᠠᠭ ᠡᠷᠭᠦᠨ ᠲᠡᠭᠡᠳᠤᠯᠡᠲᠡᠭ᠃ ᠮᠤᠩᠭᠤᠯ ᠨᠤᠳᠤᠭ ᠲᠤ ᠨᠤᠶᠢᠲᠡᠨ ᠴᠢᠬᠢᠭ ᠲᠠᠢ ᠪᠤᠶᠦ ᠬᠦᠢᠲᠡᠨ ᠳᠤ ᠬᠠᠷ᠎ᠡ ᠠᠷᠢᠬᠢ ᠤᠤᠭᠤᠳᠠᠭ ᠲᠠᠳᠬᠠᠯ ᠲᠠᠢ᠃ ᠠᠷᠢᠬᠢ ᠪᠤᠯ ᠤᠮᠳᠠᠭᠠᠨ ᠤ ᠤᠬᠢ᠂ ᠢᠲᠡᠭᠡᠨ ᠤ ᠲᠡᠭᠡᠵᠢ ᠭᠡᠵᠦ ᠮᠤᠩᠭᠤᠯᠴᠤᠳ ᠦᠵᠡᠲᠡᠭ ᠪᠤᠯᠬᠤᠷ ᠬᠡᠶᠢᠴᠢᠨ ᠵᠤᠴᠢᠨ ᠭᠡᠷ ᠲᠤᠨᠢ ᠢᠷᠡᠪᠡᠯ ᠬᠡᠯᠡᠯᠭᠡᠨ ᠦᠭᠡᠢ ᠠᠷᠢᠬᠢ ᠲᠠᠷᠡᠰᠦ ᠤᠤᠭᠤᠳᠠᠭ ᠪᠢᠯᠡ᠃ ᠬᠡᠶᠢᠴᠢᠨ ᠵᠤᠴᠢᠨ ᠳᠠᠭᠠᠨ ᠠᠷᠢᠬᠢ ᠬᠡᠮᠨᠡᠨ ᠪᠠᠷᠢᠳᠠᠭ ᠨᠢ ᠮᠠᠯᠴᠢᠨ ᠬᠦᠮᠦᠨ ᠤ ᠤᠳᠤᠮᠰᠢᠯᠲᠦ ᠶᠤᠰᠤ ᠶᠤᠮ᠃ ᠢᠷᠡᠭᠰᠡᠨ ᠬᠡᠶᠢᠴᠢᠨ ᠡᠷᠡᠭᠡᠯᠡᠵᠦ ᠡᠪ ᠦᠭᠡᠢ ᠪᠠᠶᠢᠲᠡᠯ ᠭᠠᠷᠭᠠᠪᠡᠯ ᠭᠡᠷ ᠤᠨ ᠡᠵᠡᠨ ᠠᠴᠠ ᠢᠷᠦᠭᠡᠯ ᠰᠢᠯᠦᠭ ᠰᠢᠭ ᠤᠷᠤᠰᠬᠠᠵᠦ ᠶᠠᠷᠢᠨ᠂ ᠠᠶ᠎ᠠ ᠲᠠᠭᠤᠤ ᠡᠷᠭᠦᠨ ᠠᠷᠢᠬᠢ ᠱᠠᠯᠠᠳᠠᠭ᠃ ᠤᠨᠴᠠᠭᠠᠶᠢᠯᠠᠨ ᠤᠷᠳᠤᠰ ᠨᠤᠳᠤᠭ ᠲᠤ ᠠᠷᠢᠬᠢ ᠬᠡᠮᠨᠡᠬᠦ ᠳᠡᠭᠡᠨ ᠠᠶ᠎ᠠ ᠲᠠᠭᠤᠤ ᠡᠷᠭᠦᠨ ᠬᠠᠯᠠᠭᠤᠨ ᠲᠤᠳᠤᠨᠤ ᠪᠠᠷ ᠵᠤᠴᠢᠯᠠᠬᠤ ᠳᠤ ᠦᠨᠡᠭᠡᠷ ᠰᠡᠳᠬᠢᠯ ᠤᠶᠠᠰᠴᠦ ᠢᠷᠡᠲᠡᠭ᠃ ᠶᠡᠷᠦ ᠨᠢ ᠮᠤᠩᠭᠤᠯᠴᠤᠳ ᠬᠡᠶᠢᠴᠢᠨ ᠵᠤᠴᠢᠨ ᠲᠠᠶᠢᠯᠠᠬᠤ ᠳᠤ ᠤᠭᠤᠴᠡ ᠰᠢᠭᠦᠰᠦ ᠲᠠᠯᠪᠢᠨ᠂ ᠲᠠᠭᠤᠤ ᠬᠦᠭᠵᠢᠮ ᠲᠠᠢ ᠨᠡᠷᠬᠢᠵᠦ ᠨᠠᠶᠢᠷᠯᠠᠳᠠᠭ ᠵᠠᠩ ᠲᠡᠳᠬᠠᠯ ᠡᠲᠦᠭᠡ ᠪᠤᠯᠳᠠᠯ᠎ᠡ ᠤᠯᠠᠮᠵᠢᠯᠠᠬᠳᠠᠭᠰᠠᠭᠠᠷ ᠪᠤᠢ᠃      ᠬᠦᠬᠦᠦᠷ ︵ᠬᠦᠭᠡᠷᠭᠡ︶ ᠰᠤᠯᠢᠯᠴᠠᠬᠤ    ᠬᠦᠬᠦᠦᠷ ᠰᠤᠯᠢᠯᠴᠠᠬᠤ ᠨᠢ ᠮᠤᠩᠭᠤᠯᠴᠤᠳ ᠤᠨ ᠠᠯᠢ ᠡᠷᠲᠡ ᠠᠴᠠ ᠤᠯᠠᠮᠵᠢᠯᠠᠭᠰᠡᠨ ᠵᠠᠩ ᠲᠡᠳᠬᠠᠯ ᠶᠤᠮ᠃ ᠮᠤᠩᠭᠤᠯ ᠠᠶᠢᠯ ᠳᠤ ᠠᠶᠢᠯᠴᠢᠯᠠᠵᠦ ᠤᠴᠢᠪᠡᠯ ᠵᠤᠴᠢᠨᠰᠠᠭ ᠭᠡᠷ ᠤᠨ ᠡᠵᠡᠨ ᠮᠠᠰᠢ ᠬᠡᠬᠡᠨᠴᠢᠷ ᠬᠢᠴᠡ ᠲᠠᠢ ᠵᠢᠵᠢᠭ ᠯᠤᠩᠬᠤ ᠰᠢᠭ᠋ ᠬᠦᠬᠦᠦᠷ ᠭᠠᠷᠭᠠᠵᠦ ᠵᠤᠴᠢᠨ ᠳᠠᠭᠠᠨ ᠲᠡᠪᠰᠢᠭᠦᠯᠵᠦ ᠦᠭᠭᠦᠨ ᠲᠠᠭ ᠢ ᠨᠢ ᠦᠴᠦᠭᠡᠨ ᠤᠩᠭᠤᠶᠢᠯᠭᠠᠵᠦ ᠬᠠᠮᠠᠷ ᠲᠠᠮᠠᠬᠢ ᠶᠢ ᠨᠢ ᠦᠨᠦᠰᠦᠭᠦᠯᠲᠡᠭ ᠰᠠᠨ᠃ ᠬᠦᠬᠦᠦᠷ ᠪᠤᠯ ᠶᠡᠷᠦ ᠨᠢ ᠬᠠᠮᠠᠷ ᠲᠡᠮᠡᠬᠢ ᠠᠭᠤᠯᠬᠤ ᠵᠢᠮᠰᠡᠭ ᠤᠨ ᠰᠠᠪᠡ ᠶᠤᠮ᠃ ᠬᠦᠬᠦᠦᠷ ᠰᠤᠯᠢᠯᠴᠠᠬᠤ ᠳᠤ ᠪᠠᠰᠡ ᠶᠤᠰᠤ ᠲᠦᠷᠢᠮ ᠪᠠᠶᠢᠳᠠᠭ᠃ ᠦᠶ᠎ᠡ ᠬᠤᠷᠠᠭ ᠤᠨ ᠬᠦᠮᠦᠰ ᠬᠠᠷᠢᠯᠴᠠᠨ ᠬᠦᠬᠦᠦᠷ ᠰᠤᠯᠢᠯᠴᠠᠳᠠᠭ᠃ ᠬᠠᠷᠢᠯᠴᠠᠨ ᠬᠦᠬᠦᠦᠷ ᠰᠤᠯᠢᠯᠴᠠᠭᠠᠳ ᠬᠤᠶᠠᠷ ᠭᠠᠷ ᠢᠶᠠᠷ ᠢᠶᠠᠨ ᠬᠦᠬᠦᠦᠷ ᠢ ᠨᠢᠮᠪᠠᠢ ᠠᠳᠬᠤᠵᠦ ᠪᠢᠴᠢᠬᠠᠨ ᠡᠷᠬᠦᠰᠬᠢᠨ ᠦᠨᠦᠷᠯᠡᠭᠡᠳ ᠬᠦᠬᠦᠦᠷ ᠤᠨ ᠲᠠᠭ ᠢ ᠨᠡᠭᠡᠭᠡᠵᠦ ᠡᠷᠡᠭᠡᠢ ᠬᠤᠷᠤᠭᠤᠨ ᠤ ᠬᠢᠮᠤᠰᠤᠨ ᠲᠤᠯᠢ ᠲᠡᠭᠡᠷ᠎ᠡ ᠬᠠᠷ᠎ᠡ ᠲᠠᠮᠠᠬᠢᠨ ᠠᠴᠠ ᠦᠴᠦᠭᠡᠨ ᠤᠨᠠᠭᠠᠵᠦ ᠦᠨᠦᠰᠲᠡᠭ᠃ ᠲᠠᠬᠢᠨ ᠦᠪᠡᠷ ᠦᠪᠡᠷ ᠤᠨ ᠢᠶᠠᠨ ᠬᠦᠬᠦᠦᠷ ᠢ ᠰᠤᠯᠢᠵᠦ ᠠᠪᠤᠨ᠎ᠡ᠃ ᠠᠬᠠᠮᠠᠳ ᠨᠠᠰᠤᠳᠠᠢ ᠬᠦᠮᠦᠨ ᠲᠠᠢ ᠬᠦᠬᠦᠦᠷ ᠰᠤᠯᠢᠯᠴᠠᠬᠤ ᠳᠤ ᠪᠡᠶ᠎ᠡ ᠮᠡᠭᠦᠶᠢᠨ ᠪᠠᠷᠠᠭᠤᠨ ᠭᠠᠷ ᠢᠶᠠᠷ ᠢᠶᠠᠨ ᠬᠦᠬᠦᠦᠷ ᠢᠶᠠᠨ ᠮᠠᠰᠢ ᠬᠢᠴᠢᠶᠠᠩᠭᠦᠢ ᠡᠷᠭᠦᠵᠦ ᠲᠡᠪᠰᠢᠭᠦᠯᠲᠡᠭ᠃ ᠠᠬᠠᠮᠠᠳ ᠬᠦᠮᠦᠨ ᠤ ᠬᠦᠬᠦᠦᠷ ᠢ ᠲᠤᠰᠬᠤ ᠳᠤ ᠬᠤᠶᠠᠷ ᠭᠠᠷ ᠢᠶᠠᠷ ᠢᠶᠠᠨ ᠨᠢᠮᠪᠠᠢ ᠲᠤᠰᠴᠦ ᠪᠡᠶ᠎ᠡ ᠮᠡᠭᠦᠶᠢᠨ ᠰᠦᠭᠦᠷᠡᠲᠡᠭ᠃ ᠬᠠᠷᠢᠯᠴᠠᠨ ᠬᠦᠬᠦᠦᠷ ᠤᠨ ᠲᠠᠭ ᠢ ᠡᠪᠳᠡᠶᠢᠭᠡᠨ ᠦᠨᠦᠰᠴᠦ ᠪᠤᠴᠠᠭᠠᠨ ᠰᠤᠯᠢᠳᠠᠭ ᠠᠵᠢ᠃      ᠠᠶᠢᠯᠴᠢᠯᠠᠬᠤ    ᠮᠤᠩᠭᠤᠯᠴᠤᠳ ᠮᠤᠷᠢ ᠤᠨᠤᠭ᠎ᠠ ᠪᠠᠷ ᠪᠤᠶᠦ ᠬᠠᠰᠠᠭ ᠲᠡᠷᠭᠡ ᠪᠠᠷ ᠠᠶᠢᠯᠴᠢᠯᠠᠵᠦ ᠶᠠᠪᠤᠳᠠᠭ᠃ ᠠᠶᠢᠯ ᠤᠨ ᠬᠠᠶᠠᠭᠠᠨ ᠳᠤ ᠤᠶᠢᠷᠠᠳᠴᠦ ᠤᠴᠢᠬᠤ ᠳᠠᠭᠠᠨ ᠤᠳᠠᠭᠠᠪᠳᠤᠷ ᠶᠠᠪᠤᠵᠦ ᠬᠤᠨᠢ ᠮᠠᠯ ᠦᠷᠭᠦᠭᠡᠭᠦ ᠠᠴᠠ ᠪᠤᠯᠭᠤᠮᠵᠢᠯᠠᠭᠠᠷᠠᠢ᠃ ᠮᠤᠩᠭᠤᠯ ᠭᠡᠷ ᠲᠤ ᠤᠷᠤᠬᠤ ᠳᠠᠭᠠᠨ ᠲᠠᠰᠢᠭᠤᠷ ᠮᠢᠯᠠᠭ᠎ᠠ ᠪᠠᠨ ᠭᠠᠳᠠᠨ᠎ᠡ ᠤᠷᠬᠢᠵᠦ ᠲᠠᠯᠪᠢᠬᠤ ᠶᠢ ᠪᠢᠲᠡᠭᠡᠢ ᠮᠠᠷᠲᠡ᠃ ᠡᠰᠡ ᠲᠠᠶᠢᠮᠦ ᠪᠤᠯ ᠭᠡᠷ ᠤᠨ ᠡᠵᠡᠨ ᠢ ᠬᠦᠨᠳᠦᠳᠭᠡᠬᠦ ᠦᠭᠡᠢ ᠪᠠᠶᠢᠨ᠎ᠡ ᠭᠡᠮᠡᠬᠦ ᠪᠤᠷᠤᠭᠤ ᠤᠶᠢᠯᠠᠭᠠᠯᠲᠡ ᠦᠭᠭᠦᠨ᠎ᠡ᠃ ᠭᠡᠷ ᠠᠴᠠ ᠭᠠᠷᠴᠦ ᠶᠠᠪᠤᠬᠤ ᠳᠠᠭᠠᠨ ᠦᠳᠳᠡᠷ ᠲᠡᠷᠭᠡ ᠤᠨᠤᠭᠠᠨ ᠳᠠᠭᠠᠨ ᠮᠤᠷᠳᠠᠳᠠᠭ ᠦᠭᠡᠢ᠃ ᠨᠠᠯᠢᠶᠠᠳ ᠴᠠᠭᠠᠰᠢ ᠶᠠᠪᠤᠵᠦ ᠭᠡᠷ ᠤᠨ ᠡᠵᠡᠨ ᠭᠡᠷ ᠲᠡᠭᠡᠨ ᠤᠷᠤᠭᠰᠡᠨ ᠬᠤᠶᠢᠨ᠎ᠡ ᠮᠤᠷᠳᠠᠭᠠᠷᠠᠢ᠃ ᠠᠶᠢᠯ ᠭᠡᠷ  ᠲᠤ ᠤᠷᠤᠵᠦ ᠵᠤᠴᠢᠯᠠᠬᠳᠠᠬᠤ ᠳᠠᠭᠠᠨ ᠠᠶᠠᠭᠠᠯᠠᠭᠰᠡᠨ ᠴᠠᠢ ᠶᠢ ᠬᠤᠶᠠᠷ ᠭᠠᠷ ᠢᠶᠠᠷ ᠬᠢᠴᠢᠶᠡᠩᠭᠦᠶᠢᠯᠠᠨ ᠲᠤᠰᠴᠦ ᠠᠪᠤᠨ᠎ᠡ᠃ ᠭᠡᠷ ᠤᠨ ᠬᠤᠶᠢᠮᠦᠷ ᠪᠤᠷᠬᠠᠨ ᠰᠢᠳᠦᠭᠡᠨ ᠲᠠᠬᠢᠳᠠᠭ ᠪᠤᠯᠬᠤᠷ ᠤᠨᠳᠠᠬᠤ ᠳᠠᠭᠠᠨ ᠬᠦᠯ ᠢᠶᠠᠨ ᠬᠤᠶᠢᠮᠦᠷ ᠦᠭᠡᠲᠡ ᠬᠠᠨᠳᠤᠭᠤᠯᠤᠨ ᠵᠢᠬᠢᠵᠦ ᠪᠤᠯᠬᠤ ᠦᠭᠡᠢ᠃ ᠭᠠᠩᠰᠡᠨ ᠤ ᠲᠤᠯᠤᠭᠠᠢ ᠪᠤᠶᠦ ᠭᠠᠭᠴᠡ ᠬᠤᠷᠤᠭᠤ ᠪᠠᠷ ᠬᠦᠮᠦᠨ  ᠪᠠᠷ ᠬᠦᠮᠦᠨ ᠢ ᠵᠢᠭᠠᠵᠦ ᠦᠯᠦ ᠪᠤᠯᠤᠨ᠎ᠡ᠃ ᠲᠤᠯᠭ᠎ᠠ ᠲᠤᠭᠤᠭ᠎ᠠ ᠶᠢ ᠬᠦᠯ ᠢᠶᠠᠷ ᠬᠢᠰᠬᠢᠬᠦ ᠪᠤᠶᠦ ᠬᠦᠯ ᠢᠶᠠᠨ ᠲᠤᠯᠭᠠᠨ  ᠳᠤ ᠡᠭᠡᠭᠡᠬᠦ ᠨᠢ ᠲᠠᠷᠤᠢ ᠭᠠᠯ ᠪᠤᠷᠬᠠᠨ ᠢ ᠪᠤᠵᠠᠷᠳᠠᠭᠤᠯᠤᠭᠰᠡᠨ ᠲᠠᠢ ᠠᠳᠠᠯᠢ᠃ ᠮᠤᠩᠭᠤᠯ ᠭᠡᠷ ᠲᠤ ᠡᠪᠡᠳᠴᠢᠨ ᠲᠠᠢ ᠬᠦᠮᠦᠨ ᠪᠤᠶᠦ ᠰᠡᠷ᠎ᠡ ᠳᠤ ᠰᠠᠭᠤᠭᠰᠡᠨ ᠬᠦᠮᠦᠨ ᠪᠠᠶᠢᠪᠡᠯ ᠡᠷᠦᠭᠡᠨ ᠤ ᠵᠠᠭᠦᠨ ᠲᠡᠯ᠎ᠡ ᠳᠤ ᠲᠡᠭᠡᠰᠦ ᠤᠶᠠᠵᠦ ᠨᠢᠭᠡ ᠦᠵᠦᠬᠦᠷ ᠢ ᠨᠢ ᠭᠠᠵᠠᠷ ᠲᠤ ᠪᠤᠯᠠᠵᠦ ᠤᠷᠬᠢᠳᠠᠭ᠃ ᠡᠨᠡ ᠨᠢ ᠲᠠᠷᠤᠢ ᠬᠡᠶᠢᠴᠢᠨ ᠵᠤᠴᠢᠨ ᠤ ᠬᠦᠯ ᠬᠤᠷᠢᠬᠰᠡᠨ ᠲᠠᠮᠲᠡᠭ ᠪᠤᠯᠠᠢ᠃ ᠡᠨᠡ ᠭᠡᠷ ᠲᠤ ᠤᠷᠤᠵᠦ ᠦᠯᠦ ᠪᠤᠯᠤᠨ᠎ᠡ᠃      ᠬᠠᠳᠠᠭ ᠡᠷᠭᠦᠭᠦ    ᠬᠠᠳᠠᠭ ᠪᠤᠯ ᠮᠤᠩᠭᠤᠯ ᠦᠨᠳᠦᠰᠦᠲᠡᠨ ᠤ ᠡᠳᠤᠷ ᠲᠤᠳᠤᠮ ᠤᠨ ᠶᠤᠰᠤ ᠵᠢᠷᠤᠮ ᠤᠨ ᠲᠤᠳᠠᠬᠳᠠᠵᠦ ᠪᠤᠯᠤᠰᠢ ᠦᠭᠡᠢ ᠵᠦᠢᠯ ᠮᠦᠨ᠃ ᠬᠠᠳᠠᠭ ᠡᠷᠭᠦᠭᠦ ᠪᠤᠯ ᠮᠤᠩᠭᠤᠯ ᠦᠨᠳᠦᠰᠦᠲᠡᠨ ᠤ ᠮᠠᠯᠴᠢᠨ ᠬᠦᠮᠦᠨ ᠬᠡᠶᠢᠴᠢᠨ ᠵᠤᠴᠢᠨ ᠤᠬᠳᠤᠵᠦ ᠦᠲᠡᠬᠦ ᠪᠤᠯᠤᠨ ᠡᠳᠤᠷ ᠲᠤᠳᠤᠮ ᠤᠨ ᠠᠮᠢᠳᠤᠷᠡᠯ ᠳᠤ ᠦᠷᠭᠦᠯᠵᠢ ᠶᠠᠪᠤᠬᠳᠠᠳᠠᠭ ᠬᠠᠮᠤᠭ ᠤᠨ ᠲᠡᠭᠡᠲᠦ ᠶᠤᠰᠤ ᠵᠢᠷᠤᠮ ᠪᠢᠯᠡ᠃ ᠬᠠᠳᠠᠭ ᠡᠷᠭᠦᠭᠦ ᠳᠤ ᠬᠠᠳᠠᠭ ᠤᠨ ᠠᠮᠠ ᠶᠢ ᠬᠡᠶᠢᠴᠢᠨ ᠤᠷᠤᠭᠤ ᠬᠠᠨᠳᠤᠭᠤᠯᠵᠦ᠂ ᠵᠠᠷᠢᠮ ᠳᠠᠭᠠᠨ ᠢᠷᠦᠭᠡᠯ ᠮᠠᠬᠳᠠᠭᠠᠯ ᠤᠩᠰᠢᠨ ᠮᠠᠰᠢ ᠬᠦᠨᠳᠦᠳᠭᠡᠨ ᠡᠷᠭᠦᠲᠡᠭ᠃ ᠬᠠᠳᠠᠭ ᠢ ᠲᠤᠰᠤᠬᠴᠢ ᠬᠤᠶᠠᠷ ᠭᠠᠷ ᠢᠶᠠᠷ ᠢᠶᠠᠨ ᠬᠢᠴᠢᠶᠠᠩᠭᠦᠶᠢᠯᠠᠨ ᠲᠤᠰᠴᠦ ᠮᠡᠭᠦᠶᠢᠨ ᠬᠦᠯᠢᠶᠠᠵᠦ ᠠᠪᠳᠠᠭ ᠪᠢᠯᠡ᠃      ᠴᠠᠢ ᠠᠶᠠᠭᠠᠯᠠᠬᠤ    ᠮᠤᠩᠭᠤᠯ ᠠᠶᠢᠯ ᠳᠤ ᠠᠶᠢᠯᠴᠢᠯᠠᠵᠦ ᠤᠴᠢᠬᠤ ᠪᠤᠶᠦ ᠵᠢᠭᠤᠯᠴᠢᠯᠠᠯ ᠤᠨ ᠭᠠᠵᠠᠷ ᠤᠴᠢᠪᠡᠯ ᠭᠡᠷ ᠤᠨ ᠡᠵᠡᠭᠲᠠᠢ ᠪᠤᠯᠤᠨ ᠦᠢᠯᠡᠴᠢᠯᠡᠭᠴᠢ ᠬᠡᠦᠭᠡᠨ ᠶᠠᠭᠤᠨ ᠤ ᠤᠷᠢᠳ ᠰᠦ ᠲᠠᠢ ᠴᠠᠢ ᠠᠶᠠᠭᠠᠯᠠᠳᠠᠭ ᠪᠢᠯᠡ᠃ ᠡᠨᠡ ᠦᠶ᠎ᠡ ᠳᠤ ᠠᠶᠠᠭᠠᠯᠠᠭᠰᠡᠨ ᠴᠠᠢ ᠶᠢ ᠬᠤᠶᠠᠷ ᠭᠠᠷ ᠪᠤᠶᠦ ᠪᠠᠷᠠᠭᠤᠨ ᠭᠠᠷ ᠢᠶᠠᠷ ᠢᠶᠠᠨ ᠲᠤᠰᠬᠤ ᠬᠡᠷᠡᠭᠲᠠᠢ᠃ ᠡᠰᠡ ᠲᠡᠶᠢᠮᠦ ᠪᠤᠯ ᠶᠤᠰᠤ ᠠᠯᠳᠠᠬᠤ ᠪᠤᠯᠤᠨ᠎ᠡ᠃      ᠠᠬᠠᠮᠠᠳ ᠢᠶᠠᠨ ᠬᠦᠨᠳᠦᠯᠡᠵᠦ ᠪᠠᠭᠠᠴᠤᠳ ᠢᠶᠠᠨ ᠬᠠᠶᠢᠷᠠᠯᠠᠬᠤ    ᠮᠤᠩᠭᠤᠯᠴᠤᠳ ᠶᠡᠷᠦ ᠨᠢ ᠠᠬᠠᠰ ᠵᠠᠬᠠᠰ  ᠢᠶᠠᠨ ᠬᠦᠨᠲᠦᠯᠡᠵᠦ ᠨᠢᠯᠬᠠᠰ ᠪᠠᠭᠠᠴᠤᠤᠯ ᠢ ᠬᠠᠶᠢᠷᠠᠯᠠᠵᠦ ᠶᠠᠪᠤᠳᠠᠭ ᠤᠳᠤᠮᠰᠢᠯᠲᠦ ᠵᠠᠩ ᠲᠠᠢ ᠪᠢᠯᠡ᠃ ᠮᠤᠩᠭᠤᠯ ᠠᠶᠢᠯ  ᠳᠤ ᠤᠴᠢᠪᠡᠯ ᠠᠬᠠᠮᠠᠳ ᠬᠦᠮᠦᠨ ᠲᠠᠢ ᠤᠷᠢᠳ ᠢᠶᠠᠷ ᠮᠠᠨᠲᠦ ᠪᠠᠷᠢᠳᠠᠭ᠃ ᠠᠬᠠᠮᠠᠳ ᠲᠤᠮᠤᠭᠠᠴᠤᠤᠯ ᠤᠨ ᠰᠠᠭᠤᠳᠡᠯ  ᠤᠨ ᠡᠮᠦᠨᠡᠭᠦᠷ ᠭᠠᠷᠬᠤ ᠪᠤᠶᠦ ᠡᠪᠦᠳᠦᠭ ᠵᠡᠷᠭᠡᠴᠡᠨ ᠰᠠᠭᠤᠵᠦ ᠦᠯᠦ ᠪᠤᠯᠤᠨ᠎ᠡ᠃ ᠠᠬᠠᠮᠠᠳ ᠬᠦᠮᠦᠨ ᠢ ︽ᠲᠠ︾ ᠬᠡᠵᠦ ᠬᠦᠨᠲᠦᠯᠡᠨ ᠲᠠᠭᠤᠳᠠᠵᠦ ︽ᠴᠢ︾ ᠬᠡᠭᠦ ᠪᠤᠶᠦ ᠰᠢᠭᠤᠳ ᠨᠡᠷ᠎ᠡ ᠪᠠᠷ ᠨᠢ ᠲᠠᠭᠤᠳᠠᠵᠦ ᠪᠤᠯᠬᠤ ᠦᠭᠡᠢ᠃ ᠡᠰᠡ ᠲᠡᠶᠢᠮᠦ ᠪᠤᠯ ᠶᠤᠰᠤ ᠠᠯᠳᠠᠨ᠎ᠡ᠃ ᠮᠠᠯᠴᠢᠨ ᠤ ᠭᠡᠦᠭᠡᠳ ᠰᠢᠦᠬᠠᠳ ᠢ ᠦᠨᠳᠦᠷ ᠲᠠᠭᠤᠨ ᠢᠶᠠᠷ ᠵᠠᠩᠳᠤᠷᠬᠤ ᠪᠤᠶᠦ ᠵᠤᠳᠤᠵᠦ ᠡᠰᠡ ᠪᠤᠯᠬᠤ᠃ ᠶᠡᠭᠡᠴᠤᠤᠯ ᠤᠨ ᠬᠢᠨᠢ ᠡᠮᠦᠨ᠎ᠡ ᠬᠡᠦᠭᠡᠳ ᠤᠨ ᠬᠢᠨᠢ ᠡᠮᠵᠡᠭ ᠭᠠᠵᠠᠷ ᠢ ᠱᠤᠤᠯᠠᠵᠦ ᠤᠬᠲᠦ ᠪᠤᠯᠬᠤ ᠦᠭᠡᠢ᠃ ᠬᠡᠦᠭᠡᠳ ᠨᠢᠯᠬᠠᠰ ᠲᠤ ᠴᠦ ᠡᠶᠡᠯᠲᠡᠭ ᠲᠤᠳᠤᠨᠤᠰᠤᠭ ᠢᠶᠠᠷ ᠬᠠᠨᠳᠤᠨ ᠦᠭᠦᠭᠡᠷᠲᠡᠵᠦ ᠶᠠᠪᠤᠬᠤ ᠨᠢ ᠭᠡᠷ ᠤᠨ ᠠᠬᠠᠮᠠᠳ ᠢ ᠨᠢ ᠬᠦᠨᠲᠦᠯᠡᠵᠦ ᠪᠠᠶᠢᠬᠤ ᠲᠠᠢ ᠠᠳᠠᠯᠢ ᠶᠤᠮ᠃       ᠲᠠᠭᠤᠤ ᠲᠠᠭᠤᠯᠠᠬᠤ    ᠮᠤᠩᠭᠤᠯᠴᠤᠳ ᠵᠤᠴᠢᠨ ᠲᠠᠶᠢᠯᠠᠬᠤ ᠳᠠᠭᠠᠨ ᠰᠡᠳᠬᠢᠯ ᠤᠨ ᠬᠦᠨ ᠠᠴᠠ ᠪᠠᠨ ᠤᠨᠳᠤᠷᠴᠦ ᠪᠠᠶᠢᠭ᠎ᠠ ᠬᠠᠶᠢᠷ᠎ᠡ ᠰᠡᠳᠬᠢᠯᠭᠡ ᠪᠠᠷ ᠲᠠᠭᠤᠤ ᠲᠠᠭᠤᠯᠠᠵᠦ᠂ ᠬᠡᠶᠢᠴᠢᠨ ᠵᠤᠴᠢᠨ ᠳᠠᠭᠠᠨ ᠠᠷᠢᠬᠢ ᠬᠡᠮᠨᠡᠵᠦ ᠪᠠᠷᠢᠳᠠᠭ ᠰᠠᠨ᠃ ᠭᠡᠷ ᠤᠨ ᠡᠵᠡᠨ ᠬᠦᠮᠦᠨ ᠲᠠᠭᠤᠤ ᠡᠬᠢᠯᠡᠭᠦᠯᠪᠡᠯ ᠪᠦᠬᠦᠲᠡᠭᠡᠷ ᠬᠤᠨᠳᠠᠭ᠎ᠠ ᠪᠠᠨ ᠡᠷᠭᠦᠯᠴᠠᠨ ᠲᠠᠭᠤᠤ ᠲᠠᠭᠤᠯᠠᠵᠠᠭᠠᠨ᠂ ᠬᠡᠮ ᠲᠠᠢ ᠠᠷᠢᠬᠢ ᠪᠠᠨ ᠤᠤᠭᠤᠵᠠᠭᠠᠳᠠᠭ᠃ ᠡᠶᠢᠨ ᠬᠦ ᠲᠠᠬᠢᠨ ᠲᠡᠪᠳᠠᠨ ᠨᠠᠶᠢᠷ ᠬᠦᠷ ᠡᠭᠦᠰᠭᠡᠨ ᠰᠦᠨᠢᠵᠢᠨ ᠲᠠᠭᠤᠯᠠᠯᠳᠤᠨ ᠨᠠᠷᠬᠢᠵᠦ ᠦᠦᠷ ᠴᠠᠶᠢᠯᠭᠠᠳᠠᠭ᠃ ᠡᠨᠡ ᠬᠦ ᠵᠤᠴᠢᠨᠰᠠᠭ ᠬᠠᠯᠠᠭᠤᠮᠰᠤᠭ ᠡᠷᠬᠢᠮ ᠨᠠᠨᠳᠢᠨ ᠵᠠᠩ ᠲᠡᠳᠬᠠᠯ ᠨᠢ ᠡᠷᠲᠡ ᠲᠡᠭᠡᠳᠤᠰ ᠠᠴᠠ ᠡᠲᠦᠭᠡ ᠪᠤᠯᠳᠠᠯ᠎ᠡ ᠤᠯᠠᠮᠵᠢᠯᠠᠬᠳᠠᠬᠰᠠᠭᠠᠷ ᠪᠤᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号