ᠢᠩᠭᠡ ᠶᠢᠨ ᠴᠠᠭᠠᠨ ᠤᠪᠤᠭ᠎ᠠ
ᠨᠡᠶᠢᠲᠡᠯᠡᠭᠰᠡᠨ ᠴᠠᠭ᠄
2019-10-28
     ᠢᠩᠭᠡ ᠶᠢᠨ ᠴᠠᠭᠠᠨ ᠤᠪᠤᠭ᠎ᠠ ᠭᠡᠵᠦ ᠤᠯᠠᠨ ᠨᠠᠷ᠎ᠡ ᠲᠠᠢ ᠪᠦᠭᠡᠳ ᠠᠷᠪᠢᠨ ᠲᠤᠮᠤᠭ ᠲᠠᠢ ᠤᠪᠤᠭ᠎ᠠ ᠪᠤᠯᠤᠨ᠎ᠡ᠃ ᠡᠨᠡ ᠤᠪᠤᠭ᠎ᠠ ᠨᠢ ᠪᠠᠳᠤᠬᠠᠭᠠᠯᠭ᠎ᠠ ᠠᠴᠠ ᠪᠤᠭᠤᠲᠦ ᠤᠷᠤᠭᠤ ᠶᠠᠪᠤᠬᠤ ᠵᠠᠰᠠᠮᠠᠯ ᠵᠠᠮ ᠢᠶᠠᠷ ᠶᠠᠪᠤᠭᠠᠳ᠂ ᠲᠤᠭᠤᠰᠬ᠎ᠠ  ᠶᠢᠨ ᠦᠢᠯᠡᠳᠪᠦᠷᠢ ᠠᠴᠠ ᠡᠮᠦᠨᠡᠰᠢ ᠬᠠᠷᠠᠪᠡᠯ ᠨᠢᠭᠡᠨ ᠪᠦᠲᠦᠭᠦᠨ ᠤᠪᠤᠭ᠎ᠠ ᠬᠠᠷᠠᠬᠳᠠᠨ᠎ᠡ᠃ ᠲᠡᠭᠦᠨ ᠢ ᠢᠩᠭᠡ ᠶᠢᠨ ᠴᠠᠭᠠᠨ ᠤᠪᠤᠭ᠎ᠠ ᠬᠡᠲᠡᠭ᠂ ᠪᠠᠰᠡ ᠲᠦᠷᠦᠭᠡ ᠴᠠᠭᠠᠨ ᠤᠪᠤᠭ᠎ᠠ᠂ ᠶᠤᠩᠭᠤᠢ ᠤᠪᠤᠭ᠎ᠠ᠂ ᠶᠠᠩ ᠭᠠᠢ ᠤᠪᠤᠭ᠎ᠠ᠂ ᠡᠷᠳᠡᠨᠢᠴᠠᠭᠠᠨ ᠤᠪᠤᠭ᠎ᠠ ᠭᠡᠵᠦ ᠤᠯᠠᠨ ᠨᠡᠷ᠎ᠡ ᠲᠠᠭᠤᠳᠠᠯᠭ᠎ᠠ ᠲᠠᠢ ᠶᠤᠮ᠃ ᠤᠪᠤᠭ᠎ᠠ ᠨᠢ ᠲᠡᠯᠡᠢ ᠶᠢᠨ ᠲᠦᠪᠰᠢᠨ ᠠᠴᠠ ᠲᠡᠭᠡᠭᠰᠢ 1509 ᠮᠧᠲᠷ ᠦᠨᠳᠦᠷ ᠲᠤ ᠪᠤᠰᠬᠠᠭᠳᠠᠵᠦ ᠪᠠᠶᠢᠷᠢᠰᠢᠲᠠᠭ᠃      ᠡᠨᠡ ᠤᠪᠤᠭ᠎ᠠ ᠨᠢ ᠬᠤᠶᠠᠷ ᠴᠠᠭᠠᠨ ᠨᠠᠭᠤᠷ ᠤᠨ ᠡᠮᠦᠨ᠎ᠡ ᠲᠡᠭᠡᠷ᠎ᠡ ᠪᠠᠶᠢᠷᠢᠯᠠᠬᠰᠡᠨ ᠪᠤᠯᠬᠤᠷ᠂ ᠡᠷᠲᠡᠨ ᠳᠡᠭᠡᠨ ᠴᠠᠭᠠᠨ ᠤᠪᠤᠭ᠎ᠠ ᠯᠡ ᠭᠡᠵᠦ ᠲᠠᠭᠤᠳᠠᠵᠦ ᠪᠠᠶᠢᠬᠰᠡᠨ ᠪᠦᠭᠡᠳ ᠤᠶᠢᠷ᠎ᠡ ᠤᠷᠴᠢᠮ ᠤᠨ ᠬᠦᠮᠦᠰ ᠲᠠᠬᠢᠵᠦ ᠪᠠᠶᠢᠵᠠᠢ᠃      ᠦᠨᠡᠨ ᠲᠡᠭᠡᠨ ᠡᠨᠡ ᠨᠢ ᠮᠤᠩᠭᠤᠯᠴᠤᠳ ᠤᠨ ᠠᠶᠢᠯ ᠤᠨ ᠲᠠᠬᠢᠯᠭ᠎ᠠ ᠲᠠᠢ ᠢᠩᠭᠡ ᠶᠢᠨ ᠤᠪᠤᠭ᠎ᠠ ᠪᠤᠯᠤᠨ᠎ᠡ᠃ ᠡᠭᠦᠨ ᠳᠤ ᠪᠠᠰᠡ ᠨᠢᠭᠡ ᠲᠤᠮᠤᠭ ᠦᠯᠢᠭᠡᠷ ᠪᠠᠶᠢᠬᠤ ᠶᠤᠮ᠃ ᠬᠠᠯᠠ ᠡᠳ᠋ᠯᠡᠨ ᠬᠠᠯᠠᠭᠤᠨ ᠴᠢᠯᠠᠭᠤ ᠲᠤᠯᠢᠶᠠᠬᠰᠡᠨ ᠲᠡᠷᠡ ᠬᠦ ᠬᠠᠷᠠᠩᠭᠤᠢ ᠨᠡᠶᠢᠭᠡᠮ ᠳᠤ᠂ ᠬᠠᠷᠠᠴᠦ ᠠᠷᠡᠳ ᠠᠮᠢ ᠨᠠᠰᠦ ᠪᠠᠨ ᠪᠤᠷᠬᠠᠨ ᠳᠠᠭᠠᠨ ᠲᠠᠭᠠᠳᠬᠠᠬᠤ ᠠᠴᠠ ᠦᠭᠡᠷ᠎ᠡ ᠠᠪᠤᠷᠠᠬᠤ ᠬᠦᠴᠦᠨ ᠦᠭᠡᠢ ᠪᠠᠶᠢᠬᠰᠡᠨ ᠰᠠᠨ᠃ ᠫᠠᠭᠮ᠎ᠠ ᠭᠡᠲᠡᠭ ᠨᠡᠷ᠎ᠡ ᠲᠠᠢ ᠬᠡᠦᠭᠡᠨ ᠡᠵᠢ ᠪᠤᠯᠤᠨ ᠦᠬᠢᠨ ᠲᠡᠭᠦᠦ  ᠲᠠᠢ ᠪᠠᠨ ᠭᠤᠷᠪᠠᠭᠤᠯᠠ ᠠᠶᠢᠪᠠᠭ᠎ᠠ ᠭᠤᠤᠯ ᠤᠨ ᠬᠤᠶᠢᠲᠦ ᠬᠦᠪᠡᠭᠡᠨ ᠤ ᠶᠡᠭᠡ ᠲᠠᠷᠡᠰᠦ ᠶᠢ ᠬᠦᠪᠡᠭᠡᠯᠡᠭᠰᠡᠨ ᠠᠭᠤᠯᠠ  ᠶᠢᠨ ᠲᠤᠬᠤᠢ ᠳᠤ ᠪᠤᠷᠦ ᠭᠡᠷ ᠢᠶᠠᠨ ᠪᠤᠰᠬᠠᠵᠦ᠂ ᠴᠠᠭᠠᠨ ᠢᠩᠭᠡ ᠪᠠᠨ ᠬᠦᠲᠦᠯᠦᠨ᠂ ᠰᠦᠮ᠎ᠡ ᠭᠡᠶᠢᠳ ᠤᠨ ᠴᠦᠭᠡᠪᠦᠷᠢ ᠬᠡᠳᠤᠨ ᠮᠠᠯ ᠢ ᠬᠠᠷᠢᠭᠤᠯᠵᠦ᠂ ᠰᠦᠮ᠎ᠡ ᠶᠢᠨ ᠬᠡᠰᠢᠭ ᠲᠤ ᠪᠠᠭ᠋ᠠᠳᠤᠨ ᠠᠮᠢᠳᠤᠷᠠᠵᠦ ᠡᠳᠤᠷ ᠬᠤᠨᠤᠭ ᠢ ᠦᠩᠭᠡᠷᠡᠭᠡᠲᠡᠭ ᠪᠠᠶᠢᠪᠡ᠃ ᠡᠵᠢ ᠨᠢ ᠨᠠᠰᠤᠨ ᠤ ᠬᠠᠯᠠ ᠪᠠᠨ ᠲᠠᠭᠠᠭᠠᠭᠰᠡᠨ ᠦᠭᠡᠢ ᠠᠷᠬᠠᠭ ᠡᠪᠡᠳᠴᠢᠨ ᠳᠤ ᠲᠠᠭᠠᠷᠢᠬᠳᠠᠵᠦ᠂ ᠬᠡᠳᠤᠨ ᠵᠢᠯ ᠠᠪᠤᠷᠡᠯ ᠡᠷᠢᠨ ᠲᠠᠭᠠᠳᠬᠠᠵᠦ᠂ ᠪᠠᠭ᠎ᠠ ᠰᠠᠭ᠎ᠠ ᠡᠮ ᠲᠠᠩ ᠤᠤᠭᠤᠵᠦ᠂ ᠴᠡᠭᠡᠷ ᠲᠤᠮ ᠬᠢᠭᠰᠡᠨ ᠪᠤᠯᠪᠠᠴᠦ ᠡᠳᠤᠷ  ᠠᠴᠠ ᠡᠳᠤᠷ ᠡᠴᠠᠵᠦ ᠲᠤᠷᠠᠨ᠂ ᠴᠢᠷᠠᠢ ᠨᠢ ᠰᠢᠷᠠᠯᠠᠨ ᠱᠠᠯᠪᠠᠶᠢᠵᠦ᠂ ᠦᠭᠦᠯ ᠤᠨ ᠲᠠᠪᠠᠭ᠎ᠠ ᠤᠷᠤᠭᠤ ᠤᠶᠢᠷᠠᠳᠴᠦ ᠪᠠᠶᠢᠬᠤ ᠶᠢ ᠦᠵᠡᠭᠡᠳ ᠭᠡᠦᠭᠡᠨ ᠫᠠᠭᠮ᠎ᠠ ᠨᠢ ᠲᠠᠰᠴᠦ ᠶᠠᠳᠠᠨ ᠬᠠᠷᠠᠬᠰᠠᠭᠠᠷ ᠪᠠᠶᠢᠭᠠᠳ ᠡᠵᠢ ᠪᠠᠨ ᠦᠭᠦᠭᠦᠯᠬᠦ ᠦᠭᠡᠢ  ᠶᠢᠨ ᠲᠤᠯᠠᠲᠡ ᠭᠠᠭᠴᠠ ᠵᠤᠷᠢᠭ ᠢ ᠪᠠᠷᠢᠨ᠂ ᠦᠬᠢᠨ ᠲᠡᠭᠦᠦ ᠳᠡᠭᠡᠨ ᠭᠡᠷ ᠡᠷᠦᠭᠡ ᠠᠯᠢᠪᠡ ᠪᠠᠨ ᠨᠠᠷᠢᠨ ᠲᠤᠰᠢᠶᠠᠵᠦ᠂ ᠪᠤᠷᠬᠠᠨ ᠳᠠᠭᠠᠨ ᠵᠤᠯᠠ ᠪᠠᠷᠢᠨ ᠬᠦᠵᠢ ᠡᠭᠦᠰᠭᠡᠵᠦ ᠲᠠᠭᠠᠳᠬᠠᠨ᠂ ᠤᠳᠠᠢ ᠶᠢᠨ ᠠᠭᠤᠯᠠ ᠶᠢ ᠴᠢᠭᠯᠡᠨ ᠮᠦᠷᠭᠦᠯ ᠤᠨ ᠵᠠᠮ ᠢᠶᠠᠨ ᠬᠦᠭᠡᠭᠡᠪᠡ᠃      ᠫᠠᠭᠮ᠎ᠡ ᠭᠠᠭᠴᠠ ᠰᠡᠳᠬᠢᠯ ᠢᠶᠠᠷ ᠡᠵᠢ ᠶᠢᠨ ᠢᠶᠠᠨ ᠡᠪᠡᠳᠴᠢᠨ ᠢ ᠰᠠᠶᠢᠨ ᠪᠤᠯᠭᠠᠵᠦ᠂ ᠭᠠᠰᠠᠯᠠᠩ ᠵᠤᠪᠠᠯᠠᠩ  ᠠᠴᠠ ᠰᠠᠯᠭᠠᠬᠤ ᠶᠢᠨ ᠲᠦᠯᠦᠭᠡ ᠤᠳᠠᠢ ᠶᠢᠨ ᠰᠢᠲᠦᠭᠡᠨ ᠪᠤᠷᠬᠠᠨ ᠳᠤ ᠵᠠᠯᠪᠠᠷᠢᠨ ᠲᠠᠭᠠᠳᠬᠠᠵᠦ ᠡᠵᠢ ᠭᠡᠭᠰᠡᠭᠡᠷ ᠡᠨᠡᠷᠢᠯ ᠤᠨ ᠵᠢᠷᠦᠭᠡ ᠨᠢ ᠴᠤᠬᠢᠯᠠᠬᠰᠠᠭᠠᠷ ᠣᠳᠠᠢ ᠶᠢᠨ ᠰᠦᠮ᠎ᠡ ᠳᠤ ᠬᠦᠷᠴᠦ ᠡᠪᠤᠷᠳᠦᠯᠡᠵᠦ ᠪᠠᠶᠢᠬᠰᠡᠨ ᠭᠡᠳᠤᠨ ᠮᠦᠩᠭᠦᠨ ᠲᠦᠭᠦᠷᠢᠭ ᠢᠶᠠᠨ ᠪᠤᠷᠬᠠᠨ ᠤ ᠡᠮᠦᠨ᠎ᠡ ᠲᠠᠯᠪᠢᠵᠦ᠂ ᠬᠦᠵᠢ ᠠᠰᠠᠭᠠᠨ ᠵᠤᠯᠠ ᠪᠠᠷᠢᠵᠦ ᠲᠠᠭᠠᠳᠬᠠᠭᠠᠳ ᠤᠬᠠᠭᠠᠨ ᠠᠯᠳᠠᠵᠦ ᠮᠠᠨᠠᠷᠠᠵᠦ ᠤᠨᠠᠪᠡ᠃ ᠬᠡᠴᠢᠨᠡᠨ ᠤᠳᠠᠭᠰᠡᠨ ᠢ ᠮᠡᠲᠡᠭᠦ ᠦᠭᠡᠢ᠂ ᠨᠢᠭᠡ ᠯᠡ ᠰᠠᠶᠢᠬᠠᠨ ᠠᠷᠴᠠ ᠤᠳᠤᠯᠭ᠎ᠠ ᠶᠢᠨ ᠦᠨᠦᠷ ᠰᠠᠩᠬᠢᠨᠠᠨ ᠰᠡᠷᠭᠦᠭᠦ ᠳᠤ᠂ ᠪᠤᠷᠬᠠᠨ ᠤ ᠡᠮᠦᠨ᠎ᠡ ᠲᠠᠬᠢᠬᠰᠡᠨ ᠲᠠᠬᠢᠯᠭ᠎ᠠ ᠶᠢᠨ ᠵᠦᠢᠯᠡᠰ ᠨᠢᠳᠤᠨ ᠡᠮᠦᠨ᠎ᠡ ᠨᠢ ᠤᠪᠤᠭᠠᠷᠠᠵᠦ ᠪᠠᠶᠢᠯ᠎ᠡ᠃ ᠫᠠᠭᠮ᠎ᠠ ᠡᠮᠦᠨ᠎ᠡ ᠨᠢ ᠲᠠᠯᠪᠢᠭᠠᠰᠤᠳᠠᠢ ᠲᠠᠬᠢᠯᠭ᠎ᠠ ᠶᠢᠨ ᠶᠠᠭᠤᠮ᠎ᠡ ᠶᠢ ᠠᠳᠢᠰ ᠪᠤᠯᠭᠠᠨ ᠨᠠᠨᠳᠢᠩᠨᠠᠵᠦ ᠡᠪᠤᠷᠳᠦᠯᠡᠭᠡᠳ ᠪᠤᠴᠠᠬᠤ ᠵᠠᠮ ᠳᠠᠭᠠᠨ ᠠᠯᠬᠤᠬᠤ ᠦᠭᠡᠢ᠂ ᠬᠦᠶᠦᠬᠦ ᠲᠠᠢ ᠨᠢᠰᠭᠦ ᠮᠡᠲᠦ ᠬᠤᠷᠳᠤᠨ ᠶᠠᠪᠤᠪᠠᠴᠦ ᠶᠠᠭᠠᠬᠢᠬᠤ ᠶᠢᠨ ᠠᠷᠭ᠎ᠠ ᠦᠭᠡᠢ ᠡᠪᠤᠯ ᠤᠨ ᠬᠦᠢᠲᠡᠨ ᠴᠠᠭ ᠪᠤᠯᠬᠤᠷ ᠦᠭᠡᠲᠡ ᠠᠴᠠ ᠨᠢ ᠭᠦᠢᠲᠡᠨ ᠵᠢᠪᠡᠷ ᠬᠠᠴᠠᠷ ᠢ ᠨᠢ ᠬᠠᠭᠠᠷᠢᠨ᠂ ᠰᠢᠷᠦᠭᠦᠨ ᠰᠢᠭᠤᠷᠭ᠎ᠠ ᠨᠢᠭᠤᠷ ᠨᠢᠲᠦ ᠦᠭᠡᠢ ᠭᠤᠶᠠᠳᠠᠵᠦ᠂ ᠵᠦᠭ ᠴᠢᠭ  ᠢᠶᠠᠨ ᠠᠯᠳᠠᠨ ᠬᠠᠮᠢᠭᠠᠰᠢ ᠪᠠᠨ ᠶᠠᠪᠤᠵᠦ ᠪᠠᠶᠢᠬᠤ ᠪᠠᠨ ᠮᠡᠲᠡᠭᠰᠡᠨ ᠦᠭᠡᠢ᠂ ᠤᠳᠤ ᠴᠦ ᠭᠡᠷ ᠢᠶᠠᠨ ᠤᠯᠵᠦ ᠬᠠᠷᠠᠬᠤ  ᠠᠴᠠ ᠦᠩᠭᠡᠷᠡᠯ᠎ᠡ ᠭᠡᠰᠡᠨ ᠪᠤᠳᠤᠯ ᠲᠦᠷᠦᠭᠲᠡᠯ᠎ᠡ᠃      ᠶᠠᠭ ᠢᠩᠭᠢᠵᠦ ᠮᠤᠬᠤᠷᠳᠠᠯ ᠤᠨ ᠲᠦᠢᠯ ᠳᠤ ᠲᠤᠯᠬᠤ ᠳᠤ᠂ ᠡᠮᠦᠨ᠎ᠡ ᠨᠢ ᠨᠢᠭᠡ ᠵᠤᠯᠠ ᠰᠢᠭ᠋ ᠭᠡᠷᠡᠯ ᠭᠠᠷᠤᠭᠰᠡᠨ ᠳᠤ ᠫᠠᠭᠮ᠎ᠠ ᠶᠠᠭᠤ ᠴᠦ ᠭᠡᠰᠡᠨ ᠡᠨᠡ ᠭᠡᠷᠡᠯ ᠠᠴᠠ ᠰᠠᠯᠵᠦ ᠪᠤᠯᠬᠤ ᠦᠭᠡᠢ᠂ ᠪᠤᠷᠬᠠᠨ ᠨᠠᠳᠠ ᠶᠢ ᠦᠷᠦᠰᠢᠶᠠᠵᠦ ᠪᠠᠶᠢᠬᠤ ᠮᠠᠭᠠᠳ ᠦᠭᠡᠢ ᠭᠡᠵᠦ ᠪᠤᠳᠤᠨ ᠪᠤᠳᠤᠬᠰᠠᠭᠠᠷ ᠬᠤᠶᠠᠷ ᠬᠤᠨᠤᠭ ᠪᠤᠯᠤᠭᠠᠳ ᠨᠢᠭᠡᠨ ᠴᠠᠭᠠᠨ ᠴᠢᠯᠠᠭᠤᠲᠦ ᠠᠭᠤᠯᠠ ᠶᠢᠨ ᠤᠷᠤᠢ ᠲᠡᠭᠡᠷ᠎ᠡ ᠬᠦᠷᠦᠭᠡᠳ ᠲᠡᠷᠡ ᠬᠡᠷᠡᠯ ᠬᠦᠲᠡᠯᠬᠦ ᠦᠭᠡᠢ ᠪᠤᠯᠤᠭᠠᠳ ᠬᠡᠨᠡᠳᠲᠡ ᠠᠯᠠᠭ᠎ᠠ ᠪᠤᠯᠴᠢᠬᠠᠪᠡ᠃ ᠫᠠᠭᠮ᠎ᠠ ᠭᠠᠵᠠᠷ ᠤᠨ ᠪᠠᠶᠢᠴᠠ ᠪᠠᠨ ᠲᠠᠨᠢᠵᠦ᠂ ᠲᠦᠷᠪᠠᠨ ᠵᠦᠭ ᠨᠠᠢᠮᠠᠨ ᠵᠤᠪᠬᠢᠰ ᠢ ᠪᠠᠷᠠᠯᠠᠪᠡᠯ ᠶᠠᠭ ᠭᠡᠷ ᠤᠨ ᠢᠶᠠᠨ ᠵᠠᠭᠦᠨ ᠡᠮᠦᠨ᠎ᠡ ᠪᠠᠶᠢᠬᠤ ᠴᠠᠭᠠᠨ ᠨᠠᠭᠤᠷ ᠤᠨ ᠴᠠᠭᠠᠨ ᠤᠪᠤᠭᠠᠨ ᠲᠡᠭᠡᠷ᠎ᠡ ᠬᠦᠷᠦᠭᠡᠳ ᠢᠷᠡᠭᠰᠡᠨ  ᠳᠡᠭᠡᠨ ᠪᠠᠶᠠᠷᠯᠠᠵᠦ᠂ ᠤᠳᠠᠯ ᠦᠭᠡᠢ ᠭᠡᠷ ᠲᠤ ᠪᠠᠨ ᠤᠷᠤᠵᠦ ᠢᠷᠡᠬᠦ ᠳᠤ ᠡᠵᠢ ᠨᠢ ᠮᠦᠨ ᠶᠤᠰᠤᠭᠠᠷ ᠢᠶᠠᠨ ᠪᠠᠶᠢᠪᠡ᠃ ᠫᠠᠭᠮ᠎ᠠ ᠲᠠᠷᠤᠢ ᠲᠦᠷᠭᠡᠨ ᠠᠪᠴᠦ ᠢᠷᠡᠭᠰᠡᠨ ᠴᠡᠴᠡᠭ ᠬᠤᠸᠠᠷ ᠪᠤᠯᠤᠨ ᠡᠮ ᠢ ᠴᠢᠨᠠᠵᠦ ᠤᠤᠭᠤᠯᠭᠠᠭᠰᠡᠨ ᠳᠤ᠂ ᠡᠵᠢ  ᠨᠢ ᠡᠳᠤᠷ ᠠᠴᠠ ᠪᠠᠨ ᠡᠳᠤᠷ ᠰᠠᠶᠢᠵᠢᠷᠠᠨ ᠬᠡᠲᠦᠭᠡᠨ ᠡᠳᠤᠷ ᠪᠤᠯᠤᠭᠰᠡᠨ ᠦᠭᠡᠢ ᠴᠢᠷᠠᠢ ᠳᠤ ᠨᠢ ᠤᠯᠠᠭ᠎ᠠ ᠪᠤᠳᠠᠷᠠᠵᠦ ᠡᠪᠡᠳᠴᠢᠨ ᠨᠢ ᠢᠯᠡᠷᠢ ᠪᠤᠯᠤᠭᠰᠡᠨ ᠪᠠᠶᠢᠵᠠᠢ᠃      ᠫᠠᠭᠮ᠎ᠡ᠂ ᠡᠵᠢ ᠦᠬᠢᠨ ᠲᠡᠭᠦᠦ ᠲᠠᠢ ᠪᠠᠨ ᠭᠤᠷᠪᠠᠭᠤᠯᠠ ᠲᠡᠷᠡ ᠭᠡᠷ ᠤᠨ ᠢᠶᠠᠨ ᠵᠡᠭᠦᠨ ᠡᠮᠦᠨ᠎ᠡ ᠲᠡᠭᠡᠷ᠎ᠡ ᠪᠠᠶᠢᠬᠤ ᠬᠡᠷᠡᠯ ᠰᠢᠩᠭᠡᠭᠰᠡᠨ ᠴᠠᠭᠠᠨ ᠤᠪᠤᠭᠠᠨ ᠤ ᠲᠡᠭᠡᠷ᠎ᠡ ᠨᠢ ᠴᠢᠯᠠᠭᠤ ᠰᠢᠷᠤᠢ ᠨᠠᠮᠠᠷᠢᠯᠠᠨ ᠪᠠᠶᠢᠬᠰᠠᠭᠠᠷ ᠭᠤᠷᠪᠠᠨ ᠲᠡᠭᠲᠡᠷ ᠤᠪᠤᠭ᠎ᠠ ᠪᠤᠯᠭᠠᠵᠦ᠂ ᠡᠳᠤᠷ ᠪᠦᠷᠢ ᠴᠠᠭᠠᠨ ᠢᠩᠭᠡ ᠪᠠᠨ ᠬᠦᠳᠤᠯᠵᠦ ᠠᠪᠠᠴᠢᠭᠠᠳ ᠰᠦ ᠶᠢ ᠨᠢ ᠰᠠᠭᠠᠵᠦ ᠤᠪᠤᠭᠠᠨ ᠤ ᠰᠠᠬᠢᠭᠤᠯᠰᠤᠨ ᠢ ᠲᠠᠬᠢᠳᠠᠭ ᠠᠴᠠ ᠤᠳᠤ ᠪᠤᠯᠳᠠᠯ᠎ᠠ ᠮᠤᠩᠭᠤᠯᠴᠤᠳ ᠢᠩᠭᠡ ᠶᠢᠨ ᠴᠠᠭᠠᠨ ᠤᠪᠤᠭ᠎ᠠ ᠭᠡᠵᠦ ᠠᠯᠳᠠᠷᠰᠢᠭᠤᠯᠤᠭᠰᠡᠨ ᠪᠡ ᠬᠤᠵᠢᠮ ᠤᠨ ᠬᠦᠮᠦᠰ ᠫᠠᠭᠮ᠎ᠠ ᠶᠢᠨ ᠡᠵᠢ ᠳᠡᠭᠡᠨ ᠡᠯᠪᠡᠷᠢᠯ ᠲᠠᠢ ᠶᠢ ᠨᠢ ᠲᠤᠷᠠᠰᠬᠠᠨ᠂ ᠰᠠᠭᠤᠵᠦ ᠦᠩᠭᠡᠷᠡᠭᠰᠡᠨ ᠡᠪᠦᠯᠵᠢᠶ᠎ᠡ ᠶᠢ ᠨᠢ ᠫᠠᠭᠮ᠎ᠠ ᠶᠢᠨ ᠡᠪᠦᠯᠵᠢᠶ᠎ᠡ ᠭᠡᠵᠦ ᠲᠠᠭᠤᠳᠠᠭᠰᠠᠭᠠᠷ ᠤᠳᠤ ᠪᠤᠯᠵᠠᠢ᠃      ᠬᠤᠵᠢᠮ ᠨᠢ ᠬᠢᠲᠡᠳᠴᠤᠳ ᠠᠳᠠᠷ ᠬᠠᠭᠠᠯᠪᠤᠷᠢᠯᠠᠨ ᠰᠠᠭᠤᠷᠢᠰᠢᠨ ᠰᠠᠭᠤᠵᠦ ᠤᠷᠤᠵᠦ ᠢᠷᠡᠭᠡᠳ᠂ ᠨᠢᠭᠡᠨ ︵ᠶᠠᠩ ᠭᠠᠢ ᠭᠡᠰᠡᠨ︶᠂ ᠢᠩᠭᠡ ᠶᠢᠨ ᠴᠠᠭᠠᠨ ᠤᠪᠤᠭ᠎ᠠ ᠶᠢ ᠪᠦᠲᠦᠭᠡᠨ ᠤᠳᠤ ᠶᠢᠨ ᠬᠡᠮᠵᠢᠶᠠᠨ ᠳᠤ ᠬᠦᠷᠭᠡᠵᠦ ᠲᠠᠬᠢᠵᠦ ᠪᠠᠶᠢᠬᠰᠡᠨ ᠠᠴᠠ ᠪᠠᠨ ᠶᠤᠩᠭᠤᠢ ᠶᠢᠨ ᠴᠠᠭᠠᠨ ᠤᠪᠤᠭ᠎ᠠ ᠭᠡᠵᠦ ᠲᠠᠭᠤᠳᠠᠳᠠᠭ ᠪᠤᠯᠪᠡ᠃ ᠶᠤᠰᠤᠨ ᠳᠠᠭᠠᠨ ᠡᠨᠡ ᠤᠪᠤᠭ᠎ᠠ ᠨᠢ ᠲᠠᠷᠬᠠᠨ ᠪᠡᠶᠢᠯᠡ ᠶᠢᠨ ᠪᠠᠷᠠᠭᠤᠨ ᠪᠠᠶᠢᠰᠡ ᠶᠢᠨ ᠲᠠᠬᠢᠯᠭ᠎ᠠ ᠲᠠᠢ ᠤᠪᠤᠭᠠᠨ ᠤ ᠬᠢᠨᠢ ᠨᠢᠭᠡ ᠪᠠᠶᠢᠵᠠᠢ᠃ ᠠᠳᠤᠭᠤ ᠮᠠᠯ ᠦᠨᠢᠷ ᠦᠰᠴᠦ ᠲᠦᠷᠦᠭᠡ ᠰᠢᠭ ᠬᠡᠯᠪᠡᠷᠢ ᠲᠠᠢ ᠬᠤᠶᠠᠷ ᠴᠠᠭᠠᠨ ᠨᠠᠭᠤᠷ ᠢᠶᠠᠷ ᠬᠡᠮᠵᠢᠶᠠᠯᠠᠵᠦ᠂ ᠪᠡᠯᠭᠡ ᠲᠠᠮᠪᠠᠷᠢᠯ ᠢ ᠪᠤᠳᠤᠨ ᠤᠪᠤᠭ᠎ᠠ ᠪᠤᠰᠬᠠᠨ ᠴᠠᠭᠠᠨ ᠨᠠᠭᠤᠷ ᠤᠪᠤᠭ᠎ᠠ ᠭᠡᠵᠦ ᠨᠠᠷᠠᠯᠠᠵᠦ ᠪᠠᠶᠢᠭᠠᠳ᠂ ᠰᠡᠭᠦᠯᠡᠷ ᠨᠢ ᠬᠦᠮᠪᠦᠮ ᠤᠨ ᠮᠡᠷᠭᠡᠨ ᠭᠡᠭᠡᠨ ᠠᠴᠠ ᠨᠠᠷ᠎ᠡ ᠠᠰᠠᠭᠤᠨ᠂ ᠪᠠᠳᠤᠬᠠᠭᠠᠯᠭ᠎ᠠ ᠪᠠᠯᠭᠠᠰᠤᠨ ᠤ ᠬᠢᠨ ᠶᠡᠭᠡ ᠪᠠᠷ ᠰᠢᠨᠡᠳᠭᠡᠨ ᠵᠠᠰᠠᠵᠦ᠂ ᠪᠠᠳᠤᠬᠠᠭᠠᠯᠭ᠎ᠠ ᠪᠠᠯᠭᠠᠰᠤᠨ ᠤ ᠤᠪᠤᠭ᠎ᠠ ᠭᠡᠵᠦ ᠵᠢᠯ ᠪᠦᠷᠢ ᠶᠡᠭᠡ ᠪᠠᠷ ᠲᠠᠬᠢᠳᠠᠭ ᠪᠤᠯᠤᠭᠰᠡᠨ ᠶᠤᠮ᠃          
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号