ᠪᠠᠭᠠᠳᠤᠷ ᠬᠢᠭᠡᠳ ᠰᠢᠳᠦᠭᠡᠨ — ᠮᠤᠩᠭᠤᠯ ᠦᠨᠳᠦᠰᠦᠲᠡᠨ ᠤ ᠨᠠᠶᠢᠷ ᠨᠠᠭᠠᠳᠤᠮ
ᠨᠡᠶᠢᠲᠡᠯᠡᠭᠰᠡᠨ ᠴᠠᠭ᠄
2019-10-21
     ᠪᠦᠭᠡ ᠪᠠᠷᠢᠯᠳᠤᠬᠤ᠂ ᠮᠤᠷᠢ ᠤᠷᠤᠯᠳᠤᠬᠤ᠂ ᠰᠤᠷ ᠬᠠᠷᠪᠤᠬᠤ ᠪᠤᠯ ᠮᠤᠩᠭᠤᠯ ᠦᠨᠳᠦᠰᠦᠲᠡᠨ ᠤ ᠬᠠᠮᠤᠭ ᠤᠨ ᠲᠤᠷ᠎ᠡ ᠪᠠᠭ᠋ᠠᠳᠠᠢ ᠪᠡᠶ᠎ᠡ ᠲᠠᠮᠢᠷ ᠤᠨ ᠬᠦᠲᠡᠯᠭᠡᠭᠡᠨ ᠮᠦᠨ᠃ ᠮᠦᠨ ᠴᠦ ᠨᠠᠭᠠᠳᠤᠮ ᠤᠨ ᠬᠤᠷᠡᠯ ᠳᠤ ᠲᠤᠳᠠᠵᠦ ᠪᠤᠯᠤᠰᠢ ᠦᠭᠡᠢ ᠠᠭᠤᠯᠭ᠎ᠠ ᠶᠤᠮ᠃ ᠪᠦᠭᠡ ᠪᠠᠷᠢᠯᠳᠤᠬᠤ ᠳᠤ ᠪᠦᠭᠡᠴᠢᠨ ᠤ ᠡᠮᠦᠰᠭᠡᠯ ᠭᠡᠵᠦ ᠤᠨᠴᠠᠭᠠᠢ ᠬᠢᠴᠡ ᠲᠠᠢ ᠵᠤᠳᠤᠭ ᠪᠠᠶᠢᠳᠠᠭ ᠪᠦᠭᠡᠳ ᠪᠦᠭᠡ ᠶᠢᠨ ᠲᠦᠷᠢᠮ ᠭᠡᠵᠦ ᠪᠠᠶᠢᠳᠠᠭ ᠶᠤᠮ᠃ ᠡᠶᠢᠮᠦ ᠠᠴᠠ ᠪᠠᠰᠡ ᠮᠤᠩᠭᠤᠯ ᠪᠦᠭᠡ ᠬᠡᠲᠡᠭ᠃ ᠮᠤᠩᠭᠤᠯ ᠪᠦᠭᠡ ᠳᠤ ᠬᠤᠶᠠᠷ ᠤᠨ ᠨᠤᠭᠤᠯᠤᠭ᠎ᠠ ᠪᠠᠷ ᠲᠠᠪᠰᠢᠳᠠᠭ᠃ ᠵᠢᠱᠢᠶ᠎ᠡ ᠨᠢ ᠨᠠᠢᠮᠠ᠂ ᠠᠷᠪᠠᠨ ᠵᠢᠷᠭᠤᠭ᠎ᠠ᠂ ᠭᠤᠴᠢᠨ ᠬᠤᠶᠠᠷ ᠭᠡᠵᠦ ᠬᠤᠤᠰ ᠲᠤᠭ᠎ᠠ ᠪᠠᠷ ᠲᠡᠪᠰᠢᠨ᠎ᠡ᠃ ᠪᠠᠷᠢᠯᠳᠤᠭᠠᠨ ᠳᠤ ᠰᠢᠷᠤᠶᠢᠳᠤᠬᠰᠡᠨ ᠪᠦᠭᠡ ᠭᠤᠭᠤᠵᠢᠬᠳᠠᠵᠦ ᠢᠯᠠᠭᠰᠠᠨ ᠪᠦᠭᠡ ᠨᠤᠭᠤᠯᠤᠭ᠎ᠠ ᠲᠠᠪᠠᠳᠠᠭ᠃ ᠮᠤᠩᠭᠤᠯ ᠪᠦᠭᠡ ᠪᠠᠷᠢᠯᠳᠤᠬᠤ ᠳᠤ ᠬᠦᠯ ᠲᠠᠪᠠᠷᠢᠵᠦ ᠪᠤᠯᠳᠠᠭ ᠦᠭᠡᠢ ᠤᠨᠴᠠᠯᠢᠭ ᠲᠠᠢ᠃ ᠨᠢᠭᠤᠷ ᠠᠮᠠ ᠨᠢᠲᠦ ᠴᠢᠬᠢ ᠳᠤ ᠭᠠᠷ ᠬᠦᠷᠴᠦ ᠪᠤᠯᠬᠤ ᠦᠭᠡᠢ ᠪᠦᠭᠡᠳ ᠭᠡᠵᠢᠭᠡ ᠦᠰᠦᠨ ᠠᠴᠠ ᠵᠤᠮᠠᠭᠠᠬᠤ᠂ ᠬᠡᠳᠡᠰᠦ ᠬᠡᠪᠡᠯᠢ ᠢᠰᠬᠦᠯᠭᠦ ᠪᠤᠶᠦ ᠡᠪᠦᠳᠦᠭ ᠠᠴᠠ ᠲᠡᠭᠡᠭᠰᠢ ᠠᠯᠢ ᠴᠦ ᠭᠠᠵᠠᠷ ᠢ ᠬᠦᠨᠳᠡᠵᠦ ᠦᠯᠦ ᠪᠤᠯᠤᠨ᠎ᠡ᠃ ᠮᠤᠩᠭᠤᠯ ᠪᠦᠭᠡ ᠳᠤ ᠮᠠᠰᠢ ᠤᠯᠠᠨ ᠮᠡᠭᠡ ᠲᠡᠮ ᠪᠠᠶᠢᠳᠠᠭ᠃ ᠵᠤᠳᠤᠭ ᠪᠤᠯᠢᠶᠠᠬᠤ᠂ ᠵᠤᠳᠤᠭ ᠵᠠᠳᠠᠯᠬᠤ᠂ ᠪᠠᠷᠢᠴᠡ ᠲᠦᠯᠬᠢᠬᠦ᠂ ᠲᠠᠷᠤᠬᠤ ᠵᠡᠷᠭᠡ ᠠᠷᠪᠠᠨ ᠭᠤᠷᠪᠠᠨ ᠦᠨᠳᠦᠰᠦᠨ ᠤᠷ᠎ᠡ ᠲᠠᠮ ᠠᠴᠠ ᠵᠠᠭᠤ ᠭᠠᠷᠤᠢ ᠠᠷᠭ᠎ᠠ ᠮᠡᠭᠡ ᠤᠯᠠᠷᠢᠨ ᠬᠤᠪᠢᠷᠠᠭᠰᠡᠨ ᠪᠠᠶᠢᠳᠠᠭ ᠠᠵᠤᠭᠤ᠃ ᠪᠦᠭᠡ ᠶᠢᠨ ᠵᠤᠳᠤᠭ ᠢ ᠦᠭᠡᠷ ᠤᠨ ᠰᠢᠷᠢ᠂ ᠪᠤᠭᠤ ᠶᠢᠨ ᠠᠷᠡᠰᠦ ᠪᠤᠶᠦ ᠲᠡᠮᠡᠭᠡᠨ ᠤ ᠠᠷᠡᠰᠦ ᠪᠠᠷ ᠬᠢᠲᠡᠭ᠃ ᠵᠤᠳᠤᠭ ᠤᠨ ᠡᠮᠵᠢᠶᠠᠷᠢ᠂ ᠤᠭᠠᠯᠵᠠ᠂ ᠲᠤᠪᠤᠷᠤᠤ ᠴᠢᠮᠡᠭᠯᠡᠯ ᠢ ᠭᠠᠦᠯᠢ ᠪᠠᠷ ᠬᠢᠵᠦ᠂ ᠪᠤᠯᠢᠭᠠᠷᠢ ᠭᠤᠳᠤᠯ᠂ ᠰᠤᠷ ᠪᠤᠶᠦ ᠲᠤᠷᠳᠤᠩ ᠪᠦᠰᠡ ᠪᠦᠰᠡᠯᠡᠵᠦ᠂ ᠨᠦᠬᠦᠭᠡ ᠡᠲᠡᠭᠡᠳ ᠤᠨ ᠪᠠᠷᠢᠴᠡ ᠪᠠᠷᠢᠬᠤ ᠳᠤ ᠲᠦᠭᠦᠮ ᠦᠵᠡᠭᠦᠯᠲᠡᠭ᠃ ᠠᠯᠳᠠᠷᠲᠦ ᠪᠦᠭᠡᠴᠢᠨ ᠵᠠᠩᠬᠢᠶ᠎ᠡ ᠵᠡᠭᠦᠵᠦ ᠪᠠᠶᠢᠳᠠᠭ ᠨᠢ ᠤᠯᠠᠨ ᠪᠠᠷᠢᠯᠳᠤᠭᠠᠨ ᠳᠤ ᠦᠵᠦᠭᠦᠷᠯᠡᠭᠰᠡᠨ ᠤ ᠪᠡᠯᠭᠡ ᠲᠡᠮᠲᠡᠭ ᠮᠦᠨ᠃ ᠪᠦᠭᠡ ᠪᠠᠷᠢᠯᠳᠤᠭᠠᠨ ᠨᠢ ᠨᠠᠭᠠᠳᠤᠮ ᠤᠨ ᠬᠤᠷᠡᠯ ᠤᠨ ᠴᠢᠬᠤᠯᠠ ᠵᠦᠢᠯ ᠪᠤᠯᠬᠤ ᠪᠦᠭᠡᠳ ᠡᠩ ᠤᠨ ᠴᠠᠭ ᠲᠤ ᠮᠠᠰᠢ ᠲᠦᠭᠡᠮᠡᠯᠵᠢᠭᠰᠡᠨ ᠬᠦᠲᠡᠯᠭᠡᠭᠡᠨ ᠪᠤᠯᠤᠨ᠎ᠡ᠃      ᠮᠤᠩᠭᠤᠯ ᠦᠨᠳᠦᠰᠦᠲᠡᠨ ᠪᠤᠯ ᠮᠤᠷᠢᠨ ᠲᠡᠭᠡᠷ᠎ᠡ ᠠᠴᠠ ᠬᠠᠷᠪᠤᠵᠦ ᠨᠠᠮᠨᠠᠬᠤ ᠳᠠᠭᠠᠨ ᠴᠢᠳᠠᠮᠠᠭᠠᠢ ᠪᠠᠶᠢᠳᠠᠭ ᠪᠤᠯᠬᠤᠷ ︽ᠮᠤᠷᠢᠲᠡᠨ ᠦᠨᠳᠦᠰᠦᠲᠡᠨ︾ ᠬᠡᠲᠡᠭ ᠪᠢᠯᠡ᠃ ᠠᠬᠲᠡ ᠬᠦᠯᠦᠭ ᠨᠢ ᠮᠤᠩᠭᠤᠯ ᠦᠨᠳᠦᠰᠦᠲᠡᠨ ᠤ ᠠᠵᠦ ᠠᠬᠤᠢ ᠶᠢᠨ ᠲᠡᠦᠭᠡ᠂ ᠴᠡᠷᠢᠭ ᠲᠠᠶᠢᠨ ᠤ ᠲᠡᠦᠭᠡᠨ ᠳᠤ ᠬᠡᠮᠵᠢᠶᠠᠯᠠᠰᠢ ᠦᠭᠡᠢ ᠶᠡᠭᠡ ᠵᠢᠳᠭᠦᠯ ᠦᠵᠡᠭᠦᠯᠦᠭᠰᠡᠨ ᠶᠤᠮ᠃ ᠮᠤᠷᠢ ᠤᠷᠤᠯᠳᠤᠬᠤ ᠨᠢ ᠮᠤᠩᠭᠤᠯ ᠦᠨᠳᠦᠰᠦᠲᠡᠨ ᠤ ᠡᠷ᠎ᠡ ᠶᠢᠨ ᠭᠤᠷᠪᠠᠨ ᠨᠠᠭᠠᠳᠤᠮ ᠤᠨ ᠨᠢᠭᠡ ᠪᠤᠯᠬᠤᠷ ᠲᠡᠯ᠎ᠡ ᠨᠤᠳᠤᠭ ᠤᠨ ᠮᠠᠯᠴᠢᠳ ᠤᠨ ᠪᠠᠬ᠎ᠠ ᠰᠤᠨᠢᠷᠬᠠᠯ ᠢ ᠲᠠᠳᠠᠳᠠᠭ ᠪᠢᠯᠡ᠃ ᠪᠠᠶᠠᠷ ᠲᠤᠷᠠᠰᠬᠠᠯ ᠤᠨ ᠡᠳᠤᠷ ᠪᠤᠯᠬᠤ ᠪᠤᠶᠦ ᠢᠯᠠᠩᠭᠤᠶ᠎ᠠ ᠬᠤᠷ᠎ᠡ ᠪᠤᠷᠤᠭᠠᠨ ᠲᠡᠩᠴᠡᠵᠦ ᠬᠤᠨᠢ ᠮᠠᠯ ᠲᠠᠷᠭᠤᠯᠠᠭᠰᠡᠨ ᠤᠯᠠᠷᠢᠯ ᠳᠤ ᠲᠡᠯ᠎ᠡ ᠨᠤᠳᠤᠭ ᠲᠤ ᠶᠡᠭᠡ ᠪᠠᠭ᠎ᠠ ᠬᠡᠪᠴᠢᠶᠡᠨ ᠤ ᠮᠤᠷᠢᠨ ᠤ ᠤᠷᠤᠯᠳᠤᠭᠠᠨ ᠶᠠᠪᠤᠬᠳᠠᠳᠠᠭ ᠶᠤᠮ᠃ ᠤᠷᠤᠯᠳᠤᠭᠠᠨ ᠳᠤ ᠤᠷᠤᠯᠴᠠᠬᠤ ᠬᠦᠮᠦᠰ ᠢ ᠤᠯᠠᠨ ᠴᠦᠭᠡᠨ᠂ ᠬᠦᠭᠰᠢᠨ ᠵᠠᠯᠠᠭᠤ ᠭᠡᠵᠦ ᠢᠯᠭᠠᠬᠤ ᠦᠭᠡᠢ᠂ ᠵᠢᠷᠭᠤᠭᠠᠨ ᠨᠠᠰᠤᠳᠠᠢ ᠭᠡᠦᠭᠡᠳ ᠠᠴᠠ ᠵᠢᠷᠠ ᠬᠦᠷᠦᠭᠰᠡᠨ ᠡᠪᠦᠭᠡᠳ ᠬᠦᠷᠲᠡᠯ᠎ᠡ ᠪᠦᠷ ᠤᠷᠤᠯᠴᠠᠵᠦ ᠪᠤᠯᠤᠨ᠎ᠡ᠃ ᠤᠷᠤᠯᠳᠤᠭᠠᠨ ᠤ ᠮᠤᠷᠢ ᠶᠢ 50 — 70 ᠭᠠᠵᠠᠷ ᠬᠦᠶᠦᠯᠭᠡᠲᠡᠭ᠃ ᠤᠷᠤᠯᠳᠤᠭᠠᠨ ᠲᠠᠭᠤᠰᠪᠠᠯ ᠱᠠᠩ ᠬᠦᠷᠲᠡᠭᠡᠵᠦ ᠲᠦᠷᠦᠭᠦᠦ ᠮᠤᠷᠢ ᠶᠢ ᠰᠠᠭᠠᠯᠢ ᠶᠢᠨ ᠠᠷᠡᠵᠠ᠂ ᠰᠢᠷ᠎ᠡ ᠲᠤᠰᠤ ᠵᠡᠷᠭᠡ ᠪᠠᠷ ᠮᠢᠯᠢᠶᠠᠵᠦ ᠮᠤᠷᠢᠨ ᠤ ᠮᠠᠬᠳᠠᠭᠠᠯ ᠡᠷᠭᠦᠲᠡᠭ᠃      ᠰᠤᠷ ᠬᠠᠷᠪᠤᠬᠤ ᠪᠤᠯ ᠮᠤᠩᠭᠤᠯ ᠦᠨᠳᠦᠰᠦᠲᠡᠨ ᠤ ᠬᠠᠮᠤᠭ ᠤᠨ ᠡᠷᠲᠡᠨ ᠤ ᠲᠠᠮᠢᠷ ᠤᠨ ᠲᠦᠷᠦᠯ ᠵᠦᠢᠯ ᠤᠨ ᠨᠢᠭᠡ ᠪᠤᠯᠤᠨ᠎ᠡ᠃ ᠮᠦᠨ ᠴᠦ ᠨᠠᠭᠠᠳᠤᠮ ᠤᠨ ᠬᠤᠷᠡᠯ ᠤᠨ ᠴᠢᠬᠤᠯᠠ ᠬᠦᠲᠡᠯᠭᠡᠭᠡᠨ ᠶᠤᠮᠰᠠᠨ᠃      ᠮᠤᠩᠭᠤᠯ ᠦᠨᠳᠦᠰᠦᠲᠡᠨ ᠬᠠᠷᠪᠤᠵᠦ ᠨᠠᠮᠨᠠᠬᠤ ᠳᠠᠭᠠᠨ ᠴᠢᠳᠠᠮᠠᠭᠠᠢ ᠶᠤᠮ᠃ ᠰᠤᠷ ᠬᠠᠷᠪᠤᠬᠤ ᠳᠤ ᠵᠤᠬᠰᠤᠭ᠎ᠠ  ᠪᠠᠷ ᠬᠠᠷᠪᠤᠬᠤ᠂ ᠮᠤᠷᠢᠨ ᠲᠡᠭᠡᠷ᠎ᠡ ᠠᠴᠠ ᠬᠠᠷᠪᠤᠬᠤ᠂ ᠬᠤᠯᠠ ᠬᠠᠷᠪᠤᠬᠤ ᠭᠡᠵᠦ ᠭᠤᠷᠪᠠᠨ ᠵᠦᠢᠯ ᠪᠠᠶᠢᠳᠠᠭ᠃ ᠬᠠᠷᠪᠤᠬᠤ ᠵᠠᠢ ᠶᠢ ᠬᠤᠷᠢᠨ ᠲᠡᠪᠤᠨ ᠠᠯᠬᠤᠮ᠂ ᠲᠠᠪᠢᠨ ᠠᠯᠬᠤᠮ᠂ ᠵᠠᠭᠤᠨ ᠠᠯᠬᠤᠮ ᠭᠡᠵᠦ ᠬᠤᠪᠢᠶᠠᠨ᠎ᠡ᠃ ᠰᠤᠷ ᠬᠠᠷᠪᠤᠯᠲᠡ ᠳᠤ ᠡᠷᠡᠭᠲᠠᠢ ᠡᠮᠡᠭᠲᠠᠢ᠂ ᠬᠦᠭᠰᠢᠨ ᠵᠠᠯᠠᠭᠤ ᠭᠡᠵᠦ ᠢᠯᠭᠠᠳᠠᠭ ᠦᠭᠡᠢ᠃ ᠤᠷᠤᠯᠳᠤᠭᠠᠨ ᠳᠤ ᠤᠷᠤᠯᠴᠠᠭᠰᠠᠳ ᠴᠦᠮ ᠦᠪᠡᠷ  ᠤᠨ ᠮᠤᠷᠢ ᠤᠨᠤᠭ᠎ᠠ᠂ ᠨᠤᠮᠤ ᠰᠠᠭᠠᠳᠠᠭ ᠢᠶᠠᠨ ᠪᠡᠯᠡᠳᠭᠡᠲᠡᠭ᠃ ᠨᠤᠮᠤ ᠰᠤᠮᠤᠨ ᠤ ᠬᠡᠯᠪᠡᠷᠢ ᠶᠠᠩᠵᠦ᠂ ᠨᠤᠮᠤ ᠶᠢᠨ ᠲᠠᠳᠠᠯᠲᠡ ᠲᠡᠯᠡᠯᠲᠡ ᠶᠢᠨ ᠲᠤᠷᠪᠢ ᠵᠢᠴᠢ ᠤᠷᠲᠦ ᠶᠢᠨ ᠬᠡᠮᠵᠢᠶ᠎ᠡ᠂ ᠬᠦᠨᠳᠤᠴᠡ ᠨᠢ ᠪᠦᠷ ᠠᠳᠠᠯᠢ ᠦᠭᠡᠢ ᠪᠠᠶᠢᠳᠠᠭ᠃ ᠤᠷᠤᠯᠳᠤᠭᠠᠨ ᠶᠢᠨ ᠲᠦᠷᠢᠮ ᠳᠤ ᠭᠤᠷᠪᠠᠨ ᠡᠭᠡᠯᠵᠢ ᠶᠢᠰᠦᠨ ᠰᠤᠮᠤ ᠶᠢᠨ ᠬᠢᠵᠠᠭᠠᠷ ᠲᠠᠢ᠃ ᠬᠦᠮᠦᠨ ᠪᠦᠷᠢ ᠨᠢᠭᠡ ᠡᠬᠡᠯᠵᠢᠨ ᠳᠤ ᠭᠤᠷᠪᠠᠨ ᠰᠤᠮᠤ ᠯᠡ ᠬᠠᠷᠪᠤᠳᠠᠭ᠃ ᠫᠠᠢ ᠶᠢ ᠤᠨᠤᠭᠰᠡᠨ ᠲᠤᠭ᠎ᠠ ᠪᠠᠷ ᠪᠦᠷᠢᠳᠭᠡᠵᠦ ᠨᠠᠷᠡᠰ ᠵᠢᠬᠰᠠᠭᠠᠳᠠᠭ᠃ ᠵᠤᠭᠰᠤᠭ᠎ᠠ ᠪᠠᠷ ᠬᠠᠷᠪᠤᠬᠤ ᠳᠤ ᠨᠢᠭᠡ ᠬᠦᠮᠦᠨ ᠪᠤᠶᠦ ᠨᠠᠯᠢᠶᠠᠳ ᠬᠡᠳᠤᠨ ᠬᠦᠮᠦᠨ ᠵᠡᠷᠭᠡ ᠪᠠᠷ ᠬᠠᠷᠪᠤᠵᠦ ᠪᠤᠯᠳᠠᠭ᠃ ᠮᠤᠷᠢᠨ ᠲᠡᠪᠬᠢᠶ᠎ᠡ ᠪᠠᠷ ᠬᠠᠷᠪᠤᠬᠤ ᠳᠤ ᠭᠤᠤᠯᠳᠠᠭᠤ ᠨᠠᠶᠢᠷ ᠨᠠᠭᠠᠳᠤᠮ ᠤᠨ ᠴᠤᠬᠯᠠᠭᠠᠨ ᠳᠤ ᠶᠠᠪᠤᠬᠳᠠᠳᠠᠭ᠃ ᠰᠤᠷ ᠬᠠᠷᠪᠤᠬᠴᠢ ᠮᠤᠷᠢ ᠲᠠᠪᠬᠢᠭᠤᠯᠤᠨ ᠨᠠᠯᠢᠶᠠᠳ ᠵᠠᠶᠢᠳᠠᠢ ᠭᠠᠵᠠᠷ ᠠᠴᠠ ᠬᠠᠷᠪᠤᠳᠠᠭ᠃ 1225 ᠤᠨ ᠳᠤ ︽ᠶᠢᠰᠦᠩᠭᠡ ᠶᠢᠨ ᠬᠦᠰᠢᠶᠠᠨ ᠤ ᠪᠢᠴᠢᠭ︾ ᠲᠤ ᠴᠢᠩᠭᠢᠰ ᠬᠠᠭᠠᠨ ᠤ ᠠᠴᠢ ᠬᠦᠪᠡᠭᠦᠨ ᠶᠢᠰᠦᠩᠭᠡ 500 ᠮᠧᠲᠷ ᠬᠤᠯᠠ ᠬᠠᠷᠪᠤᠪᠡ ᠬᠡᠵᠡᠢ᠃ ᠬᠤᠯᠠ ᠶᠢᠨ ᠬᠠᠷᠪᠤᠯᠲᠡ ᠨᠢ ᠡᠷᠲᠡ ᠲᠡᠭᠡᠷ᠎ᠡ ᠦᠶ᠎ᠡ ᠠᠴᠠ ᠤᠯᠠᠮᠵᠢᠯᠠᠵᠦ ᠢᠷᠡᠪᠡ᠃ ᠰᠤᠷ ᠬᠠᠷᠪᠤᠯᠲᠡ ᠨᠢ ᠲᠡᠦᠭᠡᠨ ᠠᠴᠠ ᠠᠪᠤᠭᠠᠳ ᠮᠤᠩᠭᠤᠯᠴᠤᠳ ᠤᠨ ᠠᠮᠢᠳᠤᠷᠡᠯ ᠳᠤ ᠲᠤᠳᠠᠬᠳᠠᠵᠦ ᠪᠤᠯᠳᠠᠭ ᠦᠭᠡᠢ ᠵᠡᠪᠰᠡᠭ ᠪᠤᠯᠬᠤᠷ ᠬᠦᠮᠦᠰ ᠲᠡᠳᠡᠭᠡᠷ ᠰᠢᠯᠢᠲᠡᠭ ᠴᠡᠴᠡᠨ ᠬᠠᠷᠪᠤᠭᠠᠴᠢ ᠪᠠᠨ ᠬᠠᠶᠢᠷᠠᠯᠠᠨ ᠬᠦᠨᠳᠦᠯᠡᠲᠡᠭ᠃ ᠬᠠᠷᠪᠤᠭᠠᠴᠢᠨ ᠴᠦ ᠬᠦᠮᠦᠨ ᠤᠯᠠᠨ ᠤ ᠡᠮᠦᠨ᠎ᠡ ᠰᠤᠷ ᠬᠠᠷᠪᠤᠵᠦ ᠴᠠᠴᠡ ᠮᠡᠷᠭᠡ ᠪᠠᠨ ᠭᠠᠶᠢᠬᠠᠭᠤᠯᠬᠤ ᠲᠤᠷᠠᠳᠠᠢ ᠪᠠᠶᠢᠳᠠᠭ᠃ ᠡᠶᠢᠮᠦ ᠠᠴᠠ ᠰᠤᠷ ᠬᠠᠷᠪᠤᠯᠲᠡ ᠨᠢ ᠴᠢᠬᠤᠯᠠ ᠨᠢᠭᠡ ᠪᠡᠶ᠎ᠡ ᠲᠠᠮᠢᠷ ᠤᠨ ᠬᠦᠲᠡᠯᠭᠡᠭᠡᠨ ᠪᠤᠯᠵᠦ ᠤᠷᠤᠯᠳᠤᠳᠠᠭ ᠪᠤᠯᠵᠠᠢ᠃ ᠰᠤᠷ ᠬᠠᠷᠪᠤᠯᠲᠡ ᠨᠢ ᠬᠦᠮᠦᠰ ᠤᠨ ᠪᠡᠶ᠎ᠡ ᠮᠠᠬᠠᠪᠤᠳ ᠢᠶᠠᠨ ᠪᠤᠯᠪᠠᠰᠤᠷᠠᠭᠤᠯᠬᠤ ᠳᠤ ᠲᠤᠰᠡ  ᠲᠠᠢ ᠪᠠᠶᠢᠵᠦ᠂ ᠯᠠᠪᠳᠠᠭᠤᠨ ᠨᠢᠮᠪᠠᠢ᠂ ᠰᠢᠭᠤᠷᠬᠠᠢ ᠵᠠᠩ ᠴᠢᠨᠠᠷ ᠢ ᠬᠦᠮᠦᠵᠢᠭᠦᠯᠲᠡᠭ ᠰᠡᠨ᠃      ᠲᠡᠮᠡᠭᠡ ᠤᠷᠤᠯᠳᠤᠬᠤ ᠪᠤᠯᠤᠨ ᠮᠤᠩᠭᠤᠯ ᠰᠢᠲᠡᠷ᠎ᠡ ᠲᠠᠯᠪᠢᠬᠤ ᠪᠤᠯ ᠮᠤᠩᠭᠤᠯ ᠦᠨᠳᠦᠰᠦᠲᠡᠨ ᠤ ᠤᠳᠤᠮᠰᠢᠯᠲᠦ ᠲᠠᠮᠢᠷ ᠤᠨ ᠬᠦᠲᠡᠯᠭᠡᠭᠡᠨ ᠪᠤᠯᠤᠨ᠎ᠡ᠃ ᠲᠡᠮᠡᠭᠡ ᠤᠷᠤᠯᠳᠤᠬᠤ ᠨᠢ ᠭᠤᠤᠯᠳᠠᠭᠤ ︽ᠲᠡᠮᠡᠭᠡᠨ ᠤ ᠨᠤᠳᠤᠭ︾ ᠭᠡᠵᠦ ᠠᠯᠲᠡᠷᠰᠢᠬᠰᠡᠨ ᠦᠪᠦᠷ ᠮᠤᠩᠭᠤᠯ ᠤᠨ ᠪᠠᠷᠠᠭᠤᠨ ᠬᠡᠰᠡᠭ ᠤᠷᠤᠨ ᠤ ᠠᠯᠠᠱᠠ ᠤᠷᠴᠢᠮ ᠢᠶᠠᠷ ᠶᠠᠪᠤᠬᠳᠠᠳᠠᠭ᠃ ᠡᠩ  ᠤᠨ ᠪᠠᠶᠢᠲᠡᠯ ᠳᠤ ᠪᠠᠶᠠᠷ ᠲᠤᠷᠠᠰᠬᠠᠯ ᠤᠨ ᠡᠳᠤᠷ ᠲᠤ ᠲᠡᠮᠡᠭᠡ ᠤᠷᠤᠯᠳᠤᠬᠤ ᠰᠤᠷ ᠬᠠᠷᠪᠤᠬᠤ ᠵᠡᠷᠭᠡ ᠤᠷᠤᠯᠳᠤᠭᠠᠨ ᠶᠠᠪᠤᠭᠤᠯᠳᠠᠭ᠃ ᠲᠡᠮᠡᠭᠡ ᠤᠷᠤᠯᠳᠤᠬᠤ ᠳᠤ ᠡᠷᠡᠭᠲᠠᠢ ᠡᠮᠡᠭᠲᠠᠢ ᠭᠡᠵᠦ ᠢᠯᠭᠠᠳᠠᠭ ᠦᠭᠡᠢ᠃ ᠤᠷᠢᠳ ᠢᠶᠠᠷ ᠰᠠᠶᠢᠳᠤᠷ ᠰᠤᠷᠭᠠᠭᠤᠯᠢᠯᠠᠯ ᠬᠢᠲᠡᠭ᠃ ᠪᠠᠷᠤᠭ 5 — 40 ᠺᠢᠯᠤᠮᠧᠲᠷ ᠤᠨ ᠵᠠᠢ ᠳᠤ ᠤᠷᠤᠯᠳᠤᠵᠦ᠂ ᠡᠴᠤᠰ ᠤᠨ ᠱᠤᠭᠤᠮ ᠳᠤ ᠤᠷᠢᠳ ᠢᠶᠠᠷ ᠬᠦᠷᠴᠦ ᠢᠷᠡᠭᠰᠡᠨ ᠢ ᠲᠡᠷᠢᠭᠦᠯᠡᠭᠰᠡᠨ ᠢᠶᠠᠷ ᠦᠵᠡᠲᠡᠭ᠃ ᠲᠡᠮᠡᠭᠡᠨ ᠲᠡᠭᠡᠷ᠎ᠡ ᠠᠴᠠ ᠫᠤᠤ ᠫᠤᠤᠳᠠᠬᠤ ᠳᠤ ᠫᠠᠢ ᠶᠢ ᠤᠨᠤᠭᠰᠡᠨ ᠤᠯᠠᠨ ᠴᠦᠭᠡᠨ ᠢᠶᠠᠷ ᠢᠯᠡᠵᠦ ᠢᠯᠡᠬᠳᠠᠭᠰᠡᠨ ᠢ ᠲᠤᠳᠤᠯᠠᠳᠠᠭ᠃       ᠲᠡᠮᠡᠭᠡ ᠬᠡᠲᠡᠭ ᠠᠮᠢᠲᠡᠨ ᠢ ᠦᠵᠡᠭᠦ ᠳᠤ ᠪᠡᠶ᠎ᠡ ᠨᠢ ᠲᠤᠮᠤ᠂ ᠬᠦᠲᠡᠭᠢ ᠪᠢᠳᠠᠭᠤ ᠰᠢᠭ᠋ ᠬᠠᠷᠠᠬᠳᠠᠳᠠᠭ᠃ ᠦᠨᠡᠨ  ᠳᠡᠭᠡᠨ ᠲᠡᠶᠢᠮᠦ ᠪᠤᠰᠤ᠃ ᠰᠤᠷᠭᠠᠭᠤᠯᠢᠯᠠᠯ ᠲᠠᠢ ᠲᠡᠮᠡᠭᠡ ᠤᠷᠤᠯᠳᠤᠭᠠᠨ ᠳᠤ ᠲᠡᠪᠬᠢᠬᠤ ᠨᠢ ᠲᠡᠯ᠎ᠡ ᠨᠤᠳᠤᠭ ᠤᠨ ᠠᠬᠲᠡ ᠬᠦᠯᠦᠭ ᠠᠴᠠ ᠬᠤᠴᠤᠷᠬᠤ ᠦᠭᠡᠢ᠃ ᠤᠷᠴᠢᠮ ᠤᠨ ᠵᠢᠯ ᠤᠳ ᠲᠤ ᠲᠡᠮᠡᠭᠡ ᠤᠷᠤᠯᠳᠤᠬᠤ ᠳᠤ ᠤᠷᠤᠯᠳᠤᠭᠠᠨ ᠤ ᠤᠷ᠎ᠡ ᠲᠡᠮ ᠪᠡ ᠮᠡᠷᠭᠡᠵᠢᠯ ᠤᠨ ᠴᠢᠨᠠᠷ ᠢ ᠤᠶᠠᠯᠳᠤᠭᠤᠯᠤᠭᠰᠡᠨ ᠠᠴᠠ ᠲᠤᠰᠬᠠᠢ ᠲᠡᠯᠡᠪᠠᠢ ᠳᠤ ᠤᠷᠤᠯᠳᠤᠬᠤ ᠬᠠᠮᠲᠦ  ᠶᠢᠨ ᠤᠷᠤᠯᠳᠤᠭᠠᠨ᠂ ᠪᠤᠤᠬᠢᠶ᠎ᠡ ᠲᠠᠮᠵᠢᠭᠤᠯᠬᠤ ᠤᠷᠤᠯᠳᠤᠭᠠᠨ ᠵᠡᠷᠭᠡ ᠨᠢ ᠬᠦᠮᠦᠰ ᠤᠨ ᠲᠤᠷ᠎ᠡ ᠠᠩᠬᠠᠷᠤᠯ ᠢ ᠶᠠᠭᠡᠲᠡ ᠲᠠᠳᠠᠵᠦ ᠪᠤᠢ᠃ 1985 ᠤᠨ ᠳᠤ ᠦᠨᠳᠦᠰᠦᠲᠡᠨ ᠤ ᠪᠡᠶ᠎ᠡ ᠲᠠᠮᠢᠷ ᠤᠨ ᠬᠦᠲᠡᠯᠭᠡᠭᠡᠨ ᠲᠡᠭᠡᠷ᠎ᠡ ᠲᠡᠮᠡᠭᠡᠨ ᠤᠷᠤᠯᠳᠤᠭᠠᠨ ᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ︽ᠨᠠᠭᠠᠳᠤᠮ ᠤᠨ ᠬᠤᠷᠡᠯ︾ ᠤᠨ ᠦᠨᠳᠦᠰᠦᠲᠡᠨ ᠤ ᠪᠡᠶ᠎ᠡ ᠲᠠᠮᠢᠷ ᠤᠨ ᠵᠢᠩᠭᠢᠨᠢ ᠤᠷᠤᠯᠳᠤᠬᠤ ᠲᠦᠷᠦᠯ ᠵᠦᠢᠯ ᠢᠶᠠᠷ ᠲᠤᠬᠳᠠᠭᠠᠪᠡ᠃      ᠮᠤᠩᠭᠤᠯ ᠰᠢᠲᠡᠷ᠎ᠡ ᠪᠤᠯ ᠦᠪᠦᠷ ᠮᠤᠩᠭᠤᠯ ᠤᠨ ᠠᠷᠡᠳ ᠤᠨ ᠲᠤᠮᠲᠡ ᠦᠷᠭᠡᠨ ᠲᠡᠯᠭᠡᠷ ᠶᠠᠪᠤᠬᠳᠠᠳᠠᠭ ᠨᠢᠭᠡ ᠵᠦᠢᠯ ᠤᠨ ᠲᠤᠬᠯᠠᠭᠠᠮ ᠪᠤᠯᠤᠨ᠎ᠡ᠃ ᠰᠢᠲᠡᠷ᠎ᠡ ᠶᠢᠨ ᠬᠦᠯᠭᠡ ᠶᠢ ᠪᠠᠷᠤᠭ ᠲᠠᠭᠠᠨ ᠬᠦᠢᠯᠡᠰᠦ ᠵᠡᠷᠭᠡ ᠬᠠᠳᠠᠭᠤᠪᠳᠤᠷ ᠮᠤᠳᠤᠨ ᠤ ᠦᠨᠳᠦᠰᠦ ᠪᠠᠷ ᠰᠠᠶᠢᠯᠵᠦ ᠬᠢᠲᠡᠭ᠃ ᠪᠠᠰᠡ ᠠᠮᠢᠲᠡᠨ ᠠᠷᠢᠶᠠᠳᠠᠨ ᠤ ᠶᠠᠰᠦ ᠪᠠᠷ ᠰᠠᠶᠢᠯᠵᠦ ᠬᠢᠲᠡᠭ ᠴᠦ ᠪᠤᠢ᠃ ᠪᠠᠰᠡ ᠬᠠᠶᠠ ᠮᠦᠩᠭᠦ᠂ ᠭᠠᠦᠯᠢ ᠵᠡᠷᠭᠡ ᠲᠠᠮᠦᠷᠯᠢᠭ ᠴᠢᠳᠬᠤᠮᠠᠯ ᠴᠦ ᠪᠠᠶᠢᠳᠠᠭ ᠪᠡ ᠤᠨᠴᠠᠭᠠᠢ ᠴᠢᠯᠠᠭᠤ ᠪᠠᠷ ᠰᠠᠶᠢᠯᠵᠦ ᠬᠢᠭᠰᠡᠨ ᠴᠦ ᠪᠤᠢ᠃ ᠲᠡᠭᠦᠨ ᠢᠶᠠᠨ ᠮᠤᠩᠭᠤᠯᠴᠤᠳ ᠤᠨ ᠪᠠᠭ᠋ᠠᠷᠬᠠᠳᠠᠭ ᠰᠦᠨ ᠴᠠᠭᠠᠨ ᠦᠩᠭᠡ ᠪᠤᠶᠦ ᠨᠤᠮᠢᠨ ᠬᠦᠭᠡ ᠦᠩᠭᠡ ᠪᠠᠷ ᠪᠤᠳᠤᠳᠠᠭ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号