ᠲᠤᠰᠤᠲᠦ ᠤᠪᠤᠭ᠎ᠠ
ᠨᠡᠶᠢᠲᠡᠯᠡᠭᠰᠡᠨ ᠴᠠᠭ᠄
2019-10-16
     ᠲᠤᠰᠤᠲᠦ ᠤᠪᠤᠭ᠎ᠠ ᠬᠡᠲᠡᠭ ᠨᠢ ᠪᠠᠭ᠎ᠠ ᠤᠩᠭᠤᠨ ᠰᠢᠶᠠᠩ ᠤᠨ ᠪᠤᠯᠤᠲᠦ ᠲᠤᠰᠬᠤᠨ ᠠᠴᠠ ᠵᠡᠭᠦᠨᠰᠢ ᠪᠠᠶᠢᠬᠤ ᠲᠦᠮᠡᠳ᠂ ᠲᠠᠷᠬᠠᠨ᠂ ᠲᠦᠷᠪᠠᠨ ᠬᠡᠦᠭᠡᠳ ᠤᠨ ᠸᠠᠩ ᠤᠨ ᠬᠤᠰᠢᠭᠤᠨ ᠤ ᠵᠠᠭᠠᠭ ᠲᠡᠭᠡᠷ᠎ᠡ ᠪᠠᠶᠢᠬᠤ ᠦᠨᠳᠦᠷ ᠠᠭᠤᠯᠡ  ᠶᠢᠨ ᠤᠷᠤᠢ ᠲᠡᠭᠡᠷ᠎ᠡ ᠪᠠᠶᠢᠬᠤ ᠤᠪᠤᠭ᠎ᠠ ᠶᠢ ᠬᠡᠯᠡᠨ᠎ᠡ᠃ ᠡᠨᠡ ᠨᠢ ᠭᠤᠷᠪᠠᠨ ᠬᠤᠰᠢᠭᠤᠨ ᠤ ᠵᠠᠭᠠᠭ ᠤᠨ ᠬᠡᠷᠡᠴᠢ ᠪᠤᠯᠤᠭᠰᠡᠨ ᠤᠪᠤᠭ᠎ᠠ ᠶᠤᠮ᠃      ᠤᠤᠯ ᠤᠨ ᠭᠤᠷᠪᠠᠨ ᠬᠤᠰᠢᠭᠤᠨ ᠤ ᠵᠠᠭᠠᠭ ᠨᠢ ᠤᠳᠤ ᠶᠢᠨ ᠲᠤᠰᠤᠲᠦ ᠤᠪᠤᠭᠠᠨ ᠠᠴᠠ ᠵᠠᠭᠦᠨ ᠲᠤᠤᠭᠤᠷ ᠦᠩᠭᠡᠷᠡᠭᠰᠡᠨ ᠲᠡᠮᠡᠭᠡᠨ ᠵᠢᠩ ᠤᠨ ᠵᠠᠮ ᠤᠨ ᠲᠡᠮᠲᠡᠭ ᠪᠤᠯᠤᠭᠰᠡᠨ ᠬᠦᠲᠦᠯ ᠲᠡᠭᠡᠷᠡᠬᠢ ᠬᠤᠤᠰ ᠰᠢᠷᠤᠢ ᠶᠢᠨ ᠤᠪᠤᠭ᠎ᠠ  ᠪᠠᠷ ᠲᠠᠮᠲᠡᠭ ᠪᠤᠯᠭᠠᠵᠦ ᠪᠠᠶᠢᠵᠠᠢ᠃ ᠰᠡᠭᠦᠯᠡᠷ ᠨᠢ ᠲᠠᠷᠬᠠᠨ ᠪᠡᠶᠢᠯᠡ ᠬᠤᠰᠢᠭᠤᠨ ᠪᠤᠯᠤᠨ ᠲᠦᠷᠪᠠᠨ ᠭᠡᠦᠭᠡᠳ ᠤᠨ ᠸᠠᠩ ᠤᠨ ᠬᠤᠰᠢᠭᠤᠨ ᠤ ᠨᠤᠶᠠᠳ ᠮᠡᠯᠵᠢᠶ᠎ᠡ ᠲᠠᠯᠪᠢᠵᠦ᠂ ᠲᠠᠷᠬᠠᠨ ᠪᠡᠶᠢᠯᠡ ᠶᠢᠨ ᠨᠤᠶᠠᠨ ᠱᠦᠭᠦᠭᠲᠡᠵᠦ᠂ ᠬᠤᠰᠢᠭᠤᠨ  ᠤ ᠵᠠᠭᠠᠭ ᠢᠶᠠᠨ ᠤᠬᠤᠷᠢᠭᠤᠯᠤᠨ ᠠᠭᠤᠯᠡ ᠶᠢᠨ ᠤᠷᠤᠢ ᠲᠡᠭᠡᠷ᠎ᠡ ᠭᠠᠷᠭᠠᠵᠦ ᠴᠢᠯᠠᠭᠤ ᠤᠪᠤᠭᠠᠯᠠᠨ ᠭᠤᠷᠪᠠᠨ ᠬᠤᠰᠢᠭᠤᠨ ᠤ ᠵᠠᠭᠠᠭ ᠲᠡᠮᠲᠡᠭ ᠪᠤᠯᠭᠠᠪᠡ᠃ ᠡᠭᠦᠨ ᠳᠤ ᠲᠦᠷᠪᠠᠨ ᠬᠡᠦᠭᠡᠳ ᠤᠨ ᠸᠠᠩ ᠤᠨ ᠬᠤᠰᠢᠭᠤᠨ ᠤ ᠮᠠᠯᠴᠢᠳ ᠪᠠᠶᠠᠷᠯᠠᠨ ᠠᠭᠤᠯᠡ ᠶᠢᠨ ᠤᠷᠤᠢ ᠲᠡᠭᠡᠷ᠎ᠡ ᠲᠡᠮᠲᠡᠭ ᠲᠠᠯᠪᠢᠬᠰᠡᠨ ᠤᠪᠤᠭᠠᠨ ᠳᠤ ᠰᠦ ᠡᠷᠭᠦᠨ ᠤᠪᠤᠭᠠᠨ ᠤ ᠴᠢᠯᠠᠭᠤ  ᠶᠢ ᠨᠢ ᠦᠭᠡᠬᠦ ᠲᠤᠰᠤ ᠪᠠᠷ ᠮᠢᠯᠢᠶᠠᠬᠰᠡᠨ ᠠᠴᠠ ᠲᠤᠰᠤᠲᠦ ᠤᠪᠤᠭ᠎ᠠ ᠬᠡᠮᠡᠨ ᠨᠡᠷᠡᠶᠢᠳᠦᠭᠡᠳ ᠡᠲᠦᠭᠡ ᠳᠤ ᠲᠤᠯᠵᠦ ᠢᠷᠡᠪᠡ᠃ ᠡᠨᠡ ᠪᠤᠯ ᠲᠤᠰᠬᠠᠢ ᠲᠠᠬᠢᠯᠭ᠎ᠠ ᠲᠠᠢ ᠤᠪᠤᠭ᠎ᠠ ᠪᠢᠰᠢ᠂ ᠵᠠᠷᠢᠮ ᠬᠦᠮᠦᠰ ᠤᠨ ᠦᠪᠡᠷ ᠤᠨ ᠲᠤᠷᠠᠰᠢᠯ ᠢᠶᠠᠷ  ᠢᠶᠠᠨ ᠭᠠᠷᠴᠦ ᠰᠠᠩ ᠲᠠᠯᠪᠢᠳᠠᠭ ᠤᠪᠤᠭ᠎ᠠ ᠪᠤᠯᠬᠤ ᠶᠤᠮ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号