ᠭᠤᠸ᠎ᠠ ᠦᠵᠡᠰᠭᠦᠯᠡᠩ ᠬᠢᠭᠡᠳ ᠤᠶᠠᠷᠠᠩᠭᠤᠢ ᠭᠤᠸᠠᠯᠢᠭ — ᠮᠤᠩᠭᠤᠯ ᠦᠨᠳᠦᠰᠦᠲᠡᠨ ᠤ ᠤᠷᠤᠭ ᠬᠤᠷᠢᠮ ᠤᠨ ᠵᠠᠩ ᠲᠡᠳᠬᠠᠯ
ᠨᠡᠶᠢᠲᠡᠯᠡᠭᠰᠡᠨ ᠴᠠᠭ᠄
2019-10-11
     ᠮᠤᠩᠭᠤᠯ ᠦᠨᠳᠦᠰᠦᠲᠡᠨ ᠤ ᠤᠷᠤᠭ ᠬᠤᠯᠪᠤᠭ᠎ᠠ ᠳᠤ ᠨᠢᠭᠡ ᠡᠷ᠎ᠡ ᠨᠢᠭᠡ ᠡᠮ᠎ᠡ ᠶᠢᠨ ᠲᠦᠷᠢᠮ ᠲᠠᠢ᠃ ᠦᠩᠭᠡᠷᠡᠭᠰᠡᠨ ᠳᠤ ᠤᠷᠤᠭ ᠤᠨ ᠤᠴᠢᠷ ᠢ ᠡᠴᠢᠭᠡ ᠡᠭᠡ ᠨᠢ ᠤᠷᠤᠯᠠᠨ ᠡᠵᠡᠨ ᠮᠡᠲᠡᠵᠦ᠂ ᠪᠡᠯᠡᠭ ᠰᠡᠯᠲᠡ ᠬᠦᠷᠭᠡᠨ ᠬᠤᠷᠢᠮᠯᠠᠭᠤᠯᠳᠠᠭ ᠪᠢᠯᠡ᠃ ᠴᠢᠯᠦᠭᠡᠯᠡᠭᠲᠡᠬᠦ ᠠᠴᠠ ᠡᠮᠦᠨ᠎ᠡ ᠸᠠᠩ ᠬᠦᠩ ᠢᠵᠠᠭᠤᠷᠲᠡᠨ᠂ ᠮᠠᠯ ᠤᠨ ᠡᠵᠡᠨ᠂ ᠭᠠᠵᠠᠷ ᠤᠨ ᠡᠵᠡᠨ ᠨᠢᠭᠡ ᠡᠷ᠎ᠡ ᠤᠯᠠᠨ ᠡᠭᠡᠨᠡᠷ ᠠᠪᠳᠠᠭ ᠲᠠᠳᠬᠠᠯ ᠲᠠᠢ ᠪᠠᠶᠢᠪᠡ᠃ ᠵᠠᠷᠢᠮ ᠴᠦᠭᠡᠪᠦᠷ ᠭᠠᠵᠠᠷ ᠪᠠᠰᠡ ᠠᠬ᠎ᠠ ᠨᠢ ᠪᠡᠶ᠎ᠡ ᠦᠩᠭᠡᠷᠡᠪᠡᠯ ᠲᠡᠭᠦᠦ ᠨᠢ ᠪᠡᠷᠭᠡᠨ ᠲᠠᠢ ᠪᠠᠨ ᠰᠠᠭᠤᠬᠤ᠂ ᠠᠶᠢᠯ ᠳᠤ ᠬᠦᠷᠭᠡᠨ ᠤᠷᠤᠬᠤ᠂ ᠨᠡᠷ᠎ᠡ ᠵᠢᠭᠠᠭᠰᠡᠨ ᠡᠷ᠎ᠡ ᠡᠮ᠎ᠡ ᠪᠤᠯᠬᠤ᠂ ᠡᠭᠡᠴᠢ ᠦᠬᠢᠨ ᠲᠡᠭᠦᠦ ᠬᠤᠶᠠᠭᠤᠯᠠ ᠠᠬ᠎ᠠ ᠲᠡᠭᠦᠦ ᠬᠤᠶᠠᠷ ᠲᠠᠢ ᠬᠤᠷᠢᠮᠯᠠᠬᠤ ᠲᠠᠳᠬᠠᠯ ᠴᠦ ᠪᠠᠶᠢᠵᠠᠢ᠃ ᠮᠤᠩᠭᠤᠯ ᠦᠨᠳᠦᠰᠦᠲᠡᠨ ᠤ ᠭᠡᠷ ᠪᠦᠯᠢ ᠨᠢ ᠡᠩ ᠤᠨ ᠪᠠᠶᠢᠲᠡᠯ ᠳᠤ ᠡᠷ᠎ᠡ ᠡᠮ᠎ᠡ ᠬᠤᠶᠠᠭᠤᠯᠠ ᠬᠡᠷᠯᠡᠭᠡᠳᠦᠢ ᠦᠷ᠎ᠡ ᠬᠡᠦᠭᠡᠳ ᠲᠠᠢ ᠪᠠᠨ ᠰᠠᠭᠤᠳᠠᠭ᠃ ᠬᠦᠪᠡᠭᠦᠨ ᠳᠡᠭᠡᠨ ᠪᠡᠷᠢ ᠪᠠᠭᠤᠯᠭᠠᠮᠠᠬᠴᠠ ᠠᠰ ᠲᠤᠨᠢ ᠡᠷᠦᠭᠡ ᠭᠡᠷ ᠪᠤᠰᠬᠠᠵᠦ ᠠᠶᠢᠯ ᠪᠤᠯᠭᠠᠳᠠᠭ᠃ ᠲᠡᠭᠡᠭᠦ ᠳᠡᠭᠡᠨ ᠶᠡᠭᠡ ᠭᠡᠷ ᠤᠨ ᠢᠶᠠᠨ ᠲᠡᠷᠭᠡᠲᠡ ᠭᠡᠷ ᠪᠠᠷᠢᠵᠦ᠂ ᠤᠳᠤᠷ ᠨᠡᠭᠦᠲᠡᠯ ᠶᠠᠪᠤᠬᠤ ᠳᠠᠭᠠᠨ ᠴᠤᠭ ᠶᠠᠪᠤᠵᠠᠭᠠᠳᠠᠭ᠃ ᠲᠠᠷᠢᠶᠠᠯᠠᠬᠤ ᠤᠷᠤᠨ᠂ ᠬᠠᠭᠠᠰ ᠲᠠᠷᠢᠶᠠᠯᠠᠬᠤ ᠬᠠᠭᠠᠰ ᠮᠠᠯᠵᠢᠬᠤ ᠤᠷᠤᠨ ᠳᠤ ᠬᠡᠳᠦᠨ ᠦᠶ᠎ᠡ ᠪᠠᠷ  ᠢᠶᠠᠨ ᠨᠢᠭᠡ ᠭᠡᠷ ᠪᠦᠯᠢ ᠳᠤ ᠠᠮᠢᠳᠤᠷᠡᠳᠠᠭ ᠴᠦ ᠪᠤᠢ᠃ ᠡᠳ᠋ ᠬᠦᠷᠦᠩᠭᠡ ᠵᠠᠯᠭᠠᠮᠵᠢᠯᠠᠬᠤ ᠤᠴᠢᠷ ᠲᠡᠭᠡᠷ᠎ᠡ ᠢᠵᠠᠭᠤᠷᠲᠡᠨ ᠰᠤᠷᠪᠤᠯᠵᠢᠲᠦ ᠠᠶᠢᠯ ᠤᠨ ᠤᠤᠭᠠᠨ ᠬᠦᠪᠡᠭᠦᠨ ᠦᠪ ᠵᠠᠯᠭᠠᠮᠵᠢᠯᠠᠵᠦ᠂ ᠡᠭᠡᠯ ᠠᠷᠡᠳ ᠤᠳ ᠤᠨ ᠤᠳᠬᠤᠨ ᠬᠦᠪᠡᠭᠦᠨ  ᠨᠢ ᠭᠤᠯᠤᠮᠲᠡ ᠰᠠᠬᠢᠵᠦ ᠦᠪ ᠵᠠᠯᠭᠠᠮᠵᠢᠯᠠᠳᠠᠭ ᠠᠵᠢ᠃ ᠠᠯᠠᠱᠠ ᠨᠤᠳᠤᠭ ᠲᠤ ᠬᠠᠷᠢ ᠳᠤ ᠮᠤᠷᠳᠠᠭᠠᠳᠤᠢ ᠬᠡᠦᠭᠡᠨ᠂ ᠵᠢᠭᠡ ᠪᠤᠯᠤᠨ ᠬᠦᠷᠭᠡᠨ ᠬᠦᠦ ᠵᠢᠴᠢ ᠯᠠᠮᠠ ᠪᠤᠯᠤᠭᠰᠡᠨ ᠬᠦᠪᠡᠭᠦᠳ ᠴᠦ ᠦᠪ ᠬᠦᠷᠦᠩᠭᠡ ᠵᠠᠯᠭᠠᠮᠵᠢᠯᠠᠵᠦ ᠪᠤᠯᠳᠠᠭ᠃      ᠮᠤᠩᠭᠤᠯ ᠦᠨᠳᠦᠰᠦᠲᠡᠨ ᠤ ᠤᠷᠤᠭ ᠤᠨ ᠶᠠᠪᠤᠳᠡᠯ ᠨᠢ ᠬᠦᠨᠲᠡᠯᠡᠨ ᠤ ᠵᠠᠭᠤᠴᠢ ᠪᠠᠷ ᠲᠠᠮᠵᠢᠨ ᠤᠷᠤᠭ ᠬᠡᠯᠡᠯᠴᠡᠬᠦ᠂ ᠤᠷᠤᠭ ᠭᠤᠶᠤᠬᠤ᠂ ᠤᠷᠤᠭ ᠲᠤᠬᠳᠠᠬᠤ᠂ ᠤᠷᠤᠭ ᠤᠨ ᠶᠤᠰᠤᠯᠡᠯ᠂ ᠬᠤᠷᠢᠮ ᠨᠠᠶᠢᠷ᠂ ᠤᠬᠳᠤᠯᠭ᠎ᠠ ︵ᠪᠠᠷᠢ ᠪᠠᠭᠤᠯᠭᠠᠬᠤ︶᠂ ᠮᠤᠷᠲᠡᠯᠭ᠎ᠠ ︵ᠬᠡᠦᠭᠡᠨ ᠮᠤᠷᠲᠡᠭᠤᠯᠬᠤ︶ ᠵᠡᠷᠭᠡ ᠤᠯᠠᠨ ᠶᠤᠰᠤ ᠭᠤᠷᠢᠮ ᠪᠠᠶᠢᠳᠠᠭ᠃ ᠠᠯᠢ ᠵᠠᠯᠠᠭᠤ ᠨᠢ ᠬᠡᠷᠪᠡ ᠠᠶᠢᠯ ᠤᠨ ᠨᠢᠭᠡ ᠦᠬᠢᠨ ᠢ ᠦᠵᠡᠵᠦ ᠲᠤᠭᠤᠭᠰᠡᠨ ᠪᠤᠯ ᠬᠡᠯᠡ ᠠᠮᠠᠨ ᠳᠠᠭᠠᠨ ᠰᠠᠶᠢᠨ ᠵᠠᠭᠤᠴᠢ ᠶᠠᠪᠤᠭᠤᠯᠵᠦ᠂ ᠪᠤᠷᠠᠮ ᠱᠠᠳᠠᠩ᠂ ᠬᠡᠪ ᠤᠨ ᠴᠠᠢ᠂ ᠪᠤᠤᠪᠤ ᠪᠤᠭᠤᠷᠰᠤᠭ ᠵᠡᠷᠭᠡ ᠶᠢ ᠠᠪᠴᠦ ᠤᠴᠢᠨ ᠭᠡᠦᠭᠡᠨ ᠢ ᠨᠢ ᠠᠰᠠᠭᠤᠯᠭᠠᠳᠠᠭ᠃ ᠵᠠᠭᠤᠴᠢ ᠶᠢᠨ ᠠᠪᠴᠦ ᠤᠴᠢᠬᠰᠡᠨ ᠪᠡᠯᠡᠭ ᠰᠠᠯᠲᠡ ᠶᠢ ᠬᠡᠦᠭᠡᠨ ᠲᠡᠯ᠎ᠡ ᠶᠢᠨ ᠬᠢᠨ ᠲᠤᠰᠴᠦ ᠠᠪᠤᠬᠰᠡᠨ ᠪᠤᠯ ᠲᠤᠷ᠎ᠡ  ᠲᠠᠢ ᠭᠡᠲᠡᠭ ᠢ ᠢᠯᠡᠳᠭᠡᠭᠰᠡᠨ ᠲᠠᠢ ᠠᠳᠠᠯᠢ᠃ ᠲᠡᠭᠦᠨ ᠤ ᠲᠠᠷᠠᠭ᠎ᠠ ᠪᠠᠰᠡ ᠬᠦᠪᠡᠭᠦᠨ ᠤ ᠲᠡᠯ᠎ᠡ ᠠᠴᠠ ᠠᠪᠤ ᠠᠵᠢ ᠨᠢ ᠪᠤᠤᠪᠤ ᠪᠤᠭᠤᠷᠰᠤᠭ᠂ ᠰᠢᠬᠢᠷ ᠴᠢᠪᠠᠭ᠎ᠠ᠂ ᠴᠠᠢ ︵ᠪᠠᠰᠡ ᠰᠢᠭᠦᠰᠦ ᠴᠦ ᠪᠠᠶᠢᠳᠠᠭ︶᠂ ᠬᠠᠳᠠᠭ ᠵᠡᠷᠭᠡ ᠪᠡᠯᠡᠭ ᠰᠡᠯᠲᠡ ᠠᠪᠴᠦ ᠤᠴᠢᠨ ᠬᠤᠶᠠᠷ ᠬᠡᠦᠭᠡᠳ ᠤᠨ ᠤᠷᠤᠭ ᠶᠢᠨ ᠤᠴᠢᠷ ᠢ ᠠᠬᠢᠨ ᠲᠠᠬᠢᠨ ᠵᠦᠪᠳᠡᠵᠦ ᠲᠤᠬᠳᠠᠳᠠᠭ᠃ ᠢᠩᠬᠢᠭᠰᠡᠨ ᠬᠤᠶᠢᠨ᠎ᠡ ᠪᠤᠯᠤᠮᠵᠢ ᠶᠢᠨ ᠶᠤᠰᠤ ᠲᠠᠳᠬᠠᠯ ᠢᠶᠠᠷ ᠬᠤᠷᠢᠮ ᠤᠨ ᠶᠤᠰᠤᠯᠡᠯ ᠢᠶᠠᠨ ᠶᠠᠪᠤᠭᠤᠯᠳᠠᠭ᠃ᠮᠤᠩᠭᠤᠯᠴᠤᠳ ᠠᠭᠤᠳᠡᠮ ᠨᠤᠳᠤᠭ ᠲᠠᠭᠠᠨ ᠲᠠᠷᠠᠬᠠᠢ ᠪᠤᠳᠠᠷᠬᠠᠢ ᠰᠠᠭᠤᠷᠢᠰᠢᠬᠰᠡᠨ ᠪᠤᠯᠬᠤᠷ ᠡᠯ᠎ᠡ ᠭᠠᠵᠠᠷ ᠤᠨ ᠬᠤᠷᠢᠮ ᠤᠨ ᠵᠠᠩ ᠵᠢᠷᠤᠮ ᠪᠠᠭ᠋ᠠᠨ ᠵᠦᠷᠢᠶ᠎ᠡ ᠲᠠᠢ ᠪᠤᠯᠪᠠᠴᠦ ᠬᠤᠷᠢᠮ ᠤᠨ ᠶᠤᠰᠤᠯᠡᠯ ᠨᠢ ᠮᠠᠰᠢ ᠦᠪᠡᠲᠡᠭᠰᠢ᠂ ᠬᠦᠷ ᠨᠠᠷᠬᠢᠶᠠᠨ ᠲᠠᠢ ᠶᠠᠪᠤᠬᠳᠠᠳᠠᠭ ᠢᠶᠠᠷ ᠢᠶᠠᠨ ᠢᠵᠢᠯᠢᠰᠢᠲᠡᠭ ᠪᠢᠯᠡ᠃ ᠵᠡᠭᠦᠨ ᠬᠡᠰᠡᠭ ᠤᠷᠤᠨ ᠤ ᠪᠡᠷᠢ ᠪᠠᠭᠤᠯᠭᠠᠬᠤ ᠳᠤ ᠰᠢᠨ᠎ᠡ ᠪᠡᠷᠢ ᠰᠡᠦᠭᠡ ᠲᠡᠷᠭᠡᠨ ᠳᠤ ᠰᠠᠭᠤᠵᠦ ᠬᠠᠶᠠᠭᠠᠨ ᠳᠤ ᠬᠦᠷᠴᠦ ᠢᠷᠡᠮᠡᠭᠴᠡ ᠬᠠᠷᠢᠯᠴᠠᠨ ᠲᠠᠭᠤᠤ ᠡᠯᠭᠦᠴᠡᠳᠡᠭ᠃ ᠪᠠᠰᠡ ᠰᠢᠨ᠎ᠡ ᠭᠡᠷ ᠤᠨ ᠡᠭᠦᠲᠡᠨ ᠲᠡᠭᠡᠷ᠎ᠡ ᠬᠤᠷᠢᠮ ᠤᠨ ᠬᠡᠯᠡᠮᠤᠷᠴᠢ᠂ ᠬᠤᠷᠢᠮ ᠤᠨ ᠦᠭᠡ᠂ ᠢᠷᠦᠭᠡᠯ ᠵᠡᠷᠭᠡ ᠶᠢ ᠬᠡᠯᠡᠲᠡᠭ᠃ ᠲᠡᠬᠢᠪᠡᠯ ᠪᠠᠰᠡ ᠰᠢᠨ᠎ᠡ ᠬᠦᠷᠭᠡᠨ ᠤ ᠮᠠᠯᠠᠭᠠᠢ ᠶᠢᠨ ᠪᠦᠴᠡ ᠪᠤᠯᠢᠶᠠᠵᠦ ᠲᠠᠰᠤᠳᠠᠬᠤ ᠭᠡᠵᠦ ᠮᠤᠷᠢᠨ ᠲᠡᠭᠡᠷ᠎ᠡ ᠲᠡᠮᠡᠴᠡᠭᠡᠨ ᠪᠤᠯᠳᠠᠭ ᠨᠢ ᠤᠨᠤᠭᠰᠡᠨ ᠮᠤᠷᠢᠨ ᠤ ᠬᠤᠷᠲᠦ᠂ ᠰᠢᠨ᠎ᠡ ᠬᠦᠷᠭᠡᠨ ᠤ ᠤᠬᠠᠭᠠᠨ ᠰᠠᠨᠠᠭ᠎ᠠ ᠶᠢ ᠲᠡᠩᠰᠡᠨ ᠰᠢᠯᠭᠠᠳᠠᠭ ᠤᠬᠠᠭᠠᠨ ᠲᠠᠢ᠃ ᠡᠲᠡᠭᠡᠷ ᠨᠢ ᠤᠳᠤᠮᠰᠢᠯᠲᠦ ᠵᠠᠩ ᠵᠢᠷᠤᠮ ᠢ ᠬᠠᠳᠠᠭᠠᠯᠠᠭᠰᠡᠨ ᠢᠶᠠᠷ ᠦᠯᠦ ᠪᠠᠷᠠᠮ ᠲᠠᠷᠢᠶᠠᠯᠠᠬᠤ ᠭᠠᠵᠠᠷ ᠤᠨ ᠤᠨᠴᠠᠯᠢᠭ ᠢ ᠲᠤᠰᠬᠠᠭᠰᠡᠨ ᠪᠠᠶᠢᠳᠠᠭ᠃      ᠪᠠᠷᠠᠭᠤᠨ ᠭᠡᠰᠡᠭ ᠤᠷᠤᠨ ᠤ ᠮᠤᠩᠭᠤᠯᠴᠤᠳ ᠪᠠᠷᠢ ᠪᠠᠭᠤᠯᠭᠠᠵᠦ ᠬᠡᠦᠭᠡᠨ ᠮᠤᠷᠳᠠᠭᠤᠯᠬᠤ ᠳᠤ ᠰᠢᠨ᠎ᠡ ᠪᠡᠷᠢ ᠮᠤᠷᠢ ᠤᠨᠤᠵᠦ ᠪᠦᠬᠦᠶᠢᠯᠠ ᠬᠤᠷᠢᠮ ᠤᠨ ᠶᠤᠰᠤᠯᠡᠯ ᠨᠡᠭᠦᠲᠡᠯ ᠮᠠᠯᠵᠢᠯ ᠤᠨ ᠰᠤᠶᠤᠯ ᠤᠨ ᠤᠨᠴᠠᠯᠢᠭ ᠢ ᠭᠠᠶᠢᠬᠠᠭᠤᠯᠳᠠᠭ᠃ ᠪᠠᠷᠠᠭᠤᠨ ᠭᠡᠰᠡᠭ ᠤᠷᠤᠨ ᠳᠤ ᠮᠤᠩᠭᠤᠯ ᠬᠤᠷᠢᠮ ᠤᠨ ᠶᠤᠰᠤᠯᠡᠯ ᠢ ᠬᠦᠷ ᠨᠠᠶᠢᠷ ᠲᠠᠢ ᠪᠦᠭᠡᠳ ᠤᠳᠤᠮᠰᠢᠯᠲᠦ ᠵᠠᠩ ᠵᠢᠷᠤᠮ ᠢ ᠪᠦᠷᠢᠨ ᠲᠦᠭᠦᠷ ᠬᠠᠳᠠᠭᠠᠯᠠᠬᠰᠠᠭᠠᠷ ᠢᠷᠡᠭᠰᠡᠨ ᠨᠢ ᠡᠲᠦᠭᠡ ᠶᠢᠨ ᠤᠷᠳᠤᠰ ᠬᠤᠷᠢᠮ  ᠤᠨ ᠶᠤᠰᠤᠯᠡᠯ ᠶᠤᠮ᠃ ᠬᠤᠷᠢᠮ ᠤᠨ ᠡᠳᠤᠷ ᠬᠤᠲᠡ ᠬᠤᠳᠠᠭᠠᠢ᠂ ᠲᠦᠷᠦᠯ ᠰᠠᠳᠤᠨ᠂ ᠠᠬ᠎ᠠ ᠲᠡᠭᠦᠦ ᠪᠦᠬᠦᠲᠡ ᠦᠩᠭᠡ  ᠲᠠᠢ ᠪᠠᠨ ᠡᠮᠦᠰᠴᠦ ᠴᠤᠬᠯᠠᠭᠠᠨ ᠪᠤᠯᠳᠠᠭ᠃ ᠬᠡᠦᠭᠡᠨ ᠠᠪᠬᠤ ᠪᠠᠷ ᠶᠠᠪᠤᠬᠤ ᠬᠦᠮᠦᠰ ᠢ ᠰᠠᠭᠠᠳᠠᠭ ᠬᠡᠲᠡᠭ᠃ ᠰᠠᠭᠠᠳᠠᠭ  ᠨᠢ ᠬᠤᠲᠡ ᠶᠢᠨ ᠲᠦᠷᠦᠭᠦᠦ᠂ ᠰᠦᠩᠴᠢ᠂ ᠲᠠᠭᠠᠪᠦᠷᠢ ᠬᠦᠷᠭᠡᠨ᠂ ᠪᠡᠷᠭᠡᠳ ᠵᠡᠷᠭᠡ ᠬᠦᠮᠦᠰ ᠢᠶᠠᠷ ᠪᠦᠷᠢᠯᠳᠤᠳᠡᠭ᠃ ᠰᠢᠨ᠎ᠡ ᠬᠦᠷᠭᠡᠨ ᠰᠠᠭᠠᠳᠠᠭ ᠨᠤᠮᠤ ᠠᠬᠰᠠᠵᠦ ᠮᠤᠷᠳᠠᠬᠤ ᠳᠤ ᠬᠦᠷᠭᠡᠨ ᠲᠡᠯ᠎ᠡ ᠶᠢᠨ ᠲᠦᠷᠦᠯ ᠲᠦᠷᠦᠭᠰᠡᠳ᠂ ᠠᠬ᠎ᠠ ᠲᠡᠭᠦᠦ ᠨᠠᠷ ᠨᠢ ᠮᠤᠷᠳᠠᠭᠤᠯᠭ᠎ᠠ ᠶᠢᠨ ᠲᠠᠭᠤᠤ ᠲᠠᠭᠤᠯᠠᠵᠦ᠂ ᠰᠦ ᠰᠡᠷᠵᠢᠮ ᠡᠷᠭᠦᠵᠦ ᠮᠤᠷᠳᠠᠭᠤᠯᠳᠠᠭ᠃ ᠬᠡᠦᠭᠡᠨ ᠠᠪᠬᠤ  ᠪᠠᠷ ᠶᠠᠪᠤᠭᠰᠡᠨ ᠬᠦᠮᠦᠰ ᠪᠡ ᠰᠢᠨ᠎ᠡ ᠬᠦᠷᠭᠡᠨ ᠬᠡᠦᠭᠡᠨ ᠲᠡᠯ᠎ᠡ ᠶᠢᠨ ᠬᠠᠶᠠᠭᠠᠨ ᠳᠤ ᠬᠦᠷᠦᠮᠡᠭᠴᠡ ᠮᠤᠩᠭᠤᠯ ᠭᠡᠷ ᠢ ᠨᠢ ᠨᠠᠷᠡᠨ ᠵᠦᠪ ᠡᠷᠬᠢᠭᠡᠳ ᠮᠤᠷᠢᠨ ᠠᠴᠠ ᠪᠠᠨ ᠪᠠᠭᠤᠵᠠᠭᠠᠳᠠᠭ᠃ ᠬᠡᠦᠭᠡᠨ ᠲᠡᠯ᠎ᠡ ᠠᠴᠠ ᠢᠰᠡᠭᠡᠢ ᠪᠠᠷ ᠬᠦᠷᠭᠡᠨ ᠲᠡᠯ᠎ᠡ  ᠶᠢᠨ ᠬᠢᠨ ᠢ ᠡᠭᠦᠲᠡᠨ ᠭᠠᠳᠠᠨ᠎ᠡ ᠬᠠᠰᠢᠵᠦ ᠵᠤᠬᠰᠤᠭᠠᠨ ᠬᠡᠯᠡᠮᠤᠷᠴᠢ ᠠᠴᠠ ᠮᠠᠷᠭᠡᠨ ᠰᠡᠴᠡᠨ ᠦᠭᠡ ᠪᠤᠯᠢᠶᠠᠯᠴᠠᠵᠦ᠂ ᠡᠨᠡ ᠲᠠᠷᠡ ᠶᠢ ᠠᠰᠠᠭᠤᠨ ᠰᠢᠯᠭᠠᠳᠠᠭ᠃ ᠡᠶᠢᠨ ᠬᠦ ᠠᠬᠢᠨ ᠲᠠᠬᠢᠨ ᠬᠡᠳᠤᠨᠲᠡ ᠠᠰᠠᠭᠤᠯᠲᠡ ᠬᠠᠷᠢᠭᠤᠯᠳᠠ ᠪᠠᠷ ᠲᠠᠮᠵᠢᠨ ᠬᠦᠷᠭᠡᠨ ᠲᠡᠯ᠎ᠡ ᠶᠢᠨ ᠬᠢᠨ ᠬᠡᠦᠭᠡᠨ ᠲᠡᠯ᠎ᠡ ᠠᠴᠠ ᠰᠡᠴᠡᠯᠡᠭᠰᠡᠨ ᠠᠰᠠᠭᠤᠯᠲᠡ ᠳᠤ ᠬᠠᠨᠤᠮᠵᠢᠲᠠᠢ ᠬᠠᠷᠢᠭᠤᠯᠲᠡ ᠦᠭᠴᠦ ᠴᠢᠳᠠᠭᠰᠡᠨ ᠪᠤᠯ ᠬᠡᠷ ᠲᠤ ᠤᠷᠤᠭᠤᠯᠵᠦ ᠪᠡᠯᠡᠭ ᠰᠡᠯᠲᠡ ᠲᠡᠯᠪᠢᠭᠤᠯᠵᠦ᠂ ᠬᠠᠮᠢᠶ᠎ᠡ ᠪᠦᠬᠦᠢ ᠶᠤᠰᠤ ᠪᠡᠯᠭᠡ ᠬᠦᠢᠴᠡᠳᠭᠡᠲᠡᠭ ᠰᠠᠨ᠃ ᠡᠨᠡ ᠦᠶ᠎ᠡ ᠳᠤ ᠬᠦᠷᠭᠡᠨ ᠲᠡᠯ᠎ᠡ ᠶᠢᠨ ᠬᠢᠨ ᠬᠠᠳᠠᠭ ᠰᠠᠮᠪᠠᠢ ᠡᠷᠭᠦᠵᠦ᠂ ᠬᠠᠮᠤᠭ ᠤᠨ ᠬᠦᠨᠲᠦ ᠪᠡᠯᠡᠭ ᠰᠯᠡᠲᠡ ᠪᠠᠨ ᠵᠢᠷᠤᠮ ᠶᠤᠰᠤᠭᠠᠷ ᠲᠠᠯᠪᠢᠬᠤ ᠳᠤ᠂ ᠰᠦᠩ ᠤᠨ ᠠᠷᠢᠬᠢ ᠵᠠᠰᠠᠬᠳᠠᠵᠦ᠂ ᠨᠠᠶᠢᠷ ᠬᠤᠷᠢᠮ ᠬᠦᠭᠵᠢᠨ᠂ ᠤᠭᠤᠴᠡ ᠰᠢᠭᠦᠰᠦ ᠲᠠᠯᠪᠢᠳᠠᠭ᠃ ᠬᠤᠷᠢᠮ ᠨᠠᠶᠢᠷ ᠤᠨ ᠲᠠᠭᠤᠤ ᠦᠷᠭᠦᠯᠵᠢᠯᠠᠵᠦ᠂ ᠬᠦᠮᠦᠨ ᠪᠦᠬᠦᠲᠡ ᠨᠠᠷᠬᠢᠯᠳᠤᠨ᠎ᠡ᠃ ᠦᠶ᠎ᠡ ᠬᠤᠷᠠᠭ ᠤᠨ ᠵᠠᠯᠠᠭᠤᠰ ᠰᠢᠨ᠎ᠡ ᠬᠦᠷᠭᠡᠨ ᠤ ᠤᠬᠠᠭ᠎ᠠ ᠲᠤᠷᠪᠢ ᠶᠢ ᠲᠡᠩᠰᠡᠬᠦ ᠭᠡᠵᠦ ᠨᠠᠭᠠᠳᠤᠮ ᠲᠤᠬᠤᠭᠤ ᠬᠢᠲᠡᠭ᠃ ᠠᠯᠠᠱᠡ᠂ ᠤᠷᠠᠳ᠂ ᠤᠷᠳᠤᠰ ᠲᠤ ︽ᠪᠤᠭᠤᠯᠵᠠᠭᠤᠷ ᠨᠤᠭᠤᠯᠤᠭᠤᠯᠵᠦ︾ ︵ᠪᠠᠰᠡ ᠠᠮᠠᠨ ᠬᠦᠵᠦᠭᠦᠦ ᠮᠤᠰᠬᠢᠬᠤ ᠭᠡᠵᠦ ᠬᠡᠯᠡᠲᠡᠭ︶ ᠬᠦᠷᠭᠡᠨ ᠤ ᠤᠬᠠᠭ᠎ᠠ ᠲᠤᠷᠪᠢ ᠶᠢ ᠦᠵᠡᠲᠡᠭ᠂ ᠵᠠᠷᠢᠮ ᠨᠢ ᠪᠠᠰᠡ ᠲᠤᠳᠠᠭᠤ ᠪᠤᠷᠤᠯᠠᠭᠤᠯᠤᠭᠰᠡᠨ ᠪᠤᠭᠤᠯᠵᠠᠭᠤᠷ ᠤᠨ ᠨᠤᠭᠤᠰᠤᠨ ᠳᠤ ᠤᠯᠠᠭᠠᠨ ᠰᠤᠬᠠᠢ ᠪᠤᠶᠦ ᠰᠠᠪᠬ᠎ᠠ ᠰᠢᠷᠭᠤᠭᠤᠯᠵᠦ ᠰᠢᠨ᠎ᠡ ᠬᠦᠷᠭᠡᠨ ᠤ ᠦᠢᠯᠡ  ᠶᠢ ᠦᠵᠡᠬᠦ ᠭᠡᠵᠦ ᠤᠷᠤᠯᠳᠤᠳᠠᠭ᠃ ᠡᠨᠡ ᠨᠢ ᠮᠠᠰᠢ ᠤᠳᠬ᠎ᠠ ᠲᠠᠢ ᠮᠦᠷᠲᠡᠭᠡᠨ ᠰᠤᠨᠢᠷᠬᠠᠯᠳᠠᠢ᠃ ᠬᠤᠷᠴᠢᠨ ᠳᠤ ᠪᠠᠰᠡ ︽ᠱᠠᠭᠠᠨᠲᠦ ᠶᠢᠨ ᠬᠤᠷᠢᠮ︾ ᠭᠡᠵᠦ ︽ᠱᠠᠭᠠᠨᠲᠦ︾ ᠪᠤᠯᠢᠶᠠᠯᠴᠠᠳᠠᠭ ᠨᠢ ᠮᠦᠨ ᠴᠦ ᠰᠤᠨᠢᠷᠬᠠᠯᠳᠠᠢ ᠪᠢᠯᠡ᠃      ᠰᠢᠨ᠎ᠡ ᠪᠡᠷᠢ ᠡᠨᠡ ᠦᠶ᠎ᠡ ᠳᠤ ᠨᠦᠬᠦᠭᠡ ᠮᠤᠩᠭᠤᠯ ᠭᠡᠷ ᠲᠤ ᠬᠠᠷᠢᠯᠠᠬᠤ ᠶᠠᠩᠵᠦ ᠪᠠᠷ ᠵᠠᠰᠠᠵᠦ ᠴᠢᠮᠡᠭᠯᠠᠨ ᠭᠡᠷ ᠨᠤᠳᠤᠭ᠂ ᠡᠭᠡ ᠡᠴᠢᠭᠡ᠂ ᠰᠠᠶᠢᠨ ᠨᠠᠶᠢᠵᠡ ᠡᠭᠡᠴᠢ ᠲᠡᠭᠦᠦ ᠨᠠᠷ ᠲᠠᠢ ᠪᠠᠨ ᠰᠠᠯᠵᠦ ᠶᠠᠳᠠᠨ ᠡᠪᠬᠡᠷᠡᠨ ᠤᠶᠠᠷᠠᠵᠦ ᠪᠠᠶᠢᠬᠤ ᠳᠤ ᠬᠡᠦᠭᠡᠨ ᠮᠤᠷᠳᠠᠭᠤᠯᠬᠤ ᠲᠠᠭᠤᠤ ᠤᠯᠠᠮ ᠴᠦ ᠬᠦᠮᠦᠰ ᠤᠨ ᠰᠡᠳᠬᠢᠯ ᠢ ᠤᠶᠠᠷᠠᠭᠤᠯᠤᠨ ᠨᠢᠯᠪᠦᠰᠦ ᠠᠰᠬᠠᠷᠠᠭᠤᠯᠤᠨ᠎ᠡ᠃ ᠰᠠᠭᠠᠳᠠᠬᠴᠢᠳ ᠬᠡᠦᠭᠡᠨ ︵ᠰᠢᠨ᠎ᠡ ᠪᠠᠷᠢ︶ ᠢᠶᠠᠨ ᠠᠪᠤᠭᠠᠳ ᠪᠤᠴᠠᠯᠭᠠᠨ ᠳᠠᠭᠠᠨ ᠮᠤᠷᠢᠨ ᠤ ᠬᠤᠷᠲᠦ ᠶᠢ ᠰᠢᠯᠭᠠᠵᠦ᠂ ᠬᠠᠷᠢᠯᠴᠠᠨ ᠠᠯᠢᠶᠠᠯᠠᠨ ᠲᠤᠬᠯᠠᠵᠦ ᠬᠦᠷ ᠨᠠᠷᠬᠢᠶᠠᠨ ᠲᠠᠢ ᠬᠠᠷᠢᠵᠦ ᠤᠴᠢᠲᠠᠭ᠃ ᠭᠡᠷ ᠤᠨ ᠬᠠᠶᠠᠭᠠᠨ ᠳᠤ ᠬᠦᠷᠴᠦ ᠭᠡᠷ ᠢᠶᠠᠨ ᠨᠠᠷᠡᠨ ᠵᠦᠪ ᠭᠤᠷᠪᠠᠨᠲᠡ ᠡᠷᠬᠢᠵᠦ ᠮᠤᠷᠢᠨ ᠠᠴᠠ ᠪᠠᠨ ᠪᠠᠭᠤᠵᠠᠭᠠᠨ ᠲᠦᠷᠡᠯᠵᠡᠨ ᠠᠰᠠᠭᠠᠬᠰᠡᠨ ᠲᠦᠲᠡᠭ ᠤᠨ ᠭᠠᠯ ᠢᠶᠠᠷ ᠪᠡᠶ᠎ᠡ ᠪᠠᠨ ᠠᠷᠢᠭᠤᠯᠠᠨ ᠢᠨᠠᠭ ᠲᠤᠷᠡᠯᠠᠯ ᠤᠨ ᠢᠶᠠᠨ ᠴᠠᠪᠡᠷ ᠠᠷᠢᠭᠤᠨ᠂ ᠰᠢᠨ᠎ᠡ ᠴᠤᠬᠴᠠᠯᠠᠬᠤ ᠠᠮᠢᠳᠤᠷᠡᠯ ᠤᠨ ᠡᠰᠡᠨᠢᠯ ᠬᠦᠭᠵᠢᠯ ᠲᠠᠢ ᠪᠠᠶᠢᠬᠤ ᠪᠡᠯᠭᠡᠲᠡᠲᠡᠭ ᠠᠵᠤᠭᠤ᠃ ᠮᠤᠩᠭᠤᠯ ᠭᠡᠷ ᠲᠤ ᠤᠷᠤᠮᠠᠬᠴᠠ ᠭᠠᠯ ᠪᠤᠷᠬᠠᠨ ᠳᠠᠭᠠᠨ ᠮᠦᠷᠭᠦᠵᠦ᠂ ᠡᠵᠢ ᠠᠪᠤ ᠳᠠᠭᠠᠨ ᠬᠠᠳᠠᠭ ᠡᠷᠭᠦᠨ ᠰᠦᠭᠦᠷᠡᠵᠦ᠂ ᠰᠦ ᠴᠠᠭ᠎ᠠ ᠠᠮᠰᠠᠨ ᠡᠨᠡ ᠲᠡᠷᠡ ᠶᠤᠰᠤ ᠶᠢ ᠬᠦᠢᠴᠡᠳᠭᠡᠲᠡᠭ᠃ ᠬᠤᠷᠢᠮ ᠤᠨ ᠲᠠᠶᠢᠯᠠᠯᠭ᠎ᠠ ᠡᠬᠢᠯᠡᠬᠦ ᠳᠤ ᠰᠢᠨ᠎ᠡ ᠪᠡᠷᠢ ᠶᠢᠨ ᠨᠢᠭᠤᠷ  ᠤᠨ ᠪᠦᠲᠡᠭᠡᠯᠭᠡ ᠶᠢ ᠰᠡᠭᠦᠵᠦ᠂ ᠰᠢᠨ᠎ᠡ ᠪᠠᠷᠢ ᠬᠠᠳᠠᠮ ᠡᠵᠢ᠂ ᠠᠪᠤ᠂ ᠠᠬᠠᠮᠠᠳ ᠲᠠᠷᠢᠬᠦᠲᠡᠳ ᠲᠤ ᠰᠦᠬᠦᠷᠡᠨ ᠮᠦᠷᠭᠦᠵᠦ ᠬᠦᠨᠳᠦᠯᠡᠬᠦ ᠰᠡᠳᠬᠢᠯ ᠢᠶᠠᠨ ᠢᠯᠡᠳᠭᠡᠲᠡᠭ᠃ ᠬᠤᠶᠠᠷ ᠰᠢᠨ᠎ᠡ ᠬᠦᠮᠦᠨ ᠬᠤᠷᠠᠭᠰᠡᠨ ᠤᠯᠠᠨ ᠬᠡᠶᠢᠴᠢᠨ ᠵᠤᠴᠢᠳ ᠲᠠᠭᠠᠨ ᠮᠦᠩᠭᠦᠨ ᠴᠦᠬᠦᠴᠡ ᠪᠠᠷ ᠠᠷᠢᠬᠢ ᠬᠡᠮᠨᠡᠨ ᠤᠤᠭᠤᠯᠭᠠᠳᠠᠭ᠃ ᠵᠤᠩᠬᠢᠯᠠᠬᠤ ᠬᠦᠮᠦᠨ ᠬᠤᠶᠠᠷ ᠰᠢᠨ᠎ᠡ ᠬᠦᠮᠦᠨ ᠤ ᠬᠤᠤᠰ ᠪᠠᠶᠠᠷ ᠤᠨ ᠠᠷᠢᠬᠢ ᠶᠢ ᠴᠦᠮ ᠬᠦᠨᠳᠦᠷᠴᠦ ᠤᠷᠬᠢᠳᠠᠭ᠃ ᠨᠠᠶᠢᠷᠴᠢᠳ ᠮᠤᠩᠭᠤᠯ ᠨᠠᠶᠢᠷ ᠤᠨ ᠲᠠᠭᠤᠤ᠂ ᠮᠤᠷᠢᠨ ᠬᠤᠭᠤᠷ᠂ ᠱᠠᠨᠰᠠ ᠯᠢᠮᠪᠦ ᠶᠢᠨ ᠡᠭᠡᠰᠢᠭ ᠲᠤ ᠰᠤᠬᠳᠤᠭᠤᠷᠠᠨ᠂ ᠬᠤᠷᠢᠮ ᠨᠠᠶᠢᠷ ᠭᠡᠳᠤᠨ ᠡᠳᠤᠷ ᠢᠶᠠᠷ ᠨᠤᠵᠤᠭᠤᠷᠠᠨ ᠦᠷᠭᠦᠯᠵᠢᠯᠠᠲᠡᠭ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号