| ᠮᠠᠨ ᠤ ᠥᠨᠳᠥᠰᠥᠲᠡᠨ ᠤ ᠬᠤᠪᠴᠠᠰᠣ ᠵᠠᠰᠠᠯ ᠨᠢ ᠭᠡᠴᠢᠨᠡᠨ ᠵᠠᠭᠤᠨ ᠵᠢᠯ ᠤᠨ ᠨᠡᠭᠦᠳᠡᠯ ᠮᠠᠯᠵᠢᠯ ᠤᠨ | ᠥᠢᠯᠡᠳᠣᠯᠭᠡ ᠳᠣᠮᠳᠠ ᠲᠡᠷᠡᠬᠦ ᠠᠵᠣ ᠠᠮᠢᠳᠣᠷᠠᠯ ᠲᠠᠢ ᠪᠠᠨ ᠵᠤᠬᠢᠴᠠᠯᠳᠣᠨ ᠵᠠᠩᠰᠢᠭᠰᠠᠨ ᠦᠪᠡᠷᠮᠢᠴᠡ ᠶᠣᠰᠣ ᠵᠥᠢ | ᠲᠠᠢ ᠪᠣᠯᠣᠭᠰᠠᠨ ᠪᠠᠶᠢᠳᠠᠭ ᠶᠤᠮ᠃ ᠪᠢᠳᠡ ᠦᠪᠡᠷ ᠤᠨ ᠥᠨᠳᠥᠰᠥᠲᠡᠨ ᠤ ᠪᠠᠨ ᠬᠤᠪᠴᠠᠰᠣ ᠪᠠᠨ ᠡᠮᠥᠰᠴᠣ ᠡᠳ᠋ᠯᠡᠬᠦ | ᠳᠡᠭᠡᠨ ᠲᠡᠷᠡᠬᠦ ᠶᠣᠰᠣ ᠵᠠᠩᠰᠢᠯ ᠢ ᠬᠦᠨᠳᠥᠳᠭᠡᠭᠰᠡᠨ ᠪᠠᠶᠢᠬᠤ ᠬᠡᠷᠡᠭᠲᠡᠢ᠃ | ᠣᠳᠣᠬᠠᠨ ᠳᠤ ᠮᠠᠨ ᠤ ᠮᠤᠩᠭᠤᠯᠴᠣᠳ ᠬᠤᠲᠠ ᠬᠦᠳᠡᠭᠡ ᠥᠭᠡᠢ᠂ ᠡᠪᠣᠭᠡᠳ ᠵᠠᠯᠠᠭᠤ ᠭᠡᠰᠡᠨ ᠥᠭᠡᠢ ᠨᠠᠶᠢᠷ | ᠨᠠᠭᠠᠳᠣᠮ ᠬᠡᠭᠰᠡᠭᠡᠷ ᠯᠡ ᠥᠨᠳᠥᠰᠥᠲᠡᠨ ᠤ ᠬᠤᠪᠴᠠᠰᠣ ᠪᠠᠷ ᠢᠶᠠᠨ ᠭᠤᠶᠣᠬᠤ ᠪᠤᠯᠣᠭᠰᠠᠨ ᠪᠠᠶᠢᠳᠠᠭ᠃ ᠡᠨᠡ ᠨᠢ ᠮᠠᠰᠢ | ᠰᠠᠶᠢᠨ ᠰᠠᠶᠢᠬᠠᠨ ᠣᠴᠢᠷ ᠪᠤᠯᠪᠠᠴᠣ ᠵᠦᠪ ᠪᠦᠷᠢᠨ ᠡᠮᠥᠰᠴᠣ ᠵᠡᠭᠦᠬᠦ ᠲᠠᠯ᠎ᠠ ᠪᠠᠷ ᠳᠣᠲᠠᠮᠠᠭ ᠪᠠᠶᠢᠳᠠᠭ ᠲᠤ | ᠴᠢᠭᠯᠡᠭᠦᠯᠵᠥ ᠬᠡᠳᠣᠨ ᠵᠥᠢᠯ ᠢ ᠶᠠᠷᠢᠵᠣ ᠵᠠᠯᠠᠭᠤ ᠪᠠᠭᠠᠴᠣᠳ ᠲᠠᠭᠠᠨ ᠲᠣᠰᠠ ᠪᠤᠯᠭᠠᠬᠤ ᠶᠢ ᠵᠤᠷᠢᠯ᠎ᠠ︕ ᠰᠢᠭᠦᠮᠵᠢᠯᠡᠯ | ᠲᠠᠢ ᠪᠠᠷ ᠬᠦᠯᠢᠶᠡᠨ ᠠᠪᠴᠣ ᠤᠩᠰᠢᠬᠤ ᠪᠣᠯᠪᠠᠣ︖ | 1.ᠡᠩ ᠲᠡᠷᠢᠭᠦᠨ ᠳᠤ ᠥᠨᠳᠥᠰᠥᠲᠡᠨ ᠤ ᠬᠤᠪᠴᠠᠰᠣ ᠪᠠᠨ ᠪᠦᠷᠢᠨ ᠡᠮᠥᠰᠴᠣ ᠡᠳ᠋ᠯᠡᠬᠦ ᠶᠢ ᠠᠩᠬᠠᠷᠬᠤ | ᠬᠡᠷᠡᠭᠲᠡᠢ ᠪᠠᠶᠢᠨ᠎ᠠ᠃ | ᠡᠮᠥᠰᠭᠡᠯ ᠤᠨ ᠪᠦᠷᠢᠨ ᠭᠡᠳᠡᠭ ᠨᠢ ᠳᠠᠷᠣᠢ ᠮᠠᠯᠠᠭᠠᠢ᠂ ᠲᠡᠷᠯᠢᠭ ︿ᠲᠡᠪᠡᠯ﹀᠂ ᠪᠦᠰᠡ᠂ ᠭᠤᠲᠤᠯ ᠵᠡᠷᠭᠡ ᠵᠠᠪᠠᠯ | ᠪᠦᠷᠢᠨ ᠪᠠᠶᠢᠬᠤ ᠶᠢ ᠬᠡᠯᠡᠵᠣ ᠪᠠᠶᠢᠨ᠎ᠠ᠃ ᠤᠳᠣᠬᠠᠨ ᠳᠤ ᠮᠠᠨ ᠤ ᠵᠠᠷᠢᠮ ᠵᠠᠯᠠᠭᠤ ᠪᠠᠭᠠᠴᠣᠳ ᠲᠡᠷᠯᠢᠭ ᠡᠮᠥᠰᠴᠣ | ᠪᠦᠰᠡ ᠪᠦᠰᠡᠯᠡᠨ ᠭᠤᠲᠣᠯ ᠡᠮᠥᠰᠴᠢᠭᠡᠳ ᠮᠠᠯᠠᠭᠠᠢ ᠳᠠᠷᠣᠬᠤ ᠥᠭᠡᠢ ᠪᠠᠶᠢᠳᠠᠯ ᠵᠥᠩᠳᠡᠭᠡᠨ ᠬᠠᠷᠠᠭᠳᠠᠳᠠᠭ ᠪᠠᠶᠢᠨ᠎ᠠ᠃ | ᠪᠠᠰᠠ ᠤᠨᠴᠠ ᠵᠠᠷᠢᠮ ᠨᠢ ᠭᠤᠲᠣᠯ ᠴᠣ᠋ ᠥᠭᠡᠢ ᠪᠠᠶᠢᠳᠠᠭ︕ ᠡᠳᠡᠭᠡᠷ ᠨᠢ ᠳᠣᠩ ᠪᠣᠷᠣᠭᠤ ᠵᠥᠢᠯ ᠪᠤᠯᠤᠨ᠎ᠠ᠃ ᠠᠳᠡ | ᠶᠠᠷᠢᠵᠣ ᠪᠠᠶᠢᠭ᠎ᠠ ᠨᠢ ᠡᠩ ᠤᠨ ᠥᠶ᠎ᠡ ᠶᠢᠨ ᠡᠮᠥᠰᠭᠡᠯ ᠪᠤᠯᠬᠤ ᠲᠣᠯᠠ ᠵᠠᠰᠠᠯ ᠵᠢᠮᠰᠡᠭ ᠤᠨ ᠵᠥᠢᠯ ᠢ ᠲᠣᠷᠠᠳᠣᠬᠤ | ᠥᠭᠡᠢ᠃ | 2.ᠪᠦᠰᠡ ᠪᠦᠰᠡᠯᠡᠬᠦ ᠳᠦᠷᠢᠮ ᠭᠤᠷᠢᠮ ᠢ ᠠᠩᠬᠠᠷᠬᠤ ᠬᠡᠷᠡᠭᠲᠡᠢ ᠪᠠᠶᠢᠨ᠎ᠠ᠃ | ᠤᠯᠠᠩᠬᠢ ᠵᠠᠯᠠᠭᠤ ᠪᠠᠭᠠᠴᠣᠳ ᠪᠦᠰᠡ ᠶᠢ ᠳᠣᠷ᠎ᠠ ᠪᠠᠷ ᠢᠶᠠᠨ ᠪᠦᠰᠡᠯᠡᠵᠣ ᠪᠠᠶᠢᠨ᠎ᠠ᠃ ᠡᠭᠦᠨ ᠳᠤ ᠪᠦᠰᠡ | ᠪᠦᠰᠡᠯᠡᠬᠦ ᠵᠥᠭ ᠴᠢᠭᠯᠡᠯ᠂ ᠤᠷᠣᠨ ᠪᠠᠶᠢᠷᠢ᠂ ᠴᠢᠩᠭ᠎ᠠ ᠰᠣᠯᠡ ᠵᠡᠷᠭᠡ ᠲᠠᠯ᠎ᠠ ᠪᠠᠷ ᠪᠦᠷ ᠴᠢᠩᠭ᠎ᠠ ᠵᠢᠷᠣᠮ ᠶᠣᠰᠣ ᠲᠠᠢ | ᠪᠠᠶᠢᠳᠠᠭ ᠪᠠᠶᠢᠨ᠎ᠠ᠃ | ︿1﹀ ᠮᠠᠨ ᠤ ᠮᠤᠩᠭᠤᠯᠴᠣᠳ ᠨᠠᠷᠠ ᠵᠦᠪ ᠡᠷᠭᠢᠬᠦ ᠵᠦᠭ ᠢ ᠮᠠᠰᠢ ᠡᠷᠬᠢᠮᠯᠡᠵᠣ᠂ ᠢᠯᠭᠤᠮ ᠰᠠᠭᠠᠳ ᠥᠭᠡᠢ | ᠪᠡᠯᠭᠡ ᠳᠡᠮᠪᠡᠷᠡᠯ ᠲᠠᠢ ᠬᠡᠮᠡᠨ ᠥᠵᠡᠵᠥ ᠪᠠᠶᠢᠳᠠᠭ ᠣᠴᠢᠷ ᠲᠡᠷᠯᠢᠭ ᠳᠡᠪᠡᠯ ᠤᠨ ᠪᠦᠰᠡ ᠪᠠᠨ ᠴᠣ᠋ ᠨᠠᠷᠠ ᠡᠷᠬᠢᠬᠦ ᠵᠥᠭ | ᠤᠷᠢᠶᠠᠨ ᠪᠦᠰᠡᠯᠡᠳᠡᠭ ᠲᠣᠯᠠ ᠡᠨᠡᠬᠦ ᠶᠣᠰᠣ ᠵᠢᠷᠣᠮ ᠢ ᠴᠣ᠋ ᠠᠩᠬᠠᠷᠬᠤ ᠴᠢᠬᠤᠯᠠ ᠲᠠᠢ ᠪᠠᠶᠢᠨ᠎ᠠ᠃ ᠬᠠᠷᠢᠨ ᠡᠭᠦᠨ ᠤ | ᠡᠰᠡᠷᠭᠦ ᠲᠠᠯ᠎ᠠ ᠣᠷᠣᠭᠤ ᠪᠦᠰᠡᠯᠡᠬᠦ ᠥᠵᠡᠭᠳᠡᠯ ᠴᠣ᠋ ᠬᠠᠶᠠ ᠬᠠᠷᠠᠭᠳᠠᠳᠠᠭ ᠲᠣᠯᠠ ᠡᠭᠦᠨ ᠢ ᠬᠢᠴᠢᠶᠡᠬᠦ ᠴᠢᠬᠤᠯᠠ ᠲᠠᠢ | ᠪᠠᠶᠢᠨ᠎ᠠ᠃ | ︿2﹀ ᠤᠷᠣᠨ ᠪᠠᠶᠢᠷᠢ ᠶᠢᠨ ᠬᠤᠪᠢ ᠳᠤ ᠴᠣ᠋ ᠠᠩᠬᠠᠷᠬᠤ ᠴᠢᠬᠤᠯᠠ ᠲᠠᠢ ᠵᠥᠢᠯ ᠪᠠᠶᠢᠳᠠᠭ᠃ ᠵᠢᠱᠢᠶᠡᠯᠡᠬᠦ ᠳᠤ | ᠵᠠᠷᠢᠮ ᠵᠠᠯᠠᠭᠤ ᠪᠠᠭᠠᠴᠣᠳ ᠪᠦᠷ ᠰᠡᠭᠦᠵᠢᠨ ᠲᠣᠯᠣᠭᠠᠢ ᠳᠡᠭᠡᠭᠦᠷ ᠪᠦᠰᠡᠯᠡᠵᠦ ᠬᠦᠳᠡᠯᠵᠣ ᠪᠠᠷᠢᠬᠤ ᠪᠠᠨ ᠬᠢᠵᠠᠭᠠᠷᠯᠠᠵᠣ | ᠲᠣᠱᠠ ᠲᠠᠢ ᠶᠤᠮ ᠰᠢᠭ᠋ ᠶᠠᠪᠣᠵᠣ ᠪᠠᠶᠢᠳᠠᠭ᠃ ᠡᠨᠡ ᠨᠢ ᠮᠠᠨ ᠤ ᠮᠣᠩᠭᠤᠯ ᠥᠨᠳᠥᠰᠥᠲᠡᠨ ᠤ ᠲᠡᠣᠬᠡᠨ ᠨᠦᠬᠦᠴᠡᠯ | ᠲᠠᠢ ᠶᠠᠭ ᠵᠤᠬᠢᠴᠠᠬᠤ ᠥᠭᠡᠢ ᠶᠠᠪᠣᠳᠠᠯ ᠪᠤᠯᠤᠨ᠎ᠠ᠃ ᠣᠴᠢᠷ ᠨᠢ ᠮᠠᠨ ᠤ ᠥᠨᠳᠥᠰᠥᠲᠡᠨ ᠪᠤᠯ ᠮᠤᠷᠢᠨ ᠨᠢᠷᠣᠭᠤᠨ | ᠳᠡᠭᠡᠷᠡᠬᠢ ᠥᠨᠳᠥᠰᠥᠲᠡᠨ ᠪᠤᠯᠬᠤ ᠪᠦᠭᠡᠳ ᠥᠷᠭᠦᠯᠵᠢ ᠮᠤᠷᠢ ᠣᠨᠤᠭ᠎ᠠ ᠲᠠᠢ ᠨᠣᠴᠣᠯᠳᠣᠵᠣ᠂ ᠡᠮᠨᠢᠭ ᠲᠤᠭᠰᠢᠨ ᠢ | ᠡᠳ᠋ᠯᠡᠨ ᠰᠣᠷᠭᠠᠬᠤ ᠬᠦᠳᠡᠯᠮᠥᠷᠢ ᠶᠢ ᠬᠢᠬᠦ ᠳᠤ ᠬᠠᠷᠰᠢ ᠰᠠᠭᠠᠳ ᠲᠠᠢ ᠵᠥᠢᠯ ᠪᠤᠯᠤᠨ᠎ᠠ᠃ ᠡᠶᠢᠮᠥ ᠠᠴᠠ ᠪᠦᠰᠡ | ᠪᠦᠰᠡᠯᠡᠬᠦ ᠳᠡᠭᠡᠨ ᠳᠡᠭᠡᠷᠡᠬᠢ ᠣᠷᠣᠨ ᠪᠠᠶᠢᠷᠢ ᠪᠠᠷ ᠶᠡᠷᠣ ᠪᠦᠰᠡᠯᠡᠳᠡᠭ ᠥᠭᠡᠢ ᠪᠠᠶᠢᠨ᠎ᠠ᠃ ᠬᠠᠷᠢᠨ ᠬᠦᠢᠰᠣᠨ ᠳᠣᠣᠭᠤᠷ | ᠳᠠᠪᠤᠰᠠᠩ ᠤᠨ ᠳᠡᠭᠡᠭᠦᠷ ᠪᠦᠰᠡᠯᠡᠵᠣ ᠮᠤᠷᠢ ᠣᠨᠣᠭᠠᠨ ᠳᠡᠭᠡᠷ᠎ᠡ ᠶᠠᠪᠣᠬᠤ ᠳᠤ ᠬᠤᠳᠣᠭᠠᠳᠣ ᠭᠡᠳᠡᠰᠣ ᠰᠢᠭᠯᠡᠭᠳᠡᠨ | ᠡᠪᠡᠳᠬᠦ ᠣᠨᠠᠬᠤ ᠠᠴᠠ ᠰᠡᠷᠭᠡᠶᠢᠯᠡᠵᠣ ᠴᠢᠳᠠᠳᠠᠭ ᠪᠠᠶᠢᠨ᠎ᠠ᠃ | ︿3﹀ ᠴᠢᠩᠭ᠎ᠠ ᠰᠣᠯᠠ ᠶᠢᠨ ᠬᠤᠪᠢ ᠳᠤ ᠡᠷᠬᠡᠪᠰᠢ ᠴᠢᠩᠭ᠎ᠠ ᠪᠦᠰᠡᠯᠡᠬᠦ ᠬᠡᠷᠡᠭᠲᠡᠢ ᠪᠠᠶᠢᠳᠠᠭ᠃ ᠣᠴᠢᠷ ᠨᠢ | ᠳᠡᠭᠡᠷ᠎ᠡ ᠳᠣᠷᠠᠳᠣᠭᠰᠠᠨ ᠮᠤᠷᠢ ᠣᠨᠤᠭ᠎ᠠ ᠲᠠᠢ ᠨᠣᠴᠣᠯᠳᠣᠬᠤ᠂ ᠠᠵᠢᠯ ᠬᠦᠳᠡᠯᠮᠥᠷᠢ ᠬᠢᠬᠦ ᠵᠡᠷᠭᠡ ᠳᠤ ᠰᠣᠯᠠ ᠪᠦᠰᠡᠯᠡᠬᠦ | ᠳᠤ ᠬᠥᠷᠪᠡᠯ ᠪᠦᠰᠡ ᠰᠠᠭᠠᠷᠠᠬᠤ ᠪᠤᠶᠣ ᠬᠥᠯ ᠤᠷᠢᠶᠠᠵᠣ ᠮᠠᠰᠢ ᠳᠥᠭᠦᠮ ᠥᠭᠡᠢ ᠪᠤᠯᠬᠤ ᠪᠠᠷ ᠪᠠᠷᠠᠬᠤ ᠥᠭᠡᠢ | ᠴᠢᠨᠠᠭᠰᠢᠯᠠᠪᠠᠯ ᠣᠰᠣᠯ ᠠᠳᠡᠯ ᠴᠣ᠋ ᠭᠠᠷᠴᠣ ᠮᠡᠳᠡᠨ᠎ᠡ᠃ ᠮᠠᠨ ᠤ ᠠᠬᠠᠮᠠᠳ ᠤᠳ ᠪᠦᠰᠡ ᠲᠡᠯᠡᠢ ᠪᠠᠨ ᠴᠢᠩᠭ᠎ᠠ | ᠪᠦᠰᠡᠯᠡᠪᠡᠯ ᠳᠠᠪᠤᠰᠠᠩ ᠴᠢᠩᠭ᠎ᠠ ᠪᠤᠯᠤᠨ᠎ᠠ ᠭᠡᠵᠣ ᠶᠠᠷᠢᠵᠣ ᠪᠠᠶᠢᠳᠠᠭ ᠪᠢᠰᠢᠣ︕ | ︿4﹀ ᠴᠢᠩᠭ᠎ᠠ ᠪᠦᠰᠡᠯᠡᠬᠦ ᠮᠦᠷᠲᠡᠭᠡᠨ ᠲᠡᠷᠯᠢᠭ ᠳᠡᠪᠡᠯ ᠢᠶᠠᠨ ᠵᠤᠬᠢᠬᠤ ᠬᠡᠮᠵᠢᠶ᠎ᠡ ᠪᠠᠷ ᠠᠭᠰᠠᠵᠣ | ︵ᠬᠦᠭᠡᠷᠥᠭᠯᠡᠵᠣ︶ ᠪᠦᠰᠡᠯᠡᠳᠡᠭ ᠪᠠᠶᠢᠨ᠎ᠠ᠃ ᠬᠠᠷᠢᠨ ᠣᠳᠣᠬᠠᠨ ᠳᠤ ᠮᠠᠨ ᠤ ᠵᠠᠷᠢᠮ ᠵᠠᠯᠠᠭᠤ ᠪᠠᠭᠠᠴᠣᠳ ᠰᠣᠯᠠ | ᠮᠦᠷᠲᠡᠭᠡᠨ ᠣᠨᠵᠢᠭᠤᠯᠠᠵᠣ ᠪᠦᠰᠡᠯᠡᠳᠡᠭ ᠨᠢ ᠶᠠᠭ ᠪᠤᠷᠣᠭᠤ ᠵᠥᠢᠯ ᠪᠤᠯᠤᠨ᠎ᠠ᠃ ᠠᠭᠰᠠᠵᠣ ᠪᠦᠰᠡᠯᠡᠳᠡᠭ ᠨᠢ ᠬᠦᠯ | ᠤᠷᠢᠶᠠᠬᠤ ᠥᠭᠡᠢ ᠪᠠᠶᠢᠵᠣ ᠬᠦᠳᠡᠯᠵᠥ ᠪᠠᠷᠢᠬᠤ ᠳᠤ ᠳᠦᠭᠦᠮ ᠮᠥᠷᠲᠡᠭᠡᠨ ᠡᠪᠣᠷ ᠲᠡᠭᠡᠨ ᠶᠠᠭᠤᠮ᠎ᠠ ᠬᠡᠣᠮᠠ ᠪᠠᠨ | ᠡᠪᠥᠷᠯᠡᠬᠦ ᠳᠤ ᠲᠠᠰᠠᠲᠠᠢ ᠪᠠᠶᠢᠳᠠᠭ ᠪᠠᠶᠢᠨ᠎ᠠ᠃ ᠳᠡᠭᠡᠷ᠎ᠡ 50—60 ᠤᠨ ᠤ ᠥᠶ᠎ᠡ ᠳᠤ ᠴᠣ᠋ ᠮᠣᠷᠢ ᠤᠨᠤᠭᠠᠨ | ᠳᠡᠭᠡᠷ᠎ᠡ ᠡᠪᠥᠷ ᠲᠡᠭᠡᠨ ᠪᠠᠭ᠎ᠠ ᠬᠡᠣᠬᠡᠳ ᠢᠶᠠᠨ ᠡᠪᠥᠷᠯᠡᠵᠣ ᠶᠠᠪᠣᠵᠣ ᠪᠠᠶᠢᠭᠰᠠᠨ ᠢ ᠬᠤᠪᠢ ᠬᠥᠮᠥᠨ ᠨᠢᠳᠣ ᠪᠠᠷ ᠢᠶᠠᠨ | ᠥᠵᠡᠨ ᠴᠢᠬᠢ ᠪᠠᠷ ᠢᠶᠠᠨ ᠰᠣᠨᠣᠰᠴᠣ ᠪᠠᠶᠢᠭᠰᠠᠨ ᠪᠢᠯᠡ᠃ ᠡᠳᠡᠭᠡᠷ ᠨᠢ ᠮᠠᠨ ᠤ ᠮᠤᠩᠭᠤᠯ ᠥᠨᠳᠥᠰᠥᠲᠡᠨ ᠤ ᠨᠡᠭᠦᠳᠡᠯ | ᠮᠠᠯᠵᠢᠬᠤ ᠠᠮᠢᠳᠣᠷᠠᠯ ᠤᠨ ᠰᠤᠶᠤᠯ ᠲᠠᠢ ᠰᠢᠭᠤᠳ ᠬᠠᠷᠢᠴᠠᠭ᠎ᠠ ᠲᠠᠢ ᠲᠠᠯ᠎ᠠ ᠪᠣᠯᠣᠨ᠎ᠠ᠃ | 3. ᠭᠤᠳᠣᠯ ᠡᠮᠥᠰᠬᠦ | ᠭᠤᠳᠣᠯ ᠡᠮᠥᠰᠬᠦ ᠳᠤ ᠵᠢᠯ ᠤᠨ ᠳᠦᠷᠪᠡᠨ ᠣᠯᠠᠷᠢᠯ ᠳᠠᠭᠠᠨ ᠵᠤᠬᠢᠴᠠᠭᠤᠯᠣᠨ ᠡᠮᠥᠰᠬᠦ ᠮᠦᠷᠲᠡᠭᠡᠨ ᠬᠥᠯ | ᠳᠡᠭᠡᠨ ᠲᠠᠭᠠᠷᠠᠭᠤᠯᠣᠨ ᠡᠮᠥᠰᠥᠨᠡ᠃ ᠡᠭᠦᠨ ᠳᠤ ᠬᠡᠲᠣ ᠪᠠᠷᠢᠭᠤ ᠪᠤᠶᠤ ᠬᠡᠲᠣ ᠠᠭᠤᠵᠢᠭᠤ ᠪᠠᠶᠢᠵᠣ ᠪᠤᠯᠬᠤ ᠥᠭᠡᠢ᠃ | ᠶᠠᠭ ᠲᠡᠶᠢᠮᠥ ᠠᠴᠠ ᠠᠬᠠᠮᠠᠳ ᠨᠠᠷ ᠤᠩᠭᠤᠴᠠ ᠪᠠ ᠣᠷᠢᠶᠠᠯᠲᠠ ᠪᠤᠯᠤᠭᠰᠠᠨ ᠭᠤᠲᠣᠯ ᠪᠢᠳᠡᠭᠡᠢ ᠡᠮᠥᠰ ᠭᠡᠵᠣ | ᠰᠠᠨᠠᠭᠤᠯᠳᠠᠭ ᠪᠠᠶᠢᠨ᠎ᠠ᠃ | ᠮᠠᠯᠠᠭᠠᠢ ᠪᠦᠰᠡ ᠬᠤᠶᠠᠷ ᠨᠢ ᠡᠷ᠎ᠡ ᠬᠥᠮᠥᠨ ᠤ ᠡᠷ᠎ᠡ ᠵᠤᠷᠢᠭ᠂ ᠴᠤᠭ ᠵᠢᠪᠬᠤᠭ᠎ᠠ ᠪᠤᠯᠳᠠᠭ᠃ ᠡᠶᠢᠮᠥ ᠠᠴᠠ | ᠪᠦᠰᠡ ᠮᠠᠯᠠᠭᠠᠢ ᠪᠠᠨ ᠳᠡᠷᠢ ᠳᠡᠭᠰᠢ ᠡᠮᠥᠰᠴᠣ ᠵᠡᠭᠦᠭᠰᠡᠨ ᠡᠷ᠎ᠡ ᠬᠥᠮᠥᠨ ᠪᠣᠰᠣᠳ ᠲᠤ ᠡᠷᠬᠢᠮᠰᠥᠭ ᠵᠢᠪᠬᠤᠭ᠎ᠠ ᠲᠠᠢ | ᠬᠠᠷᠠᠭᠳᠠᠳᠠᠭ᠃ ᠲᠡᠷᠡ ᠮᠦᠷᠲᠡᠭᠡᠨ ᠡᠷᠳᠡ ᠥᠶ᠎ᠡ ᠳᠤ ᠮᠤᠩᠭᠤᠯᠴᠣᠳ ᠪᠦᠰᠡ ᠪᠠᠷ ᠵᠡᠷᠭᠡ︖ ᠬᠡᠷᠬᠡᠮ ᠪᠠ ᠪᠠᠶᠢᠷᠢ | ᠰᠠᠭᠤᠷᠢ ᠶᠢ ᠢᠯᠡᠳᠭᠡᠳᠡᠭ ᠪᠠᠶᠢᠵᠡᠢ᠃ | ᠶᠠᠭ ᠡᠶᠢᠮᠥ ᠠᠴᠠ ᠪᠢᠳᠡ ᠮᠤᠩᠭᠤᠯ ᠰᠠᠶᠢᠬᠠᠨ ᠬᠤᠪᠴᠠᠰᠣ ᠪᠠᠨ ᠣᠯᠠᠮᠵᠢᠯᠠᠯᠲᠣ ᠶᠤᠰᠣᠭᠠᠷ ᠨᠢ ᠡᠮᠥᠰᠴᠣ | ᠡᠳ᠋ᠯᠡᠵᠣ ᠶᠠᠪᠣᠵᠠᠭᠠᠶ᠎ᠠ︕ |