| | | | ᠬᠠᠳᠠᠭ ᠪᠠᠷᠢᠬᠤ ᠪᠤᠯ ᠮᠤᠩᠭᠤᠯᠴᠤᠳ ᠤᠨ ᠬᠦᠨᠳᠦᠳᠭᠡᠬᠦ᠂ ᠪᠡᠯᠭᠡᠲᠡᠬᠦ᠂ ᠪᠠᠶᠠᠷ ᠬᠦᠷᠭᠡᠬᠦ᠂ ᠵᠦᠩᠨᠡᠨ ᠢᠷᠦᠭᠡᠬᠦ᠂ | ᠬᠦᠰᠡᠨ ᠨᠠᠶᠢᠳᠠᠬᠤ᠂ ᠠᠮᠠᠯᠡᠯᠲᠡ ᠬᠢᠬᠦ ᠵᠡᠷᠭᠡ ᠰᠠᠨᠠᠭ᠎ᠠ ᠪᠠᠨ ᠢᠯᠡᠳᠭᠡᠬᠦ ᠬᠠᠳᠠᠭᠤ ᠴᠢᠩᠭ᠎ᠠ ᠬᠦᠨᠳᠦ ᠶᠢᠨ ᠶᠤᠰᠤᠨ | ᠮᠦᠨ᠃ ᠮᠤᠩᠭᠤᠯᠴᠤᠳ ᠤᠨ ᠬᠠᠳᠠᠭ ᠤᠨ ᠰᠤᠶᠤᠯ ᠳᠤ᠂ ᠬᠠᠳᠠᠭ ᠭᠡᠷᠡᠭᠯᠡᠬᠦ ᠰᠤᠶᠤᠯ ᠵᠠᠩᠰᠢᠯ᠂ ᠬᠠᠳᠠᠭ ᠤᠨ ᠪᠡᠯᠭᠡᠲᠡᠯ | ᠶᠤᠰᠤᠨ᠂ ᠬᠠᠳᠠᠭ ᠬᠠᠳᠠᠭᠠᠯᠠᠬᠤ ᠪᠤᠯᠤᠨ ᠬᠠᠳᠠᠭ ᠬᠡᠷᠡᠭᠯᠡᠬᠦ ᠴᠡᠭᠡᠷ ᠶᠤᠰᠤᠨ ᠵᠡᠷᠭᠡ ᠤᠯᠠᠨ ᠨᠠᠷᠢᠨ ᠲᠤᠳᠤᠷᠬᠠᠢ ᠶᠤᠰᠤ | ᠵᠠᠩᠰᠢᠯ ᠲᠠᠢ ᠪᠠᠶᠢᠲᠠᠭ᠃ ᠬᠡᠪᠡᠴᠦ ᠤᠳᠤᠬᠠᠨ ᠳᠤ ᠡᠳᠡᠭᠡᠷ ᠬᠠᠳᠠᠭ ᠲᠠᠢ ᠬᠤᠯᠪᠤᠭᠳᠠᠬᠤ ᠶᠤᠰᠤ ᠵᠠᠩᠰᠢᠯ ᠶᠡᠭᠡᠪᠡᠷ | ᠮᠠᠷᠳᠠᠭᠳᠠᠨ ᠦᠭᠡᠷᠡᠴᠢᠯᠡᠭᠲᠠᠵᠦ ᠪᠤᠢ᠃ ᠵᠢᠱᠢᠶᠠᠯᠠᠪᠡᠯ᠂ ᠬᠠᠳᠠᠭ ᠢ ᠰᠢᠭᠤᠳ ᠬᠦᠮᠦᠨ ᠤ ᠬᠦᠵᠦᠭᠦᠨ ᠳᠤ ᠵᠠᠭᠦᠯᠭᠡᠬᠦ᠂ | ᠰᠢᠷ᠎ᠡ ᠦᠩᠭᠡ ᠶᠢᠨ ᠬᠠᠳᠠᠭ᠂ ᠬᠦᠷᠦᠭ ᠵᠢᠷᠤᠭ ᠪᠤᠯᠤᠨ ᠲᠠᠷᠨᠢ ᠶᠢᠨ ᠦᠰᠦᠭ ᠲᠠᠢ ᠬᠠᠳᠠᠭ ᠢ ᠲᠤᠷ᠎ᠡ ᠪᠠᠷ ᠭᠡᠷᠡᠭᠯᠡᠬᠦ᠂ | ᠬᠠᠳᠠᠭ ᠢ ᠵᠠᠮ ᠤᠨ ᠠᠮᠡ᠂ ᠤᠯᠠᠨ ᠤ ᠭᠦᠯ ᠲᠤᠤᠷ᠎ᠡ ᠬᠠᠶᠠᠬᠤ ᠵᠠᠷᠭᠡ ᠨᠢ ᠪᠦᠷ ᠤᠯᠠᠮᠵᠢᠯᠠᠯᠲᠦ ᠶᠤᠰᠤᠨ ᠳᠤ | ᠨᠡᠶᠢᠴᠡᠬᠦ ᠦᠭᠡᠢ ᠶᠤᠮ᠃ ᠮᠤᠩᠭᠤᠯᠴᠤᠳ ᠠᠮᠢ ᠦᠭᠡᠢ ᠱᠤᠭᠤᠮᠡᠯ ᠪᠤᠶᠤ ᠮᠤᠲᠦ ᠴᠢᠯᠠᠭᠤ ᠵᠠᠷᠭᠡ ᠠᠪᠴᠦ ᠪᠠᠷᠢᠬᠤ | ᠮᠡᠲᠡᠷᠡᠯ ᠦᠭᠡᠢ ᠦᠬᠦᠮᠡᠯ ᠪᠤᠳᠠᠰ ᠲᠤ ᠬᠠᠳᠠᠭ ᠢ ᠡᠯᠭᠦᠵᠦ ᠲᠠᠯᠪᠢᠲᠠᠭ ᠤᠴᠢᠷ ᠠᠴᠠ ᠠᠮᠢᠲᠦ ᠬᠦᠮᠦᠨ ᠤ ᠬᠦᠵᠦᠭᠦᠨ | ᠳᠤ ᠬᠠᠳᠠᠭ ᠵᠠᠭᠦᠯᠭᠡᠬᠦ ᠦᠭᠡᠢ᠃ ᠰᠢᠷ᠎ᠡ ᠦᠩᠭᠡ ᠶᠢᠨ ᠬᠠᠳᠠᠭ ᠢ ᠮᠦᠬᠦᠯ ᠤᠨ ᠦᠩᠭᠡ ᠶᠢᠨ ᠪᠡᠯᠭᠡᠲᠡᠯ ᠭᠡᠵᠦ ᠦᠵᠡᠬᠦ | ᠪᠤᠯᠬᠤᠷ ᠤᠭᠳᠤᠭᠤᠯ᠂ ᠦᠳᠡᠭᠦᠯ᠂ ᠬᠤᠷᠢᠮ ᠨᠠᠶᠢᠷ ᠲᠡᠭᠡᠷ᠎ᠡ ᠭᠡᠷᠡᠭᠯᠡᠬᠦ ᠦᠭᠡᠢ᠃ ᠬᠠᠳᠠᠭ ᠢ ᠵᠠᠮ ᠤᠨ ᠠᠮᠡ᠂ ᠤᠯᠠᠨ ᠤ | ᠬᠦᠯ ᠲᠤᠤᠷ᠎ᠡ ᠬᠠᠶᠠᠪᠡᠯ᠂ ᠲᠦᠭᠡᠷᠢᠵᠦ ᠲᠡᠨᠦᠬᠦ ᠪᠤᠶᠦ ᠪᠡᠶ᠎ᠡ ᠳᠤ ᠡᠪᠡᠳᠴᠢᠨ ᠲᠤᠰᠬᠤ᠂ ᠮᠠᠯ ᠬᠤᠢ ᠨᠢ ᠰᠠᠯᠵᠦ | ᠰᠡᠷᠨᠢᠭᠠᠳ ᠤᠷᠦ ᠮᠦᠷ ᠨᠢ ᠲᠠᠰᠤᠷᠠᠬᠤ᠂ ᠬᠠᠴᠢᠨ ᠵᠢᠭᠲᠡᠢ ᠭᠠᠢ ᠵᠤᠪᠠᠯᠠᠩ ᠡᠮᠭᠡᠭ ᠠᠳᠠ ᠡᠵᠡᠨ ᠦᠭᠡᠢ ᠬᠠᠳᠠᠭ | ᠲᠤᠨᠢ ᠤᠷᠤᠰᠢᠵᠦ᠂ ᠠᠳᠠ ᠲᠦᠢᠳᠭᠡᠷ ᠨᠢ ᠲᠡᠨᠦᠴᠢᠯᠡᠬᠦ ᠪᠡ ᠡᠵᠡᠨ ᠢᠶᠠᠨ ᠡᠷᠢᠳᠡᠭ ᠬᠡᠮᠡᠨ ᠨᠠᠰᠤᠲᠠᠶᠢᠴᠤᠳ | ᠬᠠᠭᠤᠴᠢᠯᠠᠲᠠᠭ ᠶᠤᠮ᠃ ᠲᠡᠷᠡ ᠮᠦᠷᠲᠡᠭᠡᠨ ᠬᠠᠳᠠᠭ ᠪᠠᠷᠢᠬᠤ᠂ ᠬᠡᠷᠡᠭᠯᠡᠬᠦ ᠶᠤᠰᠤ ᠵᠠᠩᠰᠢᠯ ᠢ ᠮᠡᠲᠡᠬᠦ ᠦᠭᠡᠢ ᠲᠤᠷ᠎ᠡ | ᠲᠠᠪᠡ ᠪᠠᠷ ᠭᠡᠷᠡᠭᠯᠡᠪᠡᠯ ᠦᠷ᠎ᠡ ᠬᠡᠦᠭᠡᠳ ᠨᠢ ᠶᠠᠬᠡᠴᠣᠳ ᠢᠶᠠᠨ ᠬᠦᠨᠳᠦᠯᠡᠬᠦ ᠦᠭᠡᠢ ᠪᠤᠶᠦ ᠡᠯᠪᠡᠷᠢᠯ ᠵᠢᠷᠦᠮ ᠦᠭᠡᠢ | ᠪᠤᠯᠬᠤ᠂ ᠠᠮᠠᠯᠠᠯᠲᠡ ᠬᠢᠭᠰᠡᠨ ᠠᠮᠠᠨ ᠲᠠᠩᠭᠠᠷᠢᠭ ᠬᠦᠴᠦᠨ ᠦᠭᠡᠢ ᠪᠤᠯᠵᠦ᠂ ᠬᠦᠮᠦᠨ ᠬᠦᠮᠦᠨ ᠤ ᠬᠤᠭᠤᠷᠤᠨᠲᠦ | ᠢᠲᠡᠭᠡᠯ ᠦᠭᠡᠢ ᠪᠤᠯᠳᠠᠭ ᠠᠵᠠᠢ᠃ | ᠬᠠᠳᠠᠭ ᠤᠨ ᠲᠦᠷᠦᠯ ᠵᠦᠢᠯ ᠪᠡ ᠨᠡᠷᠡᠶᠢᠳᠤᠯ | ᠮᠤᠩᠭᠤᠯᠴᠤᠳ ᠤᠨ ᠬᠠᠳᠠᠭ ᠤᠨ ᠬᠢᠴᠡ ᠪᠦᠲᠦᠴᠡ ᠠᠴᠠ ᠨᠢ ᠦᠵᠡᠬᠦ ᠳᠤ ᠮᠢᠨᠳᠠᠰᠤᠨ ᠤᠳᠠᠰᠦ ᠪᠠᠷ | ᠨᠡᠭᠡᠭᠰᠡᠨ ᠴᠠᠭᠠᠨ ᠪᠤᠶᠦ ᠴᠡᠩᠭᠡᠷ ᠬᠦᠭᠡ ᠦᠩᠭᠡ ᠶᠢᠨ ᠭᠬᠢᠪ ᠪᠤᠯᠤᠨ᠎ᠡ᠃ ᠲᠡᠭᠦᠨ ᠢ ︽ᠠᠯᠳᠠᠨ ᠲᠤᠷᠭᠠᠨ ᠠᠮᠠᠨ | ᠴᠠᠭᠠᠨ ᠬᠠᠳᠠᠭ︾᠂ ︽ᠬᠦᠭᠡ ᠲᠤᠷᠭᠠᠨ ᠡᠩᠲᠦ ᠬᠠᠳᠠᠭ︾᠂ ︽ᠰᠠᠭᠠᠯᠢ ᠶᠢᠨ ᠲᠡᠭᠡᠵᠢ ᠶᠢᠨ ᠰᠠᠮᠪᠡᠢ ᠬᠠᠳᠠᠭ︾ ᠭᠡᠵᠦ | ᠬᠤᠪᠢᠶᠠᠵᠦ ᠪᠤᠯᠤᠨ᠎ᠡ᠃ | ᠠᠷᠪᠠᠨ ᠭᠤᠷᠪᠠᠳᠤᠭᠠᠷ ᠵᠠᠭᠤᠨ ᠤ ᠰᠡᠭᠦᠯᠴᠢ ᠶᠢᠨ ᠦᠶ᠎ᠡ ᠪᠠᠷ ᠮᠤᠩᠭᠤᠯᠴᠤᠳ ᠤᠨ ᠬᠠᠳᠠᠭ ᠢ ᠫᠠᠭᠪᠡ ᠯᠠᠮᠡ | ᠬᠠᠮᠤᠭ ᠠᠩᠬ᠎ᠠ ᠤᠳᠠᠭ᠎ᠠ ︵1265 ᠤᠨ ᠳᠤ︶ ᠲᠦᠪᠡᠳ ᠤᠨ ᠴᠠᠰᠤᠳᠦ ᠤᠷᠤᠨ ᠤ ᠲᠡᠭᠡᠲᠦ ᠲᠠᠪᠬᠤᠷᠭᠠᠲᠡᠨ ᠤ | ᠲᠤᠮᠳᠡ ᠲᠡᠯᠭᠡᠷᠡᠭᠦᠯᠦᠭᠰᠡᠨ ᠠᠴᠠ᠂ ᠮᠤᠩᠭᠤᠯᠴᠤᠳ ᠤᠨ ︽ᠬᠠᠳᠠᠭ ᠠᠯᠴᠢᠭᠤᠷ ᠢᠶᠠᠷ ᠪᠡᠯᠡᠭ ᠦᠭᠬᠦ ᠶᠤᠰᠤᠨ︾ ᠨᠢ | ᠲᠦᠪᠡᠳ ᠦᠨᠳᠦᠰᠦᠲᠡᠨ ᠤ ᠲᠤᠮᠳᠠ ᠶᠡᠭᠡ ᠯᠡ ᠬᠦᠷᠢᠶᠠᠯᠡᠯ ᠢ ᠤᠯᠵᠦ ᠬᠦᠭᠵᠢᠭᠡᠳ ᠪᠤᠷᠬᠠᠨ ᠱᠠᠰᠢᠨ ᠤ ᠦᠩᠭᠡ | ᠪᠤᠳᠤᠭ᠂ ᠤᠳᠬ᠎ᠠ ᠠᠭᠤᠯᠭ᠎ᠠ ᠲᠠᠢ ᠪᠤᠯᠵᠦ᠂ 16 ᠳ᠋ᠤᠭᠠᠷ ᠵᠠᠭᠤᠨ ᠤ ᠰᠡᠭᠦᠯᠴᠢ ᠪᠠᠷ ᠰᠢᠷ᠎ᠡ ᠶᠢᠨ ᠱᠠᠰᠢᠨ ᠢ ᠲᠠᠭᠠᠨ | ᠮᠤᠩᠭᠤᠯ ᠤᠷᠤᠨ ᠳᠤ ᠪᠤᠴᠡᠨ ᠢᠷᠡᠬᠦ ᠳᠤ ᠬᠠᠳᠠᠭ ᠭᠡᠷᠡᠭᠯᠡᠬᠦ ᠶᠤᠰᠤᠨ ᠨᠢ ᠨᠡᠯᠢᠶᠡᠳ ᠤᠨᠳᠤᠤ ᠪᠤᠯᠵᠠᠢ᠃ | ᠲᠤᠬᠠᠶᠢᠯᠠᠪᠡᠯ᠂ ᠬᠠᠳᠠᠭ ᠨᠢ ︽ᠲᠡᠰᠢ︾ ︵ᠲᠡᠭᠰᠢ ᠭᠡᠵᠦ ᠴᠦ ᠬᠡᠯᠡᠨ᠎ᠡ︶᠂ ︽ᠰᠤᠨᠤᠮ ︵ᠰᠤᠤᠨᠤᠮ︶︾᠂ ︽ᠠᠶᠤᠰᠢ︾᠂ | ︽ᠸᠠᠩᠳᠠᠨ︾᠂ ︽ᠨᠠᠩᠴᠢᠳ︾ ︵ᠨᠠᠩᠵᠢᠳ ᠪᠤᠶᠦ ᠨᠠᠩᠽᠢᠳ ᠭᠡᠵᠦ ᠪᠠᠰᠡ ᠬᠡᠯᠡᠨ᠎ᠡ︶ ᠬᠠᠳᠠᠭ ᠭᠡᠬᠦ ᠮᠡᠲᠦ ᠶᠢᠨ ᠰᠢᠨ᠎ᠡ | ᠲᠤᠳᠤᠳᠬᠠᠯ ᠨᠠᠷᠠᠰ ᠲᠠᠢ ᠪᠤᠯᠤᠭᠰᠡᠨ ᠪᠠᠶᠢᠨ᠎ᠡ᠃ ᠡᠨᠡ ᠨᠢ ᠲᠠᠷᠤᠢ ︽ᠬᠠᠳᠠᠭ︾ ᠭᠡᠳᠡᠭ ᠨᠡᠷ᠎ᠡ ᠲᠠᠢ ᠮᠤᠩᠭᠤᠯ ᠬᠦᠦ | ᠲᠦᠪᠡᠳ ᠲᠤ ᠤᠴᠢᠨ ᠯᠠᠮᠡ ᠪᠤᠯᠵᠦ᠂ ︽ᠨᠢᠨᠲᠡᠷ︾ ᠭᠡᠲᠡᠭ ᠲᠦᠪᠡᠳ ᠨᠡᠷ᠎ᠡ ᠠᠪᠴᠦ᠂ ᠭᠡᠷ ᠲᠡᠭᠡᠨ ᠬᠠᠷᠢᠵᠦ ᠢᠷᠡᠭᠰᠡᠨ | ᠲᠠᠢ ᠠᠳᠠᠯᠢ ᠨᠢᠭᠡᠨ ᠤᠴᠢᠷ ᠶᠤᠮ᠃ ᠦᠭᠡᠷ᠎ᠡ ᠪᠠᠷ ᠭᠡᠯᠡᠪᠡᠯ᠂ ︽ᠬᠠᠳᠠᠭ︾ ᠭᠡᠲᠡᠭ ᠨᠡᠷ᠎ᠡ ᠦᠭᠡ ᠬᠢᠲᠡᠳ ᠲᠦᠪᠡᠳ | ᠢᠵᠠᠭᠤᠷ ᠬᠡᠯᠡᠨ ᠳᠤ ᠪᠠᠶᠢᠬᠤ ᠦᠭᠡᠢ ᠪᠤᠯᠬᠤᠷ ᠲᠡᠳᠡᠨ ᠤ ᠬᠡᠯᠡᠨ ᠳᠤ ᠪᠠᠶᠢᠬᠤ ︽ᠨᠢᠨᠲᠡᠷ︾ ᠭᠡᠬᠦ ᠨᠡᠷ᠎ᠡ ᠠᠪᠤᠭᠠᠳ | ᠨᠤᠲᠤᠭ ᠲᠠᠭᠠᠨ ᠪᠤᠴᠠᠵᠦ ᠢᠷᠡᠬᠦ ᠳᠤᠨᠢ ᠮᠤᠩᠭᠤᠯ ᠬᠦᠦ ᠪᠠᠨ ᠵᠠᠷᠢᠮ ᠬᠦᠮᠦᠨ ᠲᠦᠪᠡᠳ ᠤᠨ ᠬᠦᠦ ᠪᠤᠯᠭᠠᠨ | ᠠᠳᠡᠭᠦᠷᠡᠵᠠᠢ᠃ | ᠬᠠᠳᠠᠭ ᠭᠡᠷᠡᠭᠯᠡᠬᠦ ᠶᠤᠰᠤ ᠵᠠᠩᠰᠢᠯ | ᠮᠤᠩᠭᠤᠯᠴᠣᠳ ︽ᠢᠲᠡᠭᠡᠨ ᠤᠨ ᠲᠡᠭᠡᠵᠢ ᠡᠯᠢᠭᠡᠨ ᠴᠠᠭᠠᠨ ᠲᠠᠷᠠᠭ᠂ ᠡᠳ᠋ ᠤᠨ ᠲᠡᠭᠡᠵᠢ ᠡᠷᠳᠡᠨᠢ ᠶᠢᠨ ᠴᠠᠭᠠᠨ | ᠬᠠᠳᠠᠭ︾ ᠭᠡᠵᠦ ᠲᠦᠷᠦ ᠶᠢᠨ ᠶᠤᠰᠤᠯᠡᠯ ᠠᠴᠠ ᠠᠪᠤᠭᠠᠳ ᠬᠤᠷᠢᠮ ᠨᠠᠶᠢᠷ ᠲᠤ ᠪᠦᠷ ᠬᠠᠳᠠᠭ ᠢ ᠲᠡᠭᠡᠲᠦᠯᠡᠨ | ᠬᠡᠷᠡᠭᠯᠡᠲᠡᠭ ᠶᠤᠮ᠃ ᠡᠨᠡᠬᠦ ᠤᠷᠲᠦ ᠤᠳᠠᠭᠠᠨ ᠲᠡᠦᠬᠡ ᠶᠢᠨ ᠶᠠᠪᠤᠴᠡ ᠳᠤ ᠠᠶᠠᠨᠳᠠᠭᠠᠨ ᠲᠤᠭᠳᠠᠭᠰᠡᠨ ᠬᠦᠷᠢᠶ᠎ᠡ | ᠬᠡᠪᠴᠢᠶ᠎ᠡ ᠶᠤᠰᠤ ᠭᠤᠷᠢᠮ ᠪᠤᠢ ᠪᠤᠯᠵᠦ᠂ ᠬᠡᠯᠪᠡᠷᠢᠵᠢᠨ ᠲᠤᠭᠳᠠᠭᠰᠡᠨ ᠪᠠᠶᠢᠳᠠᠭ᠃ | ᠬᠠᠳᠠᠭ ᠪᠠᠷᠢᠬᠤ ᠶᠤᠰᠤᠨ | ︽ᠠᠯᠳᠠᠨ ᠴᠠᠭᠠᠨ ᠠᠮᠠᠨ ᠬᠠᠳᠠᠭ︾᠂ ︽ᠬᠦᠭᠡ ᠲᠤᠷᠭᠠᠨ ᠡᠩᠲᠦ ᠬᠠᠳᠠᠭ︾ ᠭᠡᠲᠡᠭ ᠢ ᠤᠯᠠᠩᠬᠢ ᠳᠠᠭᠠᠨ | ᠭᠤᠷᠪᠠᠨ ᠠᠮᠡ ᠬᠠᠭᠠᠰ ᠤᠷᠲᠦ ᠦᠢᠯᠡᠳᠴᠦ᠂ ᠠᠬᠠᠮᠠᠳ ᠨᠠᠰᠤᠲᠡᠳ ᠲᠤᠮᠤᠭᠠᠲᠡᠨ᠂ ᠬᠦᠨᠲᠦᠲᠦ ᠵᠤᠴᠢᠳ ᠢᠶᠠᠨ | ᠤᠭᠳᠤᠵᠦ ᠦᠲᠡᠬᠦ᠂ ᠨᠠᠰᠤᠨ ᠪᠠᠶᠠᠷ᠂ ᠬᠤᠷᠢᠮ ᠨᠠᠶᠢᠷ᠂ ᠰᠢᠨ᠎ᠡ ᠶᠢᠨ ᠵᠤᠯᠭᠠᠯᠲᠡ ᠳᠤ ᠬᠡᠷᠡᠭᠯᠡᠨ᠎ᠡ᠃ ᠡᠭᠦᠨ ᠢ ᠬᠠᠳᠠᠭ | ᠪᠠᠷᠢᠬᠤ ᠶᠤᠰᠤ ᠭᠡᠨ᠎ᠡ᠃ | ᠬᠠᠳᠠᠭ ᠲᠠᠳᠠᠬᠤ ᠶᠤᠰᠤᠨ | ᠬᠠᠳᠠᠭ ᠲᠠᠲᠠᠬᠤ ᠶᠤᠰᠤᠨ ᠢ ᠪᠠᠰᠡ ︽ᠠᠮᠠᠨ ᠬᠠᠳᠠᠭ ᠲᠠᠯᠪᠢᠬᠤ ᠶᠤᠰᠤᠨ︾ ᠭᠡᠨ᠎ᠡ᠃ ᠡᠨᠡ ᠨᠢ ᠲᠠᠷᠤᠢ ᠡᠮᠴᠢ᠂ | ᠲᠤᠮᠴᠢ᠂ ᠵᠠᠭᠤᠴᠢ᠂ ᠬᠡᠯᠡᠮᠦᠷᠴᠢ᠂ ᠬᠦᠭᠵᠢᠮᠴᠢ᠂ ᠢᠷᠦᠭᠡᠯᠴᠢ᠂ ᠬᠤᠷᠢᠮ ᠤᠨ ᠬᠤᠨᠵᠢᠨ ᠵᠠᠯᠠᠬᠤ ᠪᠡ ᠲᠦᠯᠭᠡ | ᠦᠵᠡᠭᠦᠯᠬᠦ᠂ ᠡᠳᠤᠷ ᠦᠵᠡᠭᠦᠯᠬᠦ᠂ ᠴᠢᠨᠲᠡᠷ ᠤᠷᠤᠰᠢᠭᠤᠯᠬᠤ ᠵᠢᠴᠢ ᠤᠷᠤᠭ ᠲᠤᠭᠳᠠᠬᠤ ᠳᠤ ᠠᠮᠠᠨ ᠬᠠᠳᠠᠭ ᠲᠠᠯᠪᠢᠲᠠᠭ᠃ | ᠡᠭᠦᠨ ᠳᠤ ᠰᠠᠭᠠᠯᠢ ᠶᠢᠨ ᠲᠡᠬᠢᠯ᠂ ᠰᠠᠮᠪᠠᠢ ᠬᠠᠳᠠᠭ ᠲᠠᠲᠠᠵᠦ᠂ ᠭᠡᠷ᠎ᠡ ᠪᠤᠯᠵᠤᠭ᠎ᠠ ᠶᠢᠨ ᠴᠢᠨᠠᠷ ᠲᠠᠢ ᠰᠠᠨᠠᠯ ᠨᠢᠭᠡᠳᠴᠦ᠂ | ᠤᠷᠢᠭᠰᠡᠨ ᠪᠡ ᠤᠷᠢᠭᠳᠠᠭᠰᠡᠨ ᠬᠤᠶᠠᠷ ᠡᠲᠡᠭᠡᠳ ᠪᠦᠷ ᠵᠦᠪᠰᠢᠶᠡᠷᠡᠯᠴᠡᠭᠰᠡᠨ ᠤ ᠭᠦᠢᠴᠡᠳᠭᠡᠯ ᠪᠤᠯᠳᠠᠭ᠃ ᠬᠡᠷᠪᠡ | ᠤᠷᠢᠭᠳᠠᠭᠴᠢ ᠡᠲᠡᠭᠡᠳ ᠤᠷᠢᠭᠴᠢ ᠶᠢᠨ ᠰᠠᠨᠠᠯ ᠢ ᠦᠯᠦ ᠵᠦᠪᠰᠢᠶᠠᠷᠠᠪᠡᠯ᠂ ᠬᠠᠳᠠᠭ ᠢ ᠨᠢ ᠬᠦᠯᠢᠶᠠᠨ ᠠᠪᠲᠠᠭ ᠦᠭᠡᠢ᠃ | ᠤᠷᠢᠭᠳᠠᠭᠴᠢ ᠡᠲᠡᠭᠡᠳ ᠤᠷᠢᠯᠭ᠎ᠠ ᠶᠢᠨ ᠬᠠᠳᠠᠭ ᠢ ᠬᠦᠯᠢᠶᠠᠨ ᠠᠪᠤᠪᠠᠯ᠂ ᠡᠩ ᠤᠨ ᠪᠠᠶᠢᠲᠡᠯ ᠲᠤᠤᠷ᠎ᠡ ᠪᠤᠴᠠᠭᠠᠵᠦ | ᠪᠤᠯᠳᠠᠭ ᠦᠭᠡᠢ᠃ ᠤᠨᠴᠠᠭᠠᠢ ᠤᠴᠢᠷ ᠶᠠᠪᠤᠳᠠᠯ ᠲᠤᠬᠢᠶᠠᠯᠳᠤᠪᠡᠯ᠂ ᠤᠴᠢᠷ ᠰᠢᠯᠲᠠᠭᠠᠨ ᠢᠶᠠᠨ ᠲᠤᠳᠤᠷᠬᠠᠶᠢᠯᠠᠵᠦ ᠬᠠᠳᠠᠭ | ᠢ ᠨᠢ ᠪᠤᠴᠠᠭᠠᠲᠠᠭ᠃ ᠡᠭᠦᠨ ᠠᠴᠠ ᠭᠠᠳᠠᠨ᠎ᠡ᠂ ᠪᠠᠰᠡ ᠤᠰᠤᠯ ᠪᠤᠷᠤᠭᠤ ᠭᠠᠷᠭᠠᠭᠰᠡᠨ ᠪᠤᠯ᠂ ᠤᠰᠤᠯᠳᠠᠭᠰᠡᠨ ᠡᠲᠡᠭᠡᠳ | ᠲᠡᠭᠡᠨ ᠬᠠᠳᠠᠭ ᠲᠠᠳᠠᠵᠦ᠂ ᠪᠤᠷᠤᠭᠤ ᠬᠦᠯᠢᠶᠠᠵᠦ᠂ ︽ᠪᠤᠷᠤᠭᠤ ᠲᠤᠯᠤᠭᠠᠢ︾ ᠮᠦᠷᠭᠦᠨ᠎ᠡ᠃ ᠮᠤᠩᠭᠤᠯᠴᠤᠳ ᠤᠨ | ︽ᠬᠠᠳᠠᠭ ᠲᠠᠳᠠᠵᠦ ᠪᠤᠷᠤᠭᠤ ᠲᠤᠯᠤᠭᠠᠢ ᠮᠦᠷᠭᠦᠬᠦ ᠶᠤᠰᠤ︾ ᠪᠤᠯ ᠬᠠᠮᠤᠭ ᠤᠨ ᠶᠡᠭᠡ ᠬᠦᠨᠲᠦ ᠭᠡᠴᠡᠭᠦᠦ ᠤᠰᠤᠯ | ᠪᠤᠷᠣᠭᠤ ᠬᠦᠯᠢᠶᠠᠵᠦ ᠪᠠᠶᠢᠭ᠎ᠠ ᠶᠢᠨ ᠢᠯᠡᠷᠡᠯ ᠮᠦᠨ᠃ ᠡᠨᠡ ᠬᠦ ᠶᠤᠰᠤ ᠶᠢ ᠮᠤᠩᠭᠤᠯᠴᠤᠳ ᠨᠡᠶᠢᠲᠡᠮ ᠳᠡᠭᠡᠨ ︽ᠬᠠᠳᠠᠭ | ᠲᠠᠳᠠᠬᠤ ᠶᠤᠰᠤᠨ︾ ᠬᠡᠭᠦ ᠪᠤᠶᠦ ︽ᠠᠮᠠᠨ ᠬᠠᠳᠠᠭ ᠲᠠᠯᠪᠢᠬᠤ ᠶᠤᠰᠤᠨ︾ ᠬᠡᠨ᠎ᠡ᠃ | ᠰᠢᠷ᠎ᠡ ᠶᠢᠨ ᠱᠠᠰᠢᠨ ᠤ ᠨᠦᠯᠦᠭᠡᠨ ᠳᠠᠬᠢ ᠬᠠᠳᠠᠭ ᠬᠡᠷᠡᠭᠯᠡᠬᠦ ᠶᠤᠰᠤᠨ | ᠮᠤᠩᠭᠤᠯᠴᠤᠳ ᠤᠨ ᠬᠠᠳᠠᠭ ᠤᠨ ᠰᠤᠶᠤᠯ ᠨᠢ13 ᠳ᠋ᠤᠭᠠᠷ ᠵᠠᠭᠤᠨ ᠤ ᠰᠡᠭᠦᠯᠴᠢ ᠪᠠᠷ ᠲᠦᠪᠡᠳ ᠤᠨ | ᠴᠠᠰᠣᠲᠦ ᠤᠷᠤᠨ ᠳᠤ ᠤᠷᠤᠭᠠᠳ16 ᠳ᠋ᠤᠭᠠᠷ ᠵᠠᠭᠤᠨ ᠤ ᠰᠡᠭᠦᠯᠴᠢ ᠪᠠᠷ ᠰᠢᠷ᠎ᠡ ᠶᠢᠨ ᠱᠠᠰᠢᠨ ᠢ ᠳᠠᠭᠠᠵᠦ ᠤᠤᠯ | ᠨᠤᠲᠤᠭ ᠲᠠᠭᠠᠨ ᠪᠤᠴᠠᠵᠦ ᠢᠷᠡᠬᠦ ᠳᠤ ᠨᠢᠭᠡᠨᠲᠡ ᠭᠤᠷᠪᠠᠨ ᠵᠠᠭᠤ ᠤᠷᠴᠢᠮ ᠵᠢᠯ ᠤᠨ ᠲᠡᠦᠬᠡ ᠶᠢᠨ ᠠᠶᠠᠨ ᠢ | ᠲᠤᠭᠤᠯᠵᠦ ᠤᠳᠬ᠎ᠠ ᠠᠭᠤᠯᠭ᠎ᠠ᠂ ᠲᠦᠷᠦᠯ ᠵᠦᠢᠯ ᠤᠨ ᠲᠠᠯ᠎ᠡ ᠪᠠᠷ ᠨᠠᠯᠢᠶᠠᠳ ᠬᠤᠪᠢᠷᠠᠯᠲᠡ ᠭᠠᠷᠴᠦ᠂ ᠬᠡᠷᠡᠭᠯᠡᠬᠦ | ᠬᠡᠷᠡᠭᠴᠡᠭᠡ ᠪᠠᠨ ᠲᠠᠭᠠᠵᠦ᠂ ︽ᠠᠶᠤᠰᠢ︾ ᠬᠠᠳᠠᠭ᠂ ︽ᠰᠤᠨᠤᠮ︾ ᠬᠠᠳᠠᠭ᠂ ︽ᠸᠠᠩᠳᠠᠨ︾ ᠬᠠᠳᠠᠭ᠂ ︽ᠨᠠᠩᠴᠢᠳ︾ | ᠬᠠᠳᠠᠭ᠂ ︽ᠲᠡᠰᠢ︾ ᠬᠠᠳᠠᠭ ᠬᠡᠭᠦ ᠮᠡᠲᠦ ᠨᠡᠷᠡᠶᠢᠳᠤᠯ ᠲᠠᠢ ᠪᠤᠯᠵᠠᠢ᠃ ᠡᠲᠡᠭᠡᠷ ᠬᠠᠳᠠᠭ ᠤᠳ ᠠᠳᠠᠯᠢ ᠪᠤᠰᠦ ᠤᠳᠬ᠎ᠠ | ᠠᠭᠤᠯᠭ᠎ᠠ ᠪᠠᠷ ᠭᠡᠷᠡᠭᠯᠡᠳᠡᠭ ᠪᠠᠶᠢᠨ᠎ᠡ᠃ | ︽ᠠᠶᠤᠰᠢ︾ ᠬᠠᠳᠠᠭ ᠭᠡᠳᠡᠭ ᠨᠢ ᠨᠠᠰᠤᠨ ᠦᠯᠵᠡᠢ ᠪᠡᠯᠭᠡᠯᠡᠵᠦ᠂ ᠨᠠᠰᠤᠨ ᠪᠠᠶᠠᠷ ᠤᠨ ᠢᠷᠦᠭᠡᠯ ᠲᠠᠭᠠᠳᠬᠠᠯ | ᠬᠢᠬᠦ ᠳᠤ ᠪᠠᠷᠢᠬᠤ ᠬᠦᠭᠡ ᠴᠠᠭᠠᠨ ᠦᠩᠭᠡ ᠶᠢᠨ ᠬᠠᠳᠠᠭ ᠢ ᠵᠢᠭᠠᠲᠠᠭ᠃ | ︽ᠰᠤᠨᠤᠮ︾ ᠬᠠᠳᠠᠭ ᠭᠡᠳᠡᠭ ᠨᠢ ᠪᠤᠶᠠᠨ ᠬᠡᠰᠢᠭ ᠲᠠᠭᠤᠳᠠᠬᠤ᠂ ᠲᠠᠯᠠᠯᠭ᠎ᠠ ᠠᠪᠬᠤ ᠳᠤ ᠬᠡᠷᠡᠭᠯᠡᠬᠦ ᠬᠦᠭᠡ᠂ | ᠴᠠᠭᠠᠨ ᠦᠩᠭᠡ ᠶᠢᠨ ᠬᠠᠳᠠᠭ ᠢ ᠵᠢᠭᠠᠳᠠᠭ᠃ | ︽ᠸᠠᠩᠳᠠᠨ︾ ᠬᠠᠳᠠᠭ ᠭᠡᠳᠡᠭ ᠨᠢ ᠲᠦᠷᠦ ᠬᠦᠷᠦᠨ ᠤ ᠡᠷᠭᠡ ᠪᠦᠷᠢᠨ᠂ ᠵᠠᠰᠠᠭ ᠬᠤᠷᠴᠡ ᠶᠢ ᠪᠡᠯᠭᠡᠳᠡᠵᠦ | ᠪᠠᠷᠢᠬᠤ ᠴᠠᠭᠠᠨ ᠦᠩᠭᠡ ᠶᠢᠨ ᠤᠷᠲᠦ ᠬᠠᠳᠠᠭ ᠢ ᠵᠢᠭᠠᠨ᠎ᠡ᠃ | ︽ᠨᠠᠩᠴᠢᠳ︾ ᠬᠠᠳᠠᠭ ᠭᠡᠳᠡᠭ ᠨᠢ ᠭᠤᠤᠯᠳᠠᠭᠤ ᠲᠤᠳᠤᠭᠠᠲᠦ ᠲᠠᠬᠢᠯᠭ᠎ᠠ ᠳᠤ ᠬᠡᠷᠡᠭᠯᠡᠬᠦ ᠰᠢᠷ᠎ᠡ ᠦᠩᠭᠡ ᠶᠢᠨ | ᠰᠠᠮᠪᠠᠢ ᠬᠠᠳᠠᠭ ᠪᠤᠯᠤᠨ᠎ᠡ᠃ ᠠᠷᠢᠬᠢ ᠰᠠᠷᠬᠤᠳ ᠤᠨ ᠬᠠᠮᠲᠦ ᠳᠤᠨᠢ ᠲᠤᠳᠤᠭᠠᠲᠦ ᠲᠠᠬᠢᠯᠭ᠎ᠠ ᠳᠤ ᠬᠡᠷᠡᠭᠯᠡᠳᠡᠭ ᠪᠤᠯᠬᠤᠷ | ︽ᠨᠠᠩᠴᠢᠳ︾ ᠬᠠᠳᠠᠭ ᠡᠷᠭᠦᠬᠦ ᠭᠡᠵᠦ ᠨᠡᠷᠡᠯᠡᠬᠦ ᠪᠤᠯᠵᠠᠢ᠃ | ︽ᠲᠡᠰᠢ︾ ᠬᠠᠳᠠᠭ ᠢ ᠪᠠᠰᠡ ︽ᠲᠡᠭᠰᠢ︾ ᠬᠠᠳᠠᠭ ᠭᠡᠵᠦ ᠨᠡᠷᠡᠯᠡᠳᠡᠭ ᠴᠦ ᠪᠤᠢ᠃ ᠲᠡᠰᠢ ᠬᠠᠳᠠᠭ ᠨᠢ ᠭᠤᠤᠯᠳᠠᠭᠤ | ᠬᠦᠭᠡ᠂ ᠴᠠᠭᠠᠨ ᠦᠩᠭᠡ ᠶᠢᠨ ᠰᠠᠮᠪᠠᠢ ᠶᠢ ᠵᠢᠭᠠᠵᠦ᠂ ᠶᠤᠰᠤᠯᠠᠯ ᠤᠨ ᠲᠤᠭ᠎ᠠ ᠭᠦᠢᠴᠡᠳᠭᠡᠯ ᠤᠨ ᠴᠢᠨᠠᠷ ᠲᠠᠢ ᠲᠠᠬᠢᠯᠭ᠎ᠠ | ᠪᠤᠶᠦ ᠪᠡᠯᠡᠭ ᠰᠡᠯᠲᠡ ᠶᠢᠨ ᠲᠤᠭ᠎ᠠ ᠭᠦᠢᠴᠡᠳᠭᠡᠵᠦ ᠪᠦᠷᠢᠯᠳᠤᠬᠦᠯᠬᠦ ᠳᠤ ᠬᠡᠷᠡᠭᠯᠡᠨ᠎ᠡ᠃ ᠪᠠᠰᠡ ᠲᠠᠪᠤᠨ ᠬᠤᠰᠢᠭᠤ ᠮᠠᠯ | ᠢ ᠤᠩᠭᠤᠯᠠᠵᠦ᠂ ᠰᠡᠲᠡᠷᠯᠡᠬᠦ ᠳᠤ ᠬᠡᠷᠡᠭᠯᠡᠲᠡᠭ᠃ | ᠬᠠᠳᠠᠭ ᠬᠠᠳᠠᠭᠠᠯᠠᠬᠤ ᠪᠤᠯᠤᠨ ᠬᠠᠳᠠᠭ ᠬᠡᠷᠡᠭᠯᠡᠬᠦ ᠴᠡᠭᠡᠷ ᠶᠤᠰᠤᠨ | ᠪᠤᠷᠬᠠᠨ ᠤ ᠮᠤᠳᠤᠷ ᠪᠤᠶᠦ ᠭᠡᠭᠡᠨ ᠬᠤᠲᠤᠭᠳᠠᠨ ᠤ ᠮᠤᠳᠤᠷ ᠢᠶᠠᠷ ᠠᠳᠢᠰᠯᠠᠭᠰᠡᠨ ᠬᠠᠳᠠᠭ᠂ ᠲᠠᠯᠠᠯᠭ᠎ᠠ ᠶᠢᠨ | ᠰᠤᠮᠤᠨ ᠳᠤ ᠤᠶᠠᠭᠰᠡᠨ ᠬᠠᠳᠠᠭ᠂ ᠲᠦᠷᠦ ᠶᠢᠨ ᠲᠠᠮᠠᠭᠠᠲᠦ ᠪᠢᠴᠢᠭᠡᠰᠦ ᠲᠠᠢ ᠬᠠᠳᠠᠭ ᠢ ᠮᠤᠩᠭᠤᠯᠴᠤᠳ ᠲᠤᠷᠠᠰᠬᠠᠯ | ᠪᠤᠯᠭᠠᠨ ᠬᠠᠳᠠᠭᠠᠯᠠᠬᠤ ᠵᠠᠩᠰᠢᠯ ᠪᠤᠢ᠃ | ᠮᠤᠩᠭᠤᠯᠴᠤᠳ ︽ᠡᠳ᠋ ᠤᠨ ᠲᠡᠭᠡᠵᠢ ᠡᠷᠳᠡᠨᠢ ᠶᠢᠨ ᠴᠠᠭᠠᠨ ᠬᠠᠳᠠᠭ︾ ᠭᠡᠵᠦ ᠦᠵᠡᠳᠡᠭ ᠪᠤᠯᠬᠤᠷ ᠬᠠᠳᠠᠭ ᠢ | ᠴᠡᠪᠡᠷ ᠰᠠᠶᠢᠬᠠᠨ ᠤᠷᠤᠨ ᠪᠠᠶᠢᠷᠢᠨ ᠳᠤ ᠬᠦᠨᠳᠦᠳᠭᠡᠨ ᠬᠠᠳᠠᠭᠠᠯᠠᠳᠠᠭ ᠶᠤᠮ᠃ ᠮᠦᠨᠴᠦ ᠪᠠᠰᠡ ᠪᠡᠶ᠎ᠡ ᠳᠡᠭᠡᠨ ᠠᠪᠴᠦ | ᠶᠠᠪᠤᠬᠤ ᠳᠤ ᠡᠷᠡᠭᠲᠡᠶᠢᠴᠣᠳ ᠨᠢ ᠬᠦᠬᠦᠷ ᠲᠠᠯᠢᠩ ᠳᠠᠭᠠᠨ ᠬᠢᠬᠦ ᠪᠤᠶᠦ ᠵᠠᠭᠦᠨ ᠰᠦᠪᠡᠭᠡ ᠶᠢᠨ ᠪᠦᠰᠡ ᠳᠤ ᠪᠠᠨ | ᠬᠠᠪᠴᠢᠭᠤᠯᠲᠠᠭ᠃ ᠡᠮᠡᠭᠲᠠᠶᠢᠴᠤᠳ ᠨᠢ ᠡᠪᠤᠷᠯᠡᠬᠦ ᠪᠤᠶᠦ ᠬᠦᠬᠦᠷ ᠤᠨ ᠬᠡᠳᠡᠪᠴᠢ ︵ᠬᠠᠪᠳᠠᠭ᠎ᠠ︶ ᠲᠠᠢ ᠪᠠᠨ ᠬᠠᠮᠲᠦ | ᠡᠩᠭᠡᠷ ᠲᠡᠭᠡᠨ ᠵᠠᠭᠦᠲᠡᠭ ᠵᠠᠩᠰᠢᠯ ᠲᠠᠢ ᠶᠤᠮ᠃ ᠬᠠᠳᠠᠭ ᠤᠨ ᠠᠮᠡ ᠶᠢ ᠲᠡᠯᠭᠡᠵᠦ ᠪᠠᠷᠢᠬᠤ ᠶᠢ ᠴᠠᠭᠡᠷᠯᠡᠨᠡ︔ ᠬᠠᠳᠠᠭ | ᠤᠨ ᠠᠮᠡ ᠶᠢ ᠪᠤᠷᠤᠭᠤ ᠬᠠᠨᠳᠤᠭᠤᠯᠵᠦ ᠪᠠᠷᠢᠬᠤ ᠶᠢ ᠴᠡᠭᠡᠷᠯᠡᠨ᠎ᠡ︔ ᠠᠮᠢᠲᠦ ᠬᠦᠮᠦᠨ ᠬᠠᠳᠠᠭ ᠢᠶᠠᠷ ᠨᠢᠭᠤᠷ ᠢᠶᠠᠨ | ᠪᠦᠳᠡᠭᠡᠬᠦ ᠶᠢ ᠴᠡᠭᠡᠷᠯᠡᠨ᠎ᠡ᠃ ᠬᠠᠳᠠᠭ ᠢ ᠠᠮᠢᠲᠦ ᠬᠦᠮᠦᠨ ᠤ ᠬᠦᠵᠦᠭᠦᠨ ᠳᠤ ᠡᠯᠬᠦᠬᠦ᠂ ᠵᠠᠭᠦᠯᠭᠡᠬᠦ ᠶᠢ ᠴᠡᠭᠡᠷᠯᠡᠨ᠎ᠡ᠃ | ᠤᠴᠢᠷ ᠨᠢ ᠮᠤᠩᠭᠤᠯ ᠬᠦᠮᠦᠨ ᠠᠮᠢ ᠦᠭᠡᠢ ᠱᠣᠭᠤᠮᠠᠯ ᠪᠤᠶᠦ ᠮᠤᠲᠦ ᠴᠢᠯᠠᠭᠤ ᠵᠠᠷᠭᠡ ᠠᠪᠴᠦ ᠪᠠᠷᠢᠬᠤ ᠮᠡᠲᠡᠷᠡᠯ | ᠦᠭᠡᠢ ᠦᠬᠦᠮᠡᠯ ᠪᠤᠳᠠᠰ ᠲᠤ ᠬᠠᠳᠠᠭ ᠢ ᠡᠯᠭᠦᠵᠦ ᠲᠠᠯᠪᠢᠲᠠᠭ᠃ ᠠᠮᠢᠲᠦ ᠬᠦᠮᠦᠨ ᠳᠤ ᠡᠷᠭᠡᠪᠰᠢ ᠭᠠᠷ ᠲᠤᠨᠢ | ᠪᠠᠷᠢᠭᠤᠯᠬᠤ ᠬᠡᠷᠡᠭᠲᠠᠢ᠂ ᠦᠭᠡᠢ ᠪᠤᠯ ᠠᠮᠢᠲᠦ ᠬᠦᠮᠦᠨ ᠢ ᠦᠬᠦᠮᠡᠯ ᠢᠶᠠᠷ ᠦᠵᠡᠵᠦ ᠲᠤᠷᠤᠮᠵᠢᠯᠠᠭᠰᠡᠨ ᠪᠡᠯᠭᠡ ᠲᠡᠮᠪᠡᠷᠢᠯ | ᠦᠭᠡᠢ ᠶᠠᠪᠤᠳᠠᠯ ᠪᠤᠯᠤᠨ᠎ᠡ︔ ᠰᠢᠷ᠎ᠡ ᠦᠩᠭᠡ ᠶᠢᠨ ᠬᠠᠳᠠᠭ ᠢ ᠨᠠᠶᠢᠷ ᠬᠤᠷᠢᠮ᠂ ᠤᠭᠳᠤᠭᠤᠯ᠂ ᠦᠳᠡᠭᠦᠯ᠂ ᠨᠠᠰᠤᠨ | ᠪᠠᠶᠠᠷ ᠲᠤ ᠬᠡᠷᠡᠭᠯᠡᠬᠦ ᠶᠢ ᠴᠡᠭᠡᠷᠯᠡᠨ᠎ᠡ᠃ ᠤᠴᠢᠷ ᠨᠢ ᠰᠢᠷ᠎ᠡ ᠦᠩᠭᠡ ᠶᠢ ᠮᠤᠩᠭᠤᠯ ᠬᠦᠮᠦᠨ ᠮᠦᠭᠦᠯ ᠤᠨ ᠪᠠᠯᠭᠡᠲᠦ | ᠦᠩᠭᠡ ᠪᠠᠷ ᠦᠵᠡᠳᠡᠭ︔ ᠪᠤᠷᠬᠠᠨ ᠤ ᠬᠦᠷᠦᠭ ᠵᠢᠷᠤᠭ ᠲᠠᠢ ᠬᠠᠳᠠᠭ ᠢ ᠨᠠᠶᠢᠷ ᠬᠤᠷᠢᠮ᠂ ᠤᠭᠳᠤᠭᠤᠯ᠂ ᠦᠳᠡᠭᠦᠯ᠂ | ᠨᠠᠰᠤᠨ ᠪᠠᠶᠠᠷ ᠲᠤ ᠬᠡᠷᠡᠭᠯᠡᠬᠦ ᠶᠢ ᠴᠡᠭᠡᠷᠯᠡᠨ᠎ᠡ᠃ ᠤᠴᠢᠷ ᠨᠢ ᠪᠤᠷᠬᠠᠨ ᠢᠶᠠᠷ ᠬᠦᠮᠦᠨ ᠢ ᠤᠭᠳᠤᠵᠦ ᠦᠳᠡᠭᠦᠯᠬᠦ | ᠠᠵᠢᠯᠯᠠᠭ᠎ᠠ ᠪᠤᠯ ᠵᠦᠢ ᠪᠤᠰᠦ ᠠᠵᠢᠯᠯᠠᠭ᠎ᠠ ᠭᠡᠵᠦ ᠦᠵᠡᠳᠡᠭ︔ ᠬᠠᠳᠠᠭ ᠢ ᠬᠠᠮᠢᠶ᠎ᠡ ᠨᠠᠮᠢᠶᠡ ᠦᠭᠡᠢ ᠲᠡᠭᠡᠷ᠎ᠡ ᠲᠤᠤᠷ᠎ᠡ | ᠬᠦᠲᠡᠭᠡ ᠭᠠᠳᠠᠭ᠎ᠠ ᠳᠤ ᠠᠰᠠᠭᠠᠭᠴᠢᠯᠠᠨ ᠬᠠᠶᠠᠬᠤ ᠶᠢ ᠴᠡᠭᠡᠷᠯᠡᠨ᠎ᠡ︔ ᠬᠠᠳᠠᠭ ᠢ ᠪᠤᠵᠠᠷᠯᠠᠬᠤ ᠪᠤᠶᠦ ᠪᠤᠵᠠᠷ ᠬᠠᠳᠠᠭ | ᠬᠡᠷᠡᠭᠯᠡᠬᠦ ᠶᠢ ᠴᠡᠭᠡᠷᠯᠡᠨ᠎ᠡ︔ ᠬᠦᠨᠲᠦ ᠬᠦᠩᠭᠡᠨ ᠤ ᠢᠯᠭᠠᠯ ᠦᠭᠡᠢ ᠬᠠᠳᠠᠭ ᠲᠠᠳᠠᠬᠤ ᠪᠤᠶᠦ ᠪᠠᠷᠢᠬᠤ ᠶᠢ ᠴᠡᠭᠡᠷᠯᠡᠨ᠎ᠡ᠃ | ᠤᠴᠢᠷ ᠨᠢ ᠬᠠᠳᠠᠭ ᠲᠠᠳᠠᠬᠤ ᠨᠢ ᠠᠮᠠᠯᠠᠯᠲᠡ ᠬᠢᠵᠦ ᠠᠮᠠᠨ ᠲᠠᠩᠭᠠᠷᠢᠭ ᠲᠠᠯᠪᠢᠭᠰᠡᠨ ᠳᠤ ᠲᠤᠭᠠᠴᠢᠭᠳᠠᠨᠡ︔ ᠬᠠᠳᠠᠭ | ᠢ ᠲᠠᠪᠬᠤᠷᠯᠠᠨ ᠪᠠᠷᠢᠬᠤ ᠶᠢ ᠴᠡᠭᠡᠷᠯᠡᠨ᠎ᠡ᠂ ᠬᠠᠳᠠᠭ ᠢ ᠡᠵᠡᠨ ᠡᠰᠢ ᠦᠭᠡᠢ ᠠᠲᠡ ᠲᠡᠨᠳᠡ ᠬᠠᠮᠢᠶ᠎ᠡ ᠨᠠᠮᠢᠶᠡ ᠦᠭᠡᠢ | ᠬᠠᠶᠠᠬᠤ ᠶᠢ ᠴᠡᠭᠡᠷᠯᠡᠨ᠎ᠡ᠃ ᠤᠴᠢᠷ ᠨᠢ ᠬᠠᠳᠠᠭ ᠢ ᠬᠦᠯᠢᠶᠠᠬᠦ ᠡᠵᠡᠨ ᠦᠭᠡᠢ ᠪᠤᠯ ᠠᠲᠡ ᠪᠤᠭ ᠤᠷᠤᠰᠢᠵᠦ ᠡᠵᠡᠨ | ᠢᠶᠠᠨ ᠡᠷᠢᠨ᠎ᠡ ᠭᠡᠳᠡᠭ᠃ | ᠬᠠᠳᠠᠭ ᠤᠨ ᠪᠠᠯᠭᠡᠲᠡᠯ ᠶᠤᠰᠤᠨ | ᠯᠤᠪᠰᠠᠩᠴᠤᠶᠢᠳᠡᠨ ᠤ ︽ᠮᠤᠩᠭᠤᠯ ᠤᠨ ᠵᠠᠩ ᠠᠭᠠᠯᠢ ᠶᠢᠨ ᠦᠢᠯᠡᠪᠤᠷᠢ︾ ᠭᠡᠳᠡᠭ ᠨᠤᠮ ᠳᠤ᠂ ︽ᠵᠢᠯᠤᠨ ᠦᠩᠭᠡ | ᠬᠦᠭᠡ ᠪᠤᠯᠪᠠᠰᠦ ᠮᠠᠨᠳᠤᠬᠤ᠂ ᠰᠢᠷ᠎ᠡ ᠪᠤᠯᠪᠠᠰᠤ ᠮᠦᠬᠦᠬᠦ᠂ ᠴᠠᠭᠠᠨ ᠪᠤᠯᠪᠠᠰᠤ ᠡᠬᠢᠯᠡᠬᠦ᠂ ᠬᠠᠷ᠎ᠡ ᠪᠤᠯᠪᠠᠰᠤ ᠬᠤᠷᠢᠶᠠᠬᠤ ᠪᠠᠷ | ᠮᠡᠳᠡᠵᠦ ᠶᠠᠪᠤᠮᠤᠢ᠃ ᠲᠠᠶᠢᠮᠦ ᠶᠢᠨ ᠲᠤᠯᠡ ᠮᠤᠩᠭᠤᠯ ᠬᠦᠮᠦᠨ ᠬᠦᠭᠡ ᠴᠠᠭᠠᠨ ᠦᠩᠭᠡ ᠶᠢ ᠲᠡᠷᠢᠭᠦᠯᠡᠨ ᠵᠠᠷᠤᠮᠤᠢ︾ | ᠭᠡᠵᠦ ᠲᠡᠮᠳᠡᠭᠯᠡᠵᠦ ᠪᠤᠢ᠃ ᠦᠭᠡᠷ᠎ᠡ ᠪᠠᠷ ᠬᠡᠯᠡᠪᠡᠯ ᠮᠤᠩᠭᠤᠯ ᠬᠦᠮᠦᠨ ᠴᠠᠭᠠᠨ᠂ ᠬᠦᠭᠡ ᠦᠩᠭᠡ ᠶᠢᠨ ᠬᠠᠳᠠᠭ ᠢ | ᠭᠤᠤᠯᠴᠢᠯᠠᠨ ᠭᠡᠷᠡᠭᠯᠡᠨ᠎ᠡ᠃ ᠰᠢᠷ᠎ᠡ ᠦᠩᠭᠡ ᠶᠢᠨ ᠬᠠᠳᠠᠭ ᠢ ᠬᠦᠮᠦᠨ ᠬᠦᠮᠦᠨ ᠤ ᠬᠠᠷᠢᠴᠠᠭᠠᠨ ᠤ ᠬᠤᠭᠤᠷᠤᠨᠲᠦ | ᠭᠡᠷᠡᠭᠯᠡᠬᠦ ᠦᠭᠡᠢ ᠶᠤᠮ᠃ | ᠮᠤᠩᠭᠤᠯ ᠬᠦᠮᠦᠨ ᠴᠠᠭᠠᠨ ᠬᠠᠳᠠᠭ ᠢ ᠡᠬᠢᠮᠯᠠᠨ ᠭᠡᠷᠡᠭᠯᠡᠲᠡᠭ ᠨᠢ ᠰᠠᠶᠢᠨ ᠰᠠᠶᠢᠬᠠᠨ ᠦᠢᠯᠡ ᠶᠢ ᠪᠦᠲᠦᠭᠡᠭᠴᠢ | ᠪᠠᠷᠠᠭᠤᠨ ᠲᠠᠪᠢᠨ ᠲᠠᠪᠤᠨ ᠴᠠᠭᠠᠨ ᠲᠡᠭᠷᠢ ᠠᠴᠠ ᠢᠷᠡᠯᠲᠡ ᠲᠠᠢ ᠶᠤᠮ᠃ ᠦᠭᠡᠷ᠎ᠡ ᠪᠠᠷ ᠭᠡᠯᠡᠪᠡᠯ᠂ ᠮᠠᠨᠠᠭᠠᠨ ᠴᠠᠭᠠᠨ | ᠲᠡᠭᠷᠢ᠂ ᠪᠠᠶᠠᠨ ᠴᠠᠭᠠᠨ ᠲᠡᠭᠷᠢ᠂ ᠪᠠᠳᠠᠷᠠᠩᠭᠤᠢ ᠴᠠᠭᠠᠨ ᠲᠡᠭᠷᠢ᠂ ᠨᠤᠮᠲᠦ ᠴᠠᠭᠠᠨ ᠲᠡᠭᠷᠢ᠂ ᠰᠢᠳᠤᠷᠭᠤ ᠴᠠᠭᠠᠨ ᠲᠡᠭᠷᠢ᠂ | ᠤᠶᠤᠭᠠᠷ ᠴᠠᠭᠠᠨ ᠲᠡᠭᠷᠢ᠂ ᠪᠦᠰᠡᠯᠡᠭᠦᠷ ᠴᠠᠭᠠᠨ ᠲᠡᠭᠷᠢ᠂ ᠪᠤᠲᠠᠷᠠᠭᠠᠢ ᠴᠠᠭᠠᠨ ᠲᠡᠭᠷᠢ᠂ ᠳᠠᠶᠢᠴᠢᠨ ᠴᠠᠭᠠᠨ ᠲᠡᠭᠷᠢ᠂ | ᠪᠠᠭᠠᠳᠤᠷ ᠴᠠᠭᠠᠨ ᠲᠡᠭᠷᠢ᠂ ᠢᠷᠦᠭᠡᠯ ᠤᠨ ᠴᠠᠭᠠᠨ ᠲᠡᠭᠷᠢ ᠭᠡᠬᠦ ᠮᠡᠲᠦ ᠪᠠᠷᠠᠭᠤᠨ ᠵᠦᠭ ᠤᠨ ᠲᠠᠪᠢᠨ ᠲᠠᠪᠤᠨ ᠴᠠᠭᠠᠨ | ᠲᠡᠭᠷᠢ ᠶᠢ ᠨᠡᠶᠢᠯᠡᠭᠦᠯᠦᠭᠡᠳ ︽ᠪᠠᠷᠠᠭᠤᠨ ᠵᠦᠭ ᠤᠨ ᠪᠠᠭᠠᠳᠤᠷ ᠴᠠᠭᠠᠨ ᠲᠡᠭᠷᠢ︾ ᠭᠡᠬᠦ ᠪᠤᠶᠦ ︽ᠡᠴᠢᠭᠡ ᠲᠡᠭᠷᠢ︾ ᠭᠡᠲᠡᠭ᠃ | ᠮᠤᠩᠭᠤᠯ ᠬᠦᠮᠦᠨ ᠨᠦᠭᠴᠢᠭᠰᠡᠳ ᠢ ᠪᠠᠷᠠᠭᠤᠨ ᠬᠤᠶᠢᠰᠢ ᠬᠠᠨᠳᠤᠭᠤᠯᠤᠨ ᠰᠠᠶᠢᠨ ᠰᠠᠶᠢᠬᠠᠨ ᠢ ᠲᠠᠭᠠᠳᠬᠠᠵᠦ ᠠᠭᠤᠷ | ᠢ ᠬᠤᠷᠢᠶᠠᠳᠠᠭ ᠪᠦᠭᠡᠳ ᠴᠠᠭᠠᠨ ᠬᠠᠳᠠᠭ ᠢᠶᠠᠷ ᠨᠢᠭᠤᠷ ᠢ ᠨᠢ ᠪᠦᠲᠡᠭᠡᠵᠦ ᠰᠠᠶᠢᠨ ᠰᠠᠶᠢᠬᠠᠨ ᠬᠤᠶᠢᠲᠦ ᠶᠢᠨ ᠮᠦᠷ | ᠤᠯᠬᠤ ᠶᠢ ᠪᠡᠯᠭᠡᠲᠡᠳᠡᠭ᠃ ᠮᠤᠩᠭᠤᠯ ᠬᠦᠮᠦᠨ ᠢᠩᠬᠢᠵᠦ ᠪᠠᠷᠠᠭᠤᠨ ᠲᠠᠪᠢᠨ ᠲᠠᠪᠤᠨ ᠴᠠᠭᠠᠨ ᠲᠡᠭᠷᠢ ᠶᠢ ᠡᠴᠢᠭᠡ ᠲᠡᠭᠷᠢ | ᠬᠡᠮᠡᠨ ᠰᠢᠲᠦᠵᠦ ᠴᠠᠭᠠᠨ ᠦᠩᠭᠡ ᠶᠢ ᠡᠷᠬᠢᠮᠨᠠᠨ ᠦᠵᠡᠵᠦ᠂ ᠤᠯᠤᠰ ᠤᠨ ᠲᠤᠭ ᠢᠶᠠᠨ ᠴᠠᠭᠠᠨ ᠢᠶᠠᠷ ᠬᠢᠵᠦ᠂ ᠲᠦᠷᠦ | ᠶᠢᠨ ᠶᠤᠰᠤᠯᠡᠯ ᠳᠤ ᠴᠠᠭᠠᠨ ᠬᠤᠪᠴᠠᠰᠦ ᠡᠮᠦᠰᠴᠦ᠂ ᠴᠠᠭᠠᠨ ᠬᠠᠳᠠᠭ ᠬᠡᠷᠡᠭᠯᠡᠨ᠎ᠡ᠃ | ︽ᠮᠠᠷᠺᠤ ᠫᠤᠯᠤ ᠶᠢᠨ ᠵᠢᠭᠤᠯᠴᠢᠯᠡᠯ ᠤᠨ ᠲᠡᠮᠲᠡᠭᠯᠡᠯ︾ ᠳᠤ᠂ ᠴᠠᠭᠠᠨ ᠰᠠᠷ᠎ᠡ ᠪᠤᠯᠤᠮᠠᠭᠴᠡ ᠶᠡᠭᠡ ᠬᠠᠭᠠᠨ ᠠᠴᠠ | ᠡᠬᠢᠯᠡᠨ ᠡᠭᠡᠯ ᠠᠷᠡᠳ ᠬᠦᠷᠲᠡᠯ᠎ᠡ ᠴᠦᠮ ᠴᠠᠭᠠᠨ ᠬᠤᠪᠴᠠᠰᠦ ᠡᠮᠦᠰᠴᠦ ᠴᠠᠭᠠᠨ ᠦᠩᠭᠡ ᠶᠢᠨ ᠪᠡᠯᠡᠭ ᠬᠦᠷᠭᠡᠯᠴᠡᠳᠡᠭ | ᠭᠡᠵᠡᠢ᠃ ᠡᠶᠢᠮᠦ ᠠᠴᠠ ︽ᠶᠢᠰᠦᠨ ᠴᠠᠭᠠᠨ ᠪᠠᠯᠡᠭ︾ ᠮᠤᠩᠭᠤᠯᠴᠤᠳ ᠤᠨ ᠬᠠᠮᠤᠭ ᠤᠨ ᠡᠷᠬᠢᠮ ᠲᠡᠭᠡᠲᠦ ᠪᠡᠯᠡᠭ ᠮᠦᠨ᠃ | ᠡᠨᠡᠬᠦ ᠶᠢᠰᠦ ᠶᠢᠰᠦ ᠨᠠᠶᠠᠨ ᠨᠢᠭᠡᠨ ᠪᠡᠯᠡᠭ ᠲᠤ ᠪᠦᠷ ᠴᠠᠭᠠᠨ ᠬᠠᠳᠠᠭ ᠤᠷᠤᠳᠠᠭ ᠪᠤᠯᠬᠤᠷ ︽ᠶᠢᠰᠤᠨ ᠴᠠᠭᠠᠨ ᠪᠡᠯᠡᠭ︾ | ᠭᠡᠳᠡᠭ ᠶᠤᠮ᠃ | ᠮᠤᠩᠭᠤᠯ ᠬᠦᠮᠦᠨ ᠬᠦᠭᠡ ᠬᠠᠳᠠᠭ ᠢ ᠪᠡᠯᠭᠡᠰᠢᠶᠠᠨ ᠬᠡᠷᠡᠭᠯᠡᠲᠡᠭ ᠨᠢ᠂ ᠬᠦᠭᠡ ᠦᠩᠭᠡ ᠮᠦᠩᠭᠡ ᠲᠡᠭᠷᠢ ᠶᠢᠨ | ᠬᠦᠭᠡ ᠴᠠᠭᠠᠨ ᠡᠭᠦᠯᠡ ᠶᠢ ᠭᠠᠷ ᠲᠠᠭᠠᠨ ᠪᠠᠯᠭᠡᠲᠡᠯ ᠪᠤᠯᠭᠠᠨ ᠡᠷᠭᠦᠵᠦ ᠪᠠᠶᠢᠭ᠎ᠠ ᠨᠢ ᠲᠡᠷᠡ ᠶᠤᠮ᠃ ᠡᠨᠡ ᠨᠢ ᠲᠠᠷᠤᠢ | ᠬᠦᠭᠡ ᠦᠩᠭᠡ ᠶᠢ ᠡᠰᠡᠨᠢᠯ ᠮᠠᠨᠳᠤᠯ ᠤᠨ ᠪᠠᠯᠭᠡᠳᠡᠯ ᠪᠤᠯᠭᠠᠵᠦ᠂ ᠡᠷᠲᠡ ᠲᠡᠭᠡᠲᠦ ᠴᠠᠭ ᠲᠤ ᠤᠯᠤᠰ ᠶᠤᠭᠠᠨ ︽ᠬᠦᠭᠡ | ᠮᠤᠩᠭᠤᠯ ᠤᠯᠤᠰ︾ ᠭᠡᠵᠦ᠂ ᠤᠯᠤᠰ ᠤᠨ ᠲᠤᠭ ᠲᠠᠭᠠᠨ ᠬᠦᠭᠡ ᠦᠩᠭᠡ ᠶᠢᠨ ᠪᠡᠯᠭᠡᠲᠡᠯ ᠤᠷᠤᠭᠤᠯᠵᠠᠢ᠃ ᠢᠩᠭᠢᠭᠡᠳ | ᠪᠠᠰᠠ ᠨᠡᠶᠢᠰᠯᠡᠯ ᠢᠶᠠᠨ ︽ᠬᠦᠭᠡ ᠪᠠᠯᠭᠠᠰᠦ︾᠂ ᠬᠠᠭᠠᠨ ᠤ ᠤᠷᠲᠦ ᠪᠠᠨ ᠬᠦᠭᠡ ᠤᠷᠲᠦ᠂ ᠬᠠᠭᠠᠨ ᠤ ᠲᠠᠮᠠᠭ᠎ᠠ ᠪᠠᠨ | ᠬᠦᠭᠡ ᠲᠠᠮᠠᠭ᠎ᠠ᠂ ᠤᠯᠤᠰ ᠤᠨ ᠲᠡᠦᠭᠡ ᠶᠢᠨ ᠲᠤᠯᠭᠤᠷ ᠪᠢᠴᠢᠭ ᠢ ︽ᠬᠦᠭᠡ ᠲᠡᠦᠭᠡ︾᠂ ︽ᠬᠦᠭᠡ ᠰᠤᠳᠤᠷ︾ ᠭᠡᠵᠦ᠂ | ︽ᠬᠦᠭᠡ ᠬᠠᠳᠠᠭ︾ ᠢᠶᠠᠷ ᠬᠠᠮᠤᠭ ᠤᠨ ᠶᠡᠭᠡ ᠡᠰᠡᠨᠢᠯ ᠮᠠᠨᠳᠤᠯ ᠤᠨ ᠢᠷᠦᠭᠡᠯ ᠵᠦᠩᠨᠡᠯ ᠪᠤᠯᠭᠠᠵᠦ᠂ ᠬᠦᠨᠲᠦ ᠶᠢᠨ | ᠶᠤᠰᠤᠨ ᠳᠤ ᠬᠡᠷᠡᠭᠯᠡᠬᠦ ᠪᠤᠯᠤᠭᠰᠡᠨ ᠶᠤᠮ᠃ | ᠬᠠᠳᠠᠭ ᠤᠨ ᠰᠤᠶᠤᠯ ᠪᠤᠯ ᠡᠷᠲᠡᠨ ᠠᠴᠠ ᠠᠪᠤᠭᠠᠳ ᠠᠽᠢᠶ᠎ᠠ ᠡᠧᠦ᠋ᠷᠤᠫᠡ ᠬᠤᠶᠠᠷ ᠲᠢᠪ ᠤᠨ ᠤᠷᠤᠨ ᠢ | ᠰᠤᠨᠳᠠᠯᠠᠨ ᠠᠮᠢᠳᠤᠷᠠᠵᠦ ᠪᠠᠶᠢᠭᠰᠡᠨ ᠠᠯᠳᠠᠢ ᠢᠵᠠᠭᠤᠷ ᠬᠡᠯᠡᠨ ᠤ ᠤᠯᠠᠨ ᠠᠶᠢᠮᠠᠭ ᠤᠭᠰᠠᠭ᠎ᠠ ᠶᠢᠨ ᠬᠠᠮᠲᠦ ᠶᠢᠨ | ᠰᠤᠶᠤᠯ ᠤᠨ ᠪᠡᠯᠭᠡ ᠲᠡᠮᠲᠡᠭ ᠪᠤᠯᠬᠤ ᠪᠦᠭᠡᠳ ᠲᠡᠭᠷᠢᠯᠢᠭ ᠬᠦᠭᠡ ᠮᠤᠩᠭᠤᠯᠴᠤᠳ ᠤᠨ ᠠᠮᠠᠨ ᠲᠠᠩᠭᠠᠷᠢᠭ ᠢᠶᠠᠨ | ᠦᠭᠴᠦ ᠠᠨᠳᠠᠭᠠᠶᠢᠯᠠᠨ ᠬᠠᠳᠠᠨ ᠲᠤᠭᠳᠠᠭᠠᠭᠰᠡᠨ ᠶᠡᠭᠡ ᠬᠦᠨᠲᠦᠲᠦ ᠰᠤᠶᠤᠯ ᠪᠤᠯᠤᠨ᠎ᠡ᠃ | ᠬᠠᠳᠠᠭ ᠤᠨ ᠰᠤᠶᠤᠯ ᠪᠤᠯ ᠮᠤᠩᠭᠤᠯᠴᠤᠳ ᠤᠨ ᠤᠤᠭᠠᠨ ᠰᠤᠶᠤᠯ ᠮᠦᠨ᠃ | ᠮᠤᠩᠭᠤᠯᠴᠤᠳ ᠤᠨ ᠬᠠᠳᠠᠭ ᠤᠨ ᠡᠭᠦᠰᠦᠯ ᠢ ᠮᠤᠩᠭᠤᠯ ᠬᠦᠮᠦᠨ ᠤ ᠪᠠᠶᠢᠭᠠᠯᠢ ᠶᠢᠨ ᠦᠵᠡᠭᠲᠡᠯ ᠤᠨ ᠲᠤᠬᠠᠢ | ᠰᠡᠷᠡᠨ ᠮᠡᠲᠡᠷᠡᠭᠦᠢ ᠶᠢᠨ ᠠᠩᠬᠠᠨ ᠤ ᠰᠡᠷᠡᠯ ᠤᠨ ᠲᠠᠨᠢᠯᠲᠡ ᠶᠢᠨ ᠵᠠᠭᠪᠤᠷ ᠠᠴᠠ ᠪᠤᠢ ᠪᠤᠯᠤᠭᠰᠡᠠᠨ ᠭᠡᠵᠦ ᠡᠷᠲᠡᠮᠲᠡᠨ | ᠮᠡᠷᠭᠡᠳ ᠦᠵᠡᠳᠡᠭ ᠪᠠᠶᠢᠨ᠎ᠡ᠃ ᠵᠢᠱᠢᠶᠠᠯᠠᠪᠡᠯ᠂ ᠡᠷᠲᠡᠨ ᠤ ᠮᠤᠩᠭᠤᠯᠴᠤᠳ ᠬᠦᠭᠡ ᠮᠦᠩᠭᠡ ᠲᠡᠭᠷᠢ ᠶᠢᠨ ᠴᠠᠭᠠᠨ ᠨᠠᠷᠠᠨ | ᠤ ᠭᠡᠷᠡᠯ ᠪᠤᠯᠤᠨ ᠬᠦᠭᠡ ᠤᠭᠳᠠᠷᠭᠤᠢ ᠶᠢᠨ ᠬᠦᠭᠡ ᠡᠭᠦᠯᠡ ᠶᠢᠨ ᠭᠠᠳᠠᠭᠠᠲᠦ ᠦᠩᠭᠡ ᠲᠦᠷᠰᠦ᠂ ᠬᠡᠯᠪᠡᠷᠢ ᠶᠢᠨ | ᠲᠤᠳᠤᠭᠠᠲᠦ ᠰᠡᠳᠭᠢᠯᠭᠡ ᠲᠠᠢ ᠪᠠᠨ ᠨᠢᠭᠡᠲᠦᠭᠦᠯᠦᠨ ᠤᠶᠢᠯᠠᠭᠠᠳᠠᠭ ᠪᠠᠶᠢᠭᠰᠡᠨ ᠠᠴᠠ ᠪᠠᠨ ᠬᠠᠮᠤᠭ ᠠᠩᠬᠠᠨ ᠤ | ᠲᠦᠰᠦᠭᠡᠯᠡᠯ ᠪᠤᠯᠬᠤ ᠬᠦᠭᠡ ᠬᠠᠳᠠᠭ ᠪᠤᠢ ᠪᠤᠯᠵᠠᠢ ᠭᠡᠵᠦ ᠦᠵᠡᠲᠡᠭ᠃ ᠵᠢᠱᠢᠶᠠᠯᠠᠪᠡᠯ᠂ ︽ᠤᠷᠳᠤᠰ ᠬᠤᠷᠢᠮ︾ ᠤᠨ | ᠢᠷᠦᠭᠡᠯ ᠳᠤ᠂ ᠬᠦᠭᠡ ᠴᠠᠭᠠᠨ ᠬᠠᠳᠠᠭ ᠤᠨ ᠢᠷᠡᠯᠲᠡ ᠶᠢ ︽ᠠᠷᠢᠭᠤᠨ ᠴᠠᠭᠠᠨ ᠬᠠᠳᠠᠭ ᠨᠢ ᠬᠦᠭᠡ ᠦᠩᠭᠡ ᠶᠢᠨ | ᠲᠡᠭᠷᠢ ᠶᠢᠨ ᠴᠢᠨᠠᠷ ᠲᠠᠢ︾ ᠭᠡᠵᠦ ᠲᠠᠶᠢᠯᠪᠤᠷᠢᠯᠠᠵᠦ ᠪᠤᠢ᠃ ᠡᠨᠡ ᠨᠢ ᠲᠠᠷᠤᠢ ᠴᠠᠭᠠᠨ ᠨᠠᠷᠡᠨ ᠤ ᠪᠡᠯᠭᠡᠲᠡᠯ ᠠᠴᠠ ᠪᠤᠢ | ᠪᠤᠯᠤᠭᠰᠡᠨ ᠴᠠᠭᠠᠨ ᠬᠠᠳᠠᠭ ᠪᠡ ᠬᠦᠭᠡ ᠤᠭᠳᠠᠷᠭᠤᠢ ᠶᠢᠨ ᠬᠦᠭᠡ ᠡᠭᠦᠯᠡ ᠠᠴᠠ ᠪᠤᠢ ᠪᠤᠯᠤᠭᠰᠡᠨ ᠬᠦᠭᠡ ᠬᠠᠳᠠᠭ | ᠪᠤᠯᠤᠨ᠎ᠡ᠃ | ᠡᠷᠳᠡᠮᠲᠡᠨ ᠰᠤᠳᠤᠯᠭᠠᠲᠡᠳ ᠤᠨ ︽ᠬᠠᠳᠠᠭ ᠪᠤᠯ ᠡᠨᠡᠳᠭᠡᠭ ᠲᠦᠪᠡᠳ ᠠᠴᠠ ᠡᠬᠢ ᠡᠭᠦᠰᠦᠯ ᠲᠠᠢ︾ ᠭᠡᠬᠦ | ᠦᠵᠡᠯᠲᠡ ᠨᠢ ᠪᠤᠷᠤᠭᠤ ᠶᠤᠮ᠃ ᠲᠦᠪᠡᠳ ᠤᠨ ᠡᠷᠲᠡᠮᠲᠡᠨ ᠪᠠᠰᠠᠩᠨᠤᠷᠪᠤ ︽ᠲᠦᠪᠡᠳ ᠬᠢᠲᠡᠳ ᠲᠤᠮᠦ ᠲᠤᠯᠢ︾ ᠳᠠᠬᠢ | ︽ᠺᠠᠳᠠᠭ ︵kha.btag) ᠪᠤᠯ ᠨᠢᠭᠡ ᠵᠦᠢᠯ ᠤᠨ ᠨᠢᠭᠤᠷ ᠤᠴᠠᠷᠠᠬᠤ ᠳᠤ ᠪᠡᠯᠡᠭ ᠪᠤᠯᠭᠠᠳᠠᠭ ᠮᠢᠨᠳᠠᠰᠤᠨ ᠨᠡᠭᠡᠳᠡᠰᠦ︾ | ᠭᠡᠰᠡᠨ ᠲᠠᠶᠢᠯᠪᠤᠷᠢ ᠳᠠᠬᠢ ︿ᠬᠠᠳᠠᠭ﹀ ᠭᠡᠲᠡᠭ ᠦᠭᠡ ᠶᠢ ᠲᠦᠪᠡᠳ ᠬᠡᠯᠡ ᠪᠠᠷ ᠠᠪᠢᠶᠠᠴᠢᠯᠠᠨ ᠤᠷᠴᠢᠭᠤᠯᠪᠠᠯ ︿ᠺᠠᠳᠠᠭ﹀ | ᠪᠤᠯᠤᠨ᠎ᠡ᠃ ᠲᠦᠪᠡᠳ ᠬᠡᠯᠡᠨ ᠤ ᠠᠪᠢᠶ᠎ᠡ ᠬᠢᠭᠡᠳ ᠦᠭᠡᠰ ᠤᠨ ᠰᠠᠩ ᠤᠨ ᠪᠦᠷᠢᠯᠳᠤᠭᠦᠨ ᠢ ᠦᠨᠳᠦᠰᠦᠯᠡᠪᠡᠯ᠂ ᠲᠡᠷᠡ | ᠨᠢ ᠲᠦᠪᠡᠳ ᠦᠭᠡ ᠪᠢᠰᠢ᠂ ᠬᠠᠷᠢᠨ ︿ᠬᠠᠳᠠᠭ﹀ ᠭᠡᠲᠡᠭ ᠮᠤᠩᠭᠤᠯ ᠦᠭᠡ ᠶᠢᠨ ᠲᠦᠪᠡᠳ ᠠᠪᠢᠶᠠᠴᠢᠯᠠᠭ᠎ᠠ ᠪᠤᠯᠬᠤ | ᠶᠤᠮ︾ ᠭᠡᠵᠦ ᠲᠤᠷᠠᠳᠤᠭᠰᠡᠨ ᠪᠦᠭᠡᠳ ᠶᠤᠸᠠᠨ ᠤᠯᠤᠰ ᠤᠨ ᠬᠠᠭᠠᠨ ᠤ ᠪᠠᠭᠰᠢ ᠫᠠᠭᠪᠡ ᠯᠠᠮᠡ ᠪᠠᠷ ᠲᠠᠶᠢᠳᠦ ᠠᠴᠠ | ᠲᠦᠪᠡᠳ ᠲᠤ ᠪᠤᠴᠠᠵᠦ ᠬᠠᠷᠢᠭᠰᠡᠨ ᠤ ᠲᠠᠷᠠᠭ᠎ᠠ ᠲᠦᠪᠡᠳ ᠤᠷᠤᠨ ᠤ ᠪᠤᠳᠢᠰᠡᠳ᠋ᠸ᠎ᠠ᠂ ᠪᠤᠷᠬᠠᠨ ᠤ ᠬᠦᠷᠦᠭ ᠲᠤ | ᠬᠠᠳᠠᠭ ᠡᠷᠭᠦᠵᠦ᠂ ᠯᠠᠮᠡ ᠬᠤᠸᠠᠷᠠᠭ ᠨᠤᠶᠠᠳ ᠲᠦᠰᠢᠮᠡᠳ ᠲᠤ ᠬᠠᠳᠠᠭ ᠬᠠᠶᠢᠷᠠᠯᠠᠭᠰᠡᠨ ᠦᠢᠯᠡ ᠶᠠᠪᠤᠳᠠᠯ ᠠᠴᠠ | ᠦᠵᠡᠪᠡᠯ᠂ ᠬᠠᠳᠠᠭ ᠨᠢ ᠮᠤᠩᠭᠤᠯ ᠤᠷᠤᠨ ᠠᠴᠠ ᠲᠦᠪᠡᠳ ᠲᠤ ᠤᠷᠤᠭᠰᠡᠨ ᠬᠡᠵᠦ ᠦᠵᠡᠭᠰᠡᠨ ᠪᠠᠶᠢᠨ᠎ᠡ᠃ | ᠫᠠᠭᠪᠡ ᠯᠠᠮᠡ1247 ᠤᠨ ᠳᠤ ᠮᠤᠩᠭᠤᠯ ᠤᠷᠤᠨ ᠳᠤ ᠵᠠᠯᠠᠭᠲᠡᠨ ᠶᠤᠸᠠᠨ ᠤᠯᠤᠰ ᠤᠨ ︽ᠶᠡᠭᠡ ᠡᠷᠳᠡᠨᠢᠲᠦ ᠨᠤᠮ | ᠤᠨ ᠬᠠᠭᠠᠨ︾ ᠡᠷᠭᠦᠮᠵᠢᠯᠡᠭᠲᠡᠨ᠂ 29 ᠵᠢᠯ ᠮᠤᠩᠭᠤᠯ ᠤᠷᠤᠨ ᠳᠤ ᠰᠠᠭᠤᠵᠠᠢ᠃ ᠡᠨᠡᠬᠦ ᠬᠤᠭᠤᠴᠠᠭᠠᠨ ᠳᠠᠭᠠᠨ | ᠲᠡᠷᠡᠪᠡᠷ1265 ᠤᠨ ᠪᠤᠯᠤᠨ1276 ᠤᠨ ᠳᠤ ᠲᠤᠰ ᠲᠤᠰ ᠬᠤᠶᠠᠷ ᠤᠳᠠᠭ᠎ᠠ ᠨᠤᠳᠤᠭ ᠲᠠᠭᠠᠨ ᠬᠠᠷᠢᠵᠠᠢ᠃ | ᠡᠶᠢᠮᠦ ᠠᠴᠠ ᠫᠠᠭᠪᠡ ᠯᠠᠮᠡ ᠨᠢᠭᠡᠳᠤᠭᠡᠷ ᠤᠳᠠᠭ᠎ᠠ ᠨᠤᠲᠤᠭ ᠲᠠᠭᠠᠨ ᠬᠠᠷᠢᠬᠤ ᠳᠠᠭᠠᠨ ᠮᠤᠩᠭᠤᠯ ᠤᠷᠤᠨ ᠠᠴᠠ ᠬᠠᠳᠠᠭ | ᠠᠪᠴᠦ ᠲᠦᠪᠡᠳ ᠲᠤ ᠲᠡᠯᠭᠡᠷᠡᠭᠦᠯᠦᠭᠰᠡᠨ ᠴᠠᠭ ᠵᠢᠯ ᠢ 1265 ᠤᠨ ᠭᠡᠵᠦ ᠪᠠᠳᠤᠯᠠᠵᠦ ᠪᠤᠯᠬᠤ ᠶᠤᠮ᠃ | ᠠᠷᠪᠠᠨ ᠭᠤᠷᠪᠠᠳᠤᠭᠠᠷ ᠵᠠᠭᠤᠨ ᠤ ᠰᠡᠭᠦᠯᠴᠢ ᠶᠢᠨ ᠦᠶ᠎ᠡ᠂ ᠦᠭᠡᠷ᠎ᠡ ᠪᠠᠷ ᠬᠡᠯᠡᠪᠡᠯ ᠫᠠᠭᠪᠡ ᠯᠠᠮᠡ ᠮᠤᠩᠭᠤᠯ ᠤᠷᠤᠨ | ᠠᠴᠠ ᠲᠦᠪᠡᠳ ᠲᠤ ᠬᠠᠷᠢᠬᠤ ᠠᠴᠠ ᠡᠮᠦᠨ᠎ᠡ ᠲᠦᠪᠡᠳ ᠬᠡᠯᠡᠨ ᠤ ᠦᠭᠡᠰ ᠤᠨ ᠰᠠᠩ ᠳᠤ ︽ᠺᠠᠲᠠᠭ︾ ᠭᠡᠳᠡᠭ ᠦᠭᠡ | ᠶᠡᠷᠦ ᠭᠠᠷᠲᠠᠭ ᠦᠭᠡᠢ ᠪᠦᠭᠡᠳ ᠬᠢᠳᠡᠳ ᠲᠦᠪᠡᠳ ᠢᠵᠠᠭᠤᠷ ᠭᠡᠯᠡᠨ ᠳᠤ ᠴᠦ ᠲᠤᠰ ᠨᠡᠷ᠎ᠡ ᠦᠭᠡ ᠶᠡᠷᠦ ᠪᠠᠶᠢᠭᠰᠡᠨ | ᠦᠭᠡᠢ ᠶᠤᠮ᠃ ᠵᠦᠪᠭᠡᠨ ︽ᠡᠩᠲᠦ︾ ᠪᠤᠶᠦ ︽ᠠᠯᠴᠢᠭᠤᠷ︾ ᠭᠡᠰᠡᠨ ᠮᠤᠩᠭᠤᠯᠴᠤᠳ ᠤᠨ ︽ᠬᠠᠳᠠᠭ︾ ᠭᠡᠳᠡᠭ ᠦᠭᠡ | ᠲᠠᠢ ᠤᠶᠢᠷᠠᠯᠴᠠᠭ᠎ᠠ ᠤᠳᠬ᠎ᠠ ᠪᠦᠭᠦᠢ ︽ᠨᠢᠨᠲᠡᠷ︾ ᠭᠡᠰᠡᠨ ᠨᠠᠷ᠎ᠡ ᠦᠭᠡ ᠪᠠᠶᠢᠪᠡ᠃ ᠬᠠᠷᠢᠨ ᠡᠭᠦᠨ ᠤ ᠡᠰᠡᠷᠬᠦ ᠪᠠᠷ | ᠮᠠᠨ ᠤ ᠮᠤᠩᠭᠤᠯ ᠬᠡᠯᠡ ᠲᠠᠢ ᠢᠵᠠᠭᠤᠷ ᠨᠢᠭᠡᠲᠠᠢ ᠠᠯᠲᠠᠢ ᠢᠵᠠᠭᠤᠷ ᠤᠨ ᠲᠦᠷᠺ ᠬᠡᠯᠡᠨ ᠳᠤ ᠠᠯᠢ ᠡᠷᠲᠡ ︽ᠬᠠᠳᠠᠭ︾ | ᠭᠡᠳᠡᠭ ᠦᠭᠡ ᠪᠠᠶᠢᠵᠠᠢ᠃ | ︽ᠮᠤᠩᠭᠤᠯ ᠪᠢᠴᠢᠭ ᠤᠨ ᠲᠤᠪᠴᠢ ᠲᠡᠦᠬᠡ︾ ᠭᠡᠳᠡᠭ ᠨᠤᠮ ᠳᠤ᠂ ︽ᠨᠡᠶᠢᠲᠡ ᠶᠢᠨ ᠤᠨ ᠲᠤᠭᠠᠯᠠᠯ ᠤᠨ | 6—9 ᠳ᠋ᠤᠭᠡᠷ ᠵᠠᠭᠤᠨ ᠤ ᠦᠶ᠎ᠡ ᠳᠤ ᠤᠮᠠᠷᠠᠲᠦ ᠤᠷᠤᠨ ᠳᠤ ᠮᠤᠩᠭᠤᠯ ᠬᠡᠯᠡᠲᠦ ᠠᠶᠢᠮᠠᠭ ᠤᠭᠰᠠᠭᠠᠲᠡᠨ ᠤ | ᠲᠤᠳᠤᠷ᠎ᠡ᠂ ᠲᠤᠬᠠᠶᠢᠯᠠᠪᠡᠯ ᠠᠷᠪᠠᠨ ᠤᠶᠢᠷᠠᠳ᠂ ᠭᠤᠴᠢᠨ ᠲᠡᠲ᠋ᠡᠷ ᠵᠠᠷᠭᠡ ᠨᠢ ᠤᠷᠢᠳ ᠬᠤᠵᠢᠳ ᠲᠦᠷᠺ ᠬᠠᠭᠠᠨᠲᠦ | ᠤᠯᠤᠰ᠂ ᠤᠶᠢᠭᠤᠷ ᠬᠠᠭᠠᠨᠲᠦ ᠤᠯᠤᠰ ᠵᠢᠴᠢ ᠬᠢᠷᠬᠢᠰ ᠬᠠᠭᠠᠨᠲᠦ ᠤᠯᠤᠰ ᠲᠤ ᠨᠤᠶᠠᠷᠬᠠᠭᠳᠠᠵᠦ ᠪᠠᠶᠢᠭᠰᠠᠨ ᠲᠤᠯᠡ᠂ | ᠲᠡᠳᠡᠨ ᠤᠨ ᠬᠡᠯᠡ ᠪᠤᠶᠦ ᠦᠰᠦᠭ ᠪᠢᠴᠢᠭ ᠤᠨ ᠲᠡᠯ᠎ᠡ ᠪᠠᠷ ᠪᠦᠷ ᠲᠡᠭᠡᠷᠡᠬᠢ ᠭᠡᠳᠦᠨ ᠬᠠᠭᠠᠨᠲᠦ ᠤᠯᠤᠰ ᠤᠨ | ᠨᠦᠯᠦᠭᠡ ᠶᠢ ᠬᠦᠷᠳᠡᠭᠰᠡᠨ ᠶᠤᠮ᠃ ᠦᠭᠡᠷ᠎ᠡ ᠪᠠᠷ ᠬᠡᠯᠡᠪᠡᠯ᠂ ᠡᠳᠡᠭᠡᠷ ᠠᠶᠢᠮᠠᠭ ᠤᠭᠰᠠᠭᠠᠲᠡᠨ ᠤ ᠮᠤᠩᠭᠤᠯ ᠬᠡᠯᠡ ᠨᠢ | ᠲᠦᠷᠺ ᠬᠡᠯᠡᠨ ᠤ ᠨᠦᠯᠦᠭᠡ ᠶᠢ ᠶᠠᠭᠡᠪᠡᠷ ᠬᠦᠷᠲᠡᠵᠦ᠂ ᠶᠡᠭᠡ ᠬᠡᠮᠵᠢᠶᠠᠨ ᠤ ᠲᠦᠷᠺ ᠦᠭᠡᠰ ᠮᠤᠩᠭᠤᠯ ᠬᠡᠯᠡᠨ ᠳᠤ | ᠤᠷᠤᠭᠰᠡᠨ︾ ᠭᠡᠵᠡᠢ᠃ ᠡᠶᠢᠮᠦ ᠠᠴᠠ ︽ᠬᠠᠳᠠᠭ︾ ᠪᠤᠯ ᠲᠦᠪᠡᠳ ᠠᠴᠠ ᠮᠤᠩᠭᠤᠯ ᠳᠤ ᠤᠷᠤᠵᠦ ᠢᠷᠡᠭᠰᠡᠨ ᠪᠢᠰᠢ᠂ | ᠬᠠᠷᠢᠨ ᠮᠤᠩᠭᠤᠯ ᠠᠴᠠ ᠲᠦᠪᠡᠳ ᠲᠤ ᠤᠷᠤᠭᠰᠡᠨ ᠭᠡᠳᠡᠭ ᠢ ᠪᠠᠳᠤᠯᠠᠵᠦ ᠪᠤᠯᠬᠤ ᠶᠤᠮ᠃ | ︽ᠮᠠᠷᠺᠤ ᠫᠤᠯᠤ ᠶᠢᠨ ᠵᠢᠭᠤᠯᠴᠢᠯᠡᠯ ᠤᠨ ᠲᠡᠮᠳᠡᠭᠯᠡᠯ︾ ᠳᠤ᠂ ︽ᠮᠤᠩᠭᠤᠯᠴᠤᠳ ᠵᠤᠴᠢᠳ ᠲᠠᠭᠠᠨ ᠬᠦᠷᠭᠡᠬᠦ ᠪᠡᠯᠡᠭ | ᠤᠨ ᠶᠠᠭᠤᠮᠠᠨ ᠤ ᠪᠠᠨ ᠲᠡᠭᠡᠷ᠎ᠡ ᠴᠠᠭᠠᠨ ᠱᠡ ᠠᠯᠴᠢᠭᠤᠷ ᠲᠠᠯᠪᠢᠲᠠᠭ︾ ᠬᠡᠵᠡᠢ᠃ ᠡᠨᠡ ᠪᠤᠯ ᠲᠠᠷᠤᠢ ᠮᠤᠩᠭᠤᠯᠴᠤᠳ | ᠤᠨ ᠴᠠᠭᠠᠨ ᠬᠠᠳᠠᠭ ᠢ ᠴᠠᠭᠠᠨ ᠱᠠ ᠠᠯᠴᠢᠭᠤᠷ ᠭᠡᠵᠦ ᠤᠶᠢᠯᠠᠭᠠᠭᠰᠡᠨ ᠶᠠᠪᠤᠳᠡᠯ ᠪᠤᠯᠬᠤ ᠶᠤᠮ᠃ ᠡᠳᠡᠭᠡᠷ ᠲᠡᠮᠳᠡᠭᠯᠡᠯ | ᠤᠳ ᠢ ᠦᠨᠳᠦᠰᠦᠯᠡᠨ ᠲᠦᠪᠡᠳᠴᠤᠳ ᠮᠤᠩᠭᠤᠯ ᠬᠡᠯᠡᠨ ᠤ ︽ᠬᠠᠳᠠᠭ︾ ᠭᠡᠳᠡᠭ ᠨᠡᠷ᠎ᠡ ᠦᠭᠡ ᠶᠢ ︽ᠺᠠᠳᠠᠭ︵kha. | btag)︾ ᠬᠡᠮᠡᠨ ᠲᠦᠪᠡᠳ ᠢᠶᠠᠷ ᠠᠪᠢᠶᠠᠴᠢᠯᠠᠨ ᠲᠡᠮᠳᠡᠭᠯᠡᠵᠦ ᠪᠠᠶᠢᠭ᠎ᠠ ᠶᠢ ᠲᠦᠪᠡᠳ᠂ ᠮᠤᠩᠭᠤᠯ᠂ ᠬᠢᠲᠡᠳ᠂ ᠲᠦᠷᠺ | ᠭᠡᠯᠡᠨ ᠤ ᠲᠤᠯᠢ ᠨᠤᠭᠤᠳ ᠠᠴᠠ ᠲᠤᠯᠭᠠᠨ ᠰᠤᠳᠤᠯᠵᠦ ᠦᠵᠡᠪᠡᠯ᠂ ︽ᠬᠠᠳᠠᠭ︾ ᠭᠡᠳᠡᠭ ᠦᠭᠡ ᠨᠢ ᠲᠦᠷᠺ ᠭᠠᠷᠤᠯ | ᠲᠠᠢ ᠤᠶᠢᠭᠤᠷᠵᠢᠨ ᠮᠤᠩᠭᠤᠯ ᠨᠡᠷ᠎ᠡ ᠦᠭᠡ ᠪᠤᠯᠬᠤ ᠶᠢ ᠪᠠᠳᠤᠯᠠᠵᠦ ᠪᠤᠯᠤᠨ᠎ᠡ᠃ ︽ᠲᠦᠷᠺ ᠬᠡᠯᠡᠨ ᠤ ᠨᠤᠳᠤᠭ ᠤᠨ | ᠠᠶᠠᠯᠭᠤᠨ ᠤ ᠲᠤᠷᠰᠢᠨ ᠬᠡᠷᠡᠭᠯᠡᠬᠦ ᠦᠭᠡᠰ ᠤᠨ ᠲᠤᠯᠢ︾ ᠶᠢᠨ ᠬᠤᠶᠠᠳᠤᠭᠠᠷ ᠪᠤᠳᠢ ᠶᠢᠨ 310 ᠳ᠋ᠤᠭᠠᠷ ᠨᠢᠭᠤᠷ | ᠪᠤᠯᠤᠨ ︽ᠮᠤᠩᠭᠤᠯ ᠦᠭᠡᠰ ᠤᠨ ᠢᠵᠠᠭᠤᠷ ᠤᠨ ᠲᠤᠯᠢ︾ ᠶᠢᠨ 944—950 ᠳ᠋ᠤᠭᠠᠷ ᠨᠢᠭᠤᠷ ᠲᠤ᠂ ︽ᠬᠠᠳᠠᠭ︾ | ︵ᠺᠠᠳᠠᠭ︶ ᠤᠨ ᠢᠵᠠᠭᠤᠷ ᠢ ᠪᠦᠷ ᠨᠢᠭᠡᠲᠦᠯ ᠲᠠᠢ ᠪᠠᠷ ︽ᠬᠠᠲᠡ︾ ᠶᠢᠨ ᠡᠭᠦᠰᠦᠮᠡᠯ ᠦᠭᠡ ᠪᠤᠯᠭᠠᠵᠦ ᠲᠠᠶᠢᠯᠪᠤᠷᠢᠯᠠᠭᠠᠳ᠂ | ︽ᠬᠠᠳᠠ︾ ᠭᠡᠲᠡᠭ ᠢᠵᠠᠭᠤᠷ ᠢ ︽ᠬᠠᠳᠠ ᠴᠢᠯᠠᠭᠤ︾᠂ ︽ᠬᠠᠳᠠᠭᠤ ᠵᠦᠭᠡᠯᠡᠨ ᠤ ᠬᠠᠳᠠᠭᠤ︾ ᠪᠤᠯᠤᠨ ︽ᠬᠠᠳᠠᠬᠤ ᠶᠢᠨ | ᠬᠠᠲᠡ︾ ︵ᠦᠳᠡᠵᠦ ᠬᠠᠳᠠᠬᠤ ᠶᠢᠨ︶ ᠪᠤᠯᠭᠠᠵᠦ᠂ ᠰᠢᠨ᠎ᠡ ᠦᠭᠡ ᠡᠭᠦᠰᠭᠡᠨ ᠲᠠᠶᠢᠯᠪᠤᠷᠢᠯᠠᠭᠰᠡᠨ ᠪᠠᠶᠢᠳᠠᠭ᠃ | ︽ᠬᠠᠳᠠᠭ︾ ᠤᠨ ᠢᠵᠠᠭᠤᠷ ᠨᠢ ︽ᠬᠠᠲᠡ︾ ︵ᠬᠠᠳᠠᠬᠤ︶ ᠮᠦᠨ᠃ ᠡᠭᠦᠨ ᠠᠴᠠ ᠲᠤᠤᠷ᠎ᠡ ᠨᠢ ︽ᠭ︾ ᠳᠠᠭᠠᠪᠤᠷᠢ | ᠵᠠᠯᠭᠠᠭᠠᠳ ︽ᠬᠠᠳᠠᠭ︾ ᠭᠡᠲᠡᠭ ᠴᠢᠩᠭ᠎ᠠ ᠶᠤᠰᠦ ᠶᠢ ᠵᠢᠭᠠᠵᠦ ᠴᠢᠳᠠᠬᠤ ᠪᠤᠳᠠᠰ ᠤᠨ ᠨᠡᠷ᠎ᠡ ᠪᠤᠯᠵᠠᠢ᠃ ᠪᠠᠰᠡ ︽ᠬᠠᠳᠠᠭ | + ᠭ— ᠬᠠᠳᠠᠬᠠ ︵ᠬᠠᠳᠠᠭ᠎ᠠ︶︾ ᠭᠡᠰᠡᠨ ︽ᠡᠷᠬᠢᠮ ᠴᠢᠬᠤᠯᠡ︾ ᠭᠡᠰᠡᠨ ᠤᠳᠬ᠎ᠠ ᠪᠦᠬᠦᠢ ᠦᠭᠡ ᠪᠤᠢ ᠪᠤᠯᠵᠠᠢ᠃ | ︽ᠬᠠᠳᠠᠭ᠎ᠠ︾ ᠭᠡᠳᠡᠭ ᠦᠭᠡ ᠶᠢ ᠤᠳᠦ ᠴᠦ ᠭᠡᠰᠡᠨ ᠬᠤᠷᠴᠢᠨ ᠪᠠᠭᠠᠷᠢᠨ ᠳᠤ ︽ᠡᠷᠬᠢᠮ ᠴᠢᠬᠤᠯᠡ︾ ᠭᠡᠰᠡᠨ ᠤᠳᠬ᠎ᠠ | ᠪᠠᠷ ᠠᠮᠠᠨ ᠶᠠᠷᠢᠶᠠᠨ ᠳᠤ ᠨᠡᠶᠢᠲᠡᠮ ᠬᠡᠷᠡᠭᠯᠡᠭᠲᠡᠵᠦ ᠪᠤᠢ᠃ ︽ᠬᠠᠳᠠᠭ᠎ᠠ + ᠯᠡ— ᠬᠠᠳᠠᠭᠠᠯᠡ︾ ᠭᠡᠰᠡᠨ ᠡᠷᠬᠢᠮᠨᠠᠨ | ᠬᠤᠷᠢᠶᠠᠬᠤ ᠶᠢ ᠵᠢᠭᠠᠭᠰᠡᠨ ᠦᠭᠡ ᠪᠤᠢ ᠪᠤᠯᠤᠭᠰᠡᠨ ᠪᠠᠶᠢᠨ᠎ᠡ᠃ ᠡᠶᠢᠮᠦ ᠠᠴᠠ ᠬᠠᠳᠠᠭ ᠪᠤᠯ ᠮᠤᠩᠭᠤᠯᠴᠤᠳ ᠤᠨ | ᠬᠠᠳᠠᠭᠤ ᠴᠢᠩᠭ᠎ᠠ ᠶᠤᠰᠤ ᠳᠤ ᠬᠡᠷᠡᠭᠯᠡᠬᠦ ᠪᠡᠯᠭᠡᠲᠡᠯ ᠤᠨ ᠡᠳ᠋ ᠮᠦᠨ᠃ ︽ᠠᠮᠠᠨ ᠬᠠᠳᠠᠭ ᠲᠠᠯᠪᠢᠬᠤ︾ ᠪᠤᠶᠦ ᠤᠷᠤᠭ | ᠲᠦᠷᠦᠯ ᠤᠨ ᠬᠠᠷᠢᠴᠠᠭᠠᠨ ᠲᠡᠭᠡᠷ᠎ᠡ ︽ᠬᠠᠳᠠᠭ ᠠᠯᠴᠢᠭᠤᠷ︾ ᠲᠠᠯᠪᠢᠪᠠᠯ᠂ ᠤᠷᠤᠭ ᠲᠦᠷᠦᠯ ᠤᠨ ᠬᠤᠯᠪᠤᠭ᠎ᠠ ᠵᠢᠩᠬᠢᠨᠢ | ᠪᠠᠷ ᠪᠠᠳᠤᠯᠠᠭᠳᠠᠵᠦ ᠬᠦᠲᠡᠯᠦᠰᠢ ᠦᠭᠡᠢ ᠲᠤᠭᠳᠠᠪᠤᠷᠢᠲᠠᠢ ᠪᠤᠯᠤᠭᠰᠡᠨ ᠢ ᠢᠯᠡᠳᠭᠡᠲᠡᠭ ᠶᠤᠮ᠃ ᠡᠨᠡ ᠨᠢ ᠲᠠᠷᠤᠢ | ᠬᠠᠳᠠᠭᠰᠡᠨ ᠬᠠᠳᠠᠭᠠᠰᠦ᠂ ᠦᠳᠡᠭᠰᠡᠨ ᠦᠳᠡᠭᠡᠰᠦ ᠰᠢᠭ ᠰᠠᠯᠵᠦ ᠪᠤᠯᠤᠰᠢ ᠦᠭᠡᠢ ᠪᠤᠯᠳᠠᠭ᠃ | ᠵᠠᠬᠠᠴᠢᠨ ᠨᠤᠳᠤᠭ ᠲᠤ ︽ᠬᠠᠭᠤᠯᠤᠰᠢ ᠦᠭᠡᠢ ᠬᠤᠶᠢᠬ᠎ᠠ ᠪᠠᠨ ᠦᠭᠴᠦ᠂ ᠬᠠᠭᠤᠯᠦᠷᠠᠰᠢ ᠦᠭᠡᠢ ᠬᠠᠳᠠᠭ ᠢᠶᠠᠨ | ᠪᠠᠷᠢᠶᠡ︾ ᠭᠡᠵᠦ ᠪᠠᠲᠤᠯᠠᠭ᠎ᠠ ᠶᠢᠨ ᠬᠠᠳᠠᠭ ᠲᠠᠳᠠᠳᠠᠭ ᠶᠤᠰᠤ ᠪᠠᠶᠢᠳᠠᠭ ᠪᠦᠭᠡᠳ ᠪᠠᠷᠭᠤ ᠨᠤᠳᠤᠭ ᠲᠤ ᠴᠦ ︽ᠬᠠᠳᠠᠭ | ᠲᠠᠯᠪᠢᠪᠠᠯ ᠬᠠᠳᠠᠭᠠᠰᠦ ᠪᠤᠯᠤᠨ᠎ᠡ︾ ᠭᠡᠵᠦ ᠶᠠᠷᠢᠳᠠᠭ᠃ ᠡᠨᠡ ᠨᠢ ᠲᠠᠷᠤᠢ ︽ᠬᠠᠳᠠᠭ ᠲᠠᠯᠪᠢᠬᠤ ᠶᠤᠰᠤ︾ ᠪᠤᠯ | ᠮᠤᠩᠭᠤᠯᠴᠤᠳ ᠤᠨ ᠡᠷᠲᠡ ᠲᠡᠭᠡᠲᠦ ᠦᠶ᠎ᠡ ᠠᠴᠠ ᠤᠯᠠᠮᠵᠢᠯᠠᠨ ᠢᠷᠡᠭᠰᠡᠨ ᠠᠮᠠᠨ ᠲᠠᠩᠭᠠᠷᠢᠭ ᠢᠶᠠᠨ ᠦᠭᠭᠦᠭᠰᠡᠨ | ᠬᠠᠳᠠᠭᠤ ᠴᠢᠩᠭ᠎ᠠ ᠶᠤᠰᠤ᠂ ᠬᠦᠨᠲᠦ ᠶᠢᠨ ᠶᠤᠰᠤᠨ ᠤ ᠬᠦᠨᠳᠦᠳᠦ ᠡᠳ᠋ ᠮᠦᠨ ᠭᠡᠰᠡᠨ ᠢ ᠬᠠᠷᠠᠭᠤᠯᠵᠦ ᠪᠤᠢ᠃ | ︽ᠲᠦᠷᠺ ᠬᠡᠯᠡᠨ ᠤ ᠨᠤᠲᠤᠭ ᠤᠨ ᠠᠶᠠᠯᠭᠤᠨ ᠤ ᠲᠤᠷᠰᠢᠨ ᠬᠡᠷᠡᠭᠯᠡᠬᠦ ᠦᠭᠡᠰ ᠤᠨ ᠲᠤᠯᠢ︾ ᠶᠢ | ᠦᠨᠳᠦᠰᠦᠯᠡᠪᠡᠯ ᠡᠷᠳᠡᠨ ᠤ ᠲᠦᠷᠺ ᠤᠨ ︽ᠬᠠᠳᠠᠭ︾ ᠭᠡᠳᠡᠭ ᠦᠭᠡ ᠪᠤᠯ ᠪᠡᠯᠡᠭ ᠲᠤ ᠦᠭᠬᠦ ᠠᠯᠴᠢᠭᠤᠷ ᠪᠤᠶᠦ | ᠤᠯᠤᠰᠦ ᠮᠢᠨᠳᠠᠰᠦ ᠪᠠᠷ ᠨᠡᠭᠡᠭᠰᠡᠨ ᠪᠦᠰ ᠵᠠᠷᠭᠡ ᠲᠤᠭᠳᠠᠪᠤᠷᠢ ᠳᠤ ᠬᠡᠷᠡᠭᠯᠡᠬᠦ ᠡᠩᠲᠦ ᠶᠢ ᠵᠢᠭᠠᠬᠤ ᠶᠤᠮ ᠪᠠᠶᠢᠨ᠎ᠡ᠃ | ᠡᠨᠡ ᠨᠢ ᠲᠠᠷᠤᠢ ᠤᠳᠤ ᠶᠢᠨ ᠤᠷᠳᠤᠰᠴᠣᠳ ᠤᠨ ᠬᠦᠨᠲᠦ ᠶᠢᠨ ᠪᠤᠯᠵᠤᠭᠠᠨ ᠤ ᠶᠤᠰᠤᠨ ᠳᠠᠬᠢ ︽ᠠᠷᠢᠬᠢ ᠠᠯᠴᠢᠭᠤᠷ | ᠤᠤᠭᠤᠯᠭᠠᠬᠤ︾᠂ ︽ᠬᠠᠳᠠᠭ ᠠᠯᠴᠢᠭᠤᠷ ᠲᠠᠯᠪᠢᠬᠤ︾ ᠭᠡᠲᠡᠭ ᠨᠢ ᠠᠯᠲᠠᠢ ᠢᠵᠠᠭᠤᠷ ᠬᠡᠯᠡᠲᠦ ᠦᠨᠳᠦᠰᠦᠲᠡᠨ ᠨᠦᠭᠦᠳ | ᠤᠨ ︽ᠬᠠᠳᠠᠭ ᠠᠯᠴᠢᠭᠤᠷ︾ ᠬᠡᠮᠡᠬᠦ ᠲᠤᠭᠳᠠᠪᠤᠷᠢ ᠶᠢ ᠵᠢᠠᠭᠠᠵᠦ ᠬᠤᠯᠪᠤᠭ᠎ᠠ ᠦᠭᠡ ᠠᠴᠠ ᠢᠷᠡᠯᠲᠡ ᠲᠠᠢ ᠭᠡᠲᠡᠭ ᠢ | ᠬᠡᠷᠡᠴᠢᠯᠡᠵᠦ ᠪᠤᠢ᠃ ᠲᠦᠪᠡᠳᠴᠤᠳ ᠡᠨᠡ ᠬᠦ ︽ᠬᠠᠳᠠᠭ ᠠᠯᠴᠢᠭᠤᠷ︾ ᠭᠡᠲᠡᠭ ᠬᠤᠯᠪᠤᠭ᠎ᠠ ᠦᠭᠡ ᠶᠢ ᠠᠩᠬᠠᠨ ᠳᠠᠭᠠᠨ | ︽ᠺᠠᠳᠠᠭ︾ ᠭᠡᠵᠦ ᠰᠢᠭᠤᠳ ᠠᠪᠢᠶᠠᠴᠢᠯᠠᠨ ᠬᠡᠷᠡᠭᠯᠡᠵᠦ ᠪᠠᠶᠢᠭᠠᠳ ᠰᠡᠭᠦᠯᠡᠷ ᠨᠢ ︽ᠠᠯᠴᠢᠭᠤᠷ︾ ᠭᠡᠰᠡᠨ ᠤᠳᠬ᠎ᠠ ᠪᠠᠷ | ᠨᠢ ︽ᠨᠢᠨᠲᠡᠷ︾ ᠭᠡᠵᠦ ᠤᠷᠴᠢᠭᠤᠯᠤᠨ ᠬᠡᠷᠡᠭᠯᠡᠬᠦ ᠪᠤᠯᠵᠠᠢ᠃ | ᠮᠤᠩᠭᠤᠯ ᠬᠡᠯᠡᠨ ᠤ ᠦᠭᠡ ᠶᠢᠨ ᠭᠠᠷᠤᠯ ᠤᠨ ᠵᠦᠢ᠂ ᠦᠭᠡᠰ ᠤᠨ ᠰᠠᠩ ᠤᠨ ᠵᠦᠢ ᠪᠤᠯᠤᠨ ︽ᠲᠦᠪᠡᠳ | ᠦᠨᠳᠦᠰᠦᠲᠡᠨ ᠤ ᠬᠠᠳᠠᠭ ᠤᠨ ᠰᠤᠶᠤᠯ ᠤᠨ ᠲᠡᠦᠬᠡ︾ ᠵᠠᠷᠭᠡ ᠲᠡᠦᠬᠡᠨ ᠮᠠᠲ᠋ᠧᠷᠢᠶᠠᠯ ᠠᠴᠠ ᠦᠵᠡᠪᠡᠯ᠂ ᠬᠠᠳᠠᠭ ᠤᠨ | ᠰᠤᠶᠤᠯ ᠪᠤᠯ ᠮᠤᠩᠭᠤᠯᠴᠤᠳ ᠤᠨ ᠤᠤᠭᠠᠨ ᠰᠤᠶᠤᠯ ᠮᠦᠨ ᠨᠢ ᠪᠠᠲᠤᠲᠠᠢ ᠶᠤᠮ᠃ | | |