| ᠭᠠᠯ ᠲᠠᠬᠢᠯᠭ᠎ᠠ ᠪᠤᠯ ᠬᠦᠮᠦᠨ ᠲᠦᠷᠦᠯᠬᠢᠳᠡᠨ ᠤ ᠢᠵᠠᠭᠤᠷ ᠰᠢᠳᠦᠯᠭᠡ ᠲᠠᠬᠢᠯᠭ᠎ᠠ ᠶᠢᠨ ᠨᠢᠭᠡ ᠪᠤᠯᠤᠨ᠎ᠠ᠃ | ᠲᠡᠤᠬᠡᠨ ᠲᠡᠮᠳᠡᠭᠯᠡᠯ ᠢ ᠦᠨᠳᠦᠰᠦᠯᠡᠪᠡᠯ᠂ ᠮᠤᠩᠭᠤᠯᠴᠦᠳ ᠭᠠᠯ ᠢ ᠲᠦᠢᠯ ᠤᠨ ᠡᠷᠬᠢᠮ ᠲᠡᠭᠡᠳᠦ ᠷᠢᠳᠢ ᠰᠢᠳᠢ ᠪᠤᠯᠤᠨ | ᠠᠷᠢᠭᠤᠨ ᠴᠢᠨᠠᠷ ᠲᠠᠢ᠂ ᠢᠯᠴᠢ ᠪᠠ ᠭᠡᠷᠡᠯ ᠢ ᠠᠪᠴᠢᠷᠠᠭᠴᠢ ᠰᠠᠬᠢᠭᠤᠰᠤ ᠬᠡᠮᠡᠨ ᠰᠢᠳᠦᠨ ᠪᠢᠰᠢᠷᠡᠵᠦ ᠪᠠᠶᠢᠵᠠᠢ᠃ | ᠮᠤᠩᠭᠤᠯᠴᠦᠳ ᠭᠠᠯ ᠭᠤᠯᠤᠮᠳᠠ ᠪᠠᠨ ᠠᠶᠢᠯ ᠡᠷᠦᠬᠡ ᠶᠢᠨ ᠰᠦᠷ ᠰᠦᠯᠳᠡ ᠪᠠᠷ ᠦᠵᠡᠳᠡᠭ ᠢᠶᠠᠷ ᠦᠯᠦ ᠪᠠᠷᠠᠨ᠂ | ᠡᠷᠦᠬᠡ ᠶᠢᠨ ᠡᠵᠡᠨ ᠤ ᠦᠷ᠎ᠡ ᠬᠤᠶᠢᠴᠢᠰ ᠢᠶᠠᠨ ︽ᠭᠤᠯᠤᠮᠳᠠ ᠶᠢᠨ ᠡᠵᠡᠨ︾ ᠪᠤᠯᠭᠠᠳᠠᠭ ᠤᠴᠢᠷ ᠠᠴᠠ ᠦᠨᠳᠦᠰᠦ | ᠵᠠᠯᠭᠠᠮᠵᠢᠯᠠᠬᠤ ᠦᠷ᠎ᠡ ᠬᠡᠤᠬᠡᠳ ᠦᠭᠡᠢ ᠪᠤᠯ ︽ᠭᠠᠯ ᠭᠤᠯᠤᠮᠳᠠ ᠲᠠᠰᠤᠷᠠᠬᠤ ᠶᠤᠮ ᠪᠠᠶᠢᠨ᠎ᠠ︾ ᠬᠡᠮᠡᠳᠡᠭ᠃ ᠡᠶᠢᠮᠦ ᠠᠴᠠ | ᠮᠤᠩᠭᠤᠯᠴᠦᠳ ᠠᠽᠢᠶ᠎ᠠ ᠶᠢᠨ ᠠᠯᠢ ᠴᠤ ᠶᠠᠰᠤᠳᠠᠨ ᠠᠴᠠ ᠤᠨᠴᠠᠭᠠᠢ ᠭᠠᠯ ᠭᠤᠯᠤᠮᠳᠠ ᠪᠠᠨ ᠡᠷᠬᠢᠮᠯᠡᠨ ᠰᠢᠳᠦᠵᠦ | ᠲᠠᠬᠢᠭᠰᠠᠭᠠᠷ ᠢᠷᠡᠵᠡᠢ᠃ | ᠮᠤᠩᠭᠤᠯᠴᠤᠳ ᠤᠨ ᠭᠠᠯ ᠲᠠᠬᠢᠯᠭ᠎ᠠ | ᠮᠤᠩᠭᠤᠯᠴᠦᠳ ᠤᠨ ᠭᠠᠯ ᠲᠠᠬᠢᠯᠭ᠎ᠠ ᠶᠢᠨ ᠶᠤᠰᠤᠨ 13 ᠳ᠋ᠤᠭᠠᠷ ᠵᠠᠭᠤᠨ ᠤ ᠦᠶ᠎ᠡ ᠳᠤ ᠪᠤᠢ ᠪᠤᠯᠵᠠᠢ᠃ | ᠮᠤᠩᠭᠤᠯᠴᠤᠳ ᠤᠨ ᠭᠠᠯ ᠳᠠᠬᠢᠯᠭ᠎ᠠ ᠪᠤᠯ ᠮᠤᠩᠭᠤᠯ ᠤᠨ ᠢᠵᠠᠭᠤᠷ ᠱᠠᠰᠢᠨ ᠪᠤᠯᠬᠤ ᠪᠦᠭᠡ ᠮᠦᠷᠭᠦᠯ ᠤᠨ ᠲᠡᠭᠷᠢ᠂ | ᠭᠠᠵᠠᠷ᠂ ᠭᠠᠯ ᠵᠡᠷᠭᠡ ᠭᠤᠷᠪᠠᠨ ᠭᠤᠤᠯ ᠰᠢᠳᠦᠯᠭᠡ ᠠᠴᠠ ᠡᠭᠦᠰᠴᠦ ᠤᠯᠠᠷᠢᠵᠦ ᠢᠷᠡᠭᠰᠡᠨ ᠡᠷᠳᠡᠨ ᠤ ᠵᠠᠩ ᠦᠢᠯᠡ | ᠶᠢᠨ ᠨᠢᠭᠡ ᠵᠦᠢᠯ ᠤᠨ ᠬᠡᠯᠪᠡᠷᠢ ᠪᠤᠯᠤᠨ᠎ᠠ᠃ ᠡᠷᠳᠡ ᠦᠶ᠎ᠡ ᠳᠤ ᠭᠠᠯ ᠨᠢ ᠬᠦᠮᠦᠰ ᠲᠤ ᠢᠯᠴᠢ ᠬᠦᠷᠭᠡᠵᠦ᠂ ᠬᠤᠭᠤᠯᠠ | ᠢᠳᠡᠰᠢ ᠶᠢ ᠨᠢ ᠪᠤᠯᠭᠤᠭᠠᠬᠤ᠂ ᠬᠦᠢᠳᠡᠨ ᠨᠦᠢᠳᠡᠨ ᠠᠴᠠ ᠭᠡᠳᠦᠯᠭᠡᠬᠦ ᠵᠡᠷᠭᠡ ᠠᠮᠢᠳᠤᠷᠠᠯ ᠤᠨ ᠰᠠᠯᠵᠦ ᠪᠤᠯᠤᠰᠢ ᠦᠭᠡᠢ | ᠦᠨᠳᠤᠰᠦᠨ ᠬᠡᠷᠡᠭᠴᠡᠭᠡ ᠶᠢ ᠬᠠᠨᠭ᠍ᠭᠠᠳᠠᠬ ᠢᠶᠠᠷ ᠬᠦᠨᠳᠦᠳᠭᠡᠭᠳᠡᠨ ᠰᠢᠳᠦᠭᠳᠡᠵᠦ ᠪᠠᠶᠢᠬᠰᠠᠨ ᠪᠤᠯ᠂ ᠠᠭᠠᠵᠢᠮ ᠳᠠᠭᠠᠨ | ᠰᠠᠬᠢᠭᠤᠯᠰᠤᠨᠴᠢᠯᠠᠨ ᠲᠡᠭᠷᠢ ᠠᠴᠠ ᠭᠠᠯ ᠤᠨ ᠬᠠᠭᠠᠨ ᠢᠷᠡᠵᠦ ᠢᠪᠡᠭᠡᠨ ᠲᠡᠳᠭᠦᠵᠦ ᠪᠤᠢ ᠬᠡᠮᠡᠬᠦ ᠤᠶᠤᠨ ᠰᠠᠨᠠᠭᠠᠨ ᠤ | ᠬᠦᠴᠦᠨ ᠪᠤᠯᠵᠦ᠂ ︽ᠭᠠᠯᠠᠶᠢᠬᠠᠨ ᠡᠬᠡ︾ ᠪᠤᠶᠤ ︽ᠭᠠᠯᠢᠬᠠᠨ ᠡᠬᠡ︾ ᠬᠡᠬᠦ ᠬᠡᠶᠢᠰᠪᠦᠷᠢ ᠰᠢᠳᠦᠬᠡᠨ ᠪᠤᠯᠵᠦ ᠬᠦᠭᠵᠢᠵᠡᠢ᠃ | ᠵᠡᠷᠢᠮ ᠭᠠᠯ ᠤᠨ ᠰᠠᠩ ᠤᠨ ᠰᠤᠳᠤᠷ ᠲᠤ᠂ ︽ᠴᠠᠭᠠᠳᠠᠢ ᠪᠦᠭᠡ ᠶᠢᠨ ᠴᠠᠬᠢᠭᠰᠠᠨ᠂ ᠴᠡᠩᠭᠡᠨ ᠢᠳᠤᠭᠠᠨ ᠤ ᠦᠯᠢᠶᠡᠭᠰᠡᠨ᠂ | ᠲᠤᠷᠭᠠᠨ ᠴᠢᠷᠠᠶᠢᠳᠦ ᠲᠤᠰᠤᠨ ᠠᠮᠢᠳᠦ᠂ ᠦᠷᠭᠡᠨ ᠴᠢᠷᠠᠶᠢᠳᠦ ᠦᠭᠡᠬᠦᠨ ᠠᠮᠢᠳᠦ᠂ ᠭᠠᠯ ᠭᠠᠯᠠᠶᠢᠬᠠᠨ ᠡᠬᠡ ᠳᠡᠭᠡᠨ︾ | ᠭᠡᠵᠦ ᠳᠠᠮᠳᠡᠭᠯᠡᠵᠦ ᠪᠠᠶᠢᠳᠠᠭ᠃ ᠪᠦᠭᠡ ᠢᠳᠤᠭᠠᠨ ᠨᠠᠷ ᠤᠨ ᠠᠮᠠ ᠪᠠᠷ ᠤᠯᠠᠮᠵᠢᠯᠠᠳᠠᠭ ᠡᠨᠡᠬᠦ ᠰᠢᠳᠦᠯᠭᠡ ᠨᠢ ᠪᠠᠷᠤᠭ | ᠡᠬᠡᠴᠢᠯᠡᠯ ᠤᠨ ᠨᠡᠶᠢᠭᠡᠮ ᠤᠨ ᠦᠶ᠎ᠡ ᠳᠤ ᠪᠤᠢ ᠪᠤᠯᠤᠭᠰᠠᠨ ᠰᠢᠭ᠋ ᠠᠵᠢᠬᠯᠠᠭᠳᠠᠬᠤ ᠪᠦᠭᠡᠳ ᠬᠦᠮᠦᠰ ᠭᠠᠯ ᠤᠨ | ᠦᠩᠰᠢᠭ ᠲᠤᠯᠠᠭᠠᠨ ᠢᠯᠴᠢ ᠶᠢ ᠡᠬᠡ ᠶᠢᠨ ᠬᠡᠪᠡᠯᠢ ᠪᠠᠷ ᠵᠦᠢᠷᠯᠡᠨ ︽ᠭᠠᠯ ᠤᠨ ᠬᠠᠭᠠᠨ ᠡᠬᠡ︾᠂ ︽ᠤᠳᠬᠤᠨ | ᠭᠠᠯᠠᠶᠢᠬᠠᠨ ᠡᠬᠡ︾ ᠪᠤᠯᠭᠠᠨ ᠰᠢᠳᠦᠭᠰᠡᠨ ᠪᠠᠶᠢᠵᠦ ᠳᠠᠭᠠᠷᠠᠨ᠎ᠠ᠃ ᠡᠶᠢᠮᠦ ᠪᠠᠷ ᠭᠠᠯ ᠤᠨ ᠪᠤᠷᠬᠠᠨ ᠨᠢ ᠡᠮᠡᠭᠳᠡᠢ | ᠬᠦᠮᠦᠨ ᠤ ᠪᠦᠷᠢᠯᠸ᠎ᠠ ᠪᠠᠷ ᠬᠦᠷᠦᠭᠯᠡᠭᠳᠡᠨ ᠳᠠᠬᠢᠭᠳᠠᠵᠦ᠂ ᠠᠮᠢ ᠨᠠᠰᠤ᠂ ᠲᠦᠷᠦᠬᠦ ᠡᠰᠡᠨᠢᠬᠦ ᠶᠢᠨ ᠡᠬᠢ ᠡᠬᠦᠰᠦᠯ ᠢᠶᠠᠷ | ᠦᠵᠡᠭᠳᠡᠳᠡᠭ᠃ ᠡᠨᠡ ᠪᠤᠯ ᠭᠠᠯ ᠲᠠᠬᠢᠯᠭ᠎ᠠ ᠶᠢᠨ ᠡᠷᠳᠡᠨ ᠤ ᠡᠬᠢ ᠡᠭᠦᠰᠦᠯ ᠪᠤᠯᠤᠨ᠎ᠠ᠃ | ᠤᠷᠴᠢᠨ ᠦᠶ᠎ᠡ ᠳᠤ᠂ ᠲᠠᠷᠤᠢ 13 ᠳ᠋ᠤᠭᠠᠷ ᠵᠠᠭᠤᠨ ᠤ ᠮᠤᠩᠭᠤᠯ ᠤᠨ ᠶᠡᠭᠡ ᠨᠢᠭᠡᠳᠦᠯ ᠤᠨ ᠦᠶ᠎ᠡ ᠳᠤ ᠪᠤᠭᠳᠠ | ᠴᠢᠩᠭᠢᠰ ᠬᠠᠭᠠᠨ ᠮᠤᠩᠭᠤᠯ ᠤᠨ ᠨᠢᠬᠡᠳᠦᠭᠰᠡᠨ ᠲᠦᠷᠦ ᠶᠢ ᠡᠭᠦᠰᠭᠡᠨ ᠴᠤᠭᠴᠠᠯᠠᠵᠦ᠂ ᠮᠤᠩᠭᠤᠯ ᠤᠨ ᠶᠡᠭᠡ ᠭᠠᠯ | ᠭᠤᠯᠤᠮᠳᠠ ᠶᠢ ︽ᠴᠠᠬᠢᠨ︾ ᠲᠦᠷᠡᠯᠵᠡᠭᠦᠯᠦᠭᠰᠡᠨ ᠶᠤᠮ᠂ ᠡᠶᠢᠮᠦ ᠠᠴᠠ ᠮᠤᠩᠭᠤᠯᠴᠤᠳ ᠤᠨ ᠡᠯ᠎ᠡ ᠵᠦᠢᠯ ᠤᠨ | ︽ᠭᠠᠯ ᠤᠨ ᠳᠠᠬᠢᠯᠭ᠎ᠠ ᠶᠢᠨ ᠰᠠᠩ︾ ᠦᠳᠲ᠋ᠤ ᠤᠯᠠᠩᠬᠢ ᠳᠠᠭᠠᠨ ︽ᠰᠤᠳᠦ ᠪᠤᠭᠳᠠ ᠶᠢᠨ ᠴᠠᠬᠢᠭᠰᠠᠨ᠂ ᠰᠤᠳᠠᠢ ᠬᠠᠳᠤᠨ | ᠡᠬᠡ ᠶᠢᠨ ᠦᠯᠢᠶᠡᠭᠰᠡᠨ︾᠂ ︽ᠡᠵᠡᠨ ᠪᠤᠭᠳᠠ ᠶᠢᠨ ᠴᠠᠬᠢᠭᠰᠠᠨ᠂ ᠡᠰᠢ ᠬᠠᠳᠤᠨ ᠤ ᠬᠠᠳᠠᠭᠠᠯᠠᠭᠰᠠᠨ︾ ᠭᠡᠵᠦ | ᠭᠠᠷᠳᠠᠭ ᠨᠢ ᠴᠢᠩᠭᠢᠰ ᠬᠠᠭᠠᠨ ᠪᠤᠶᠤ ᠪᠦᠷᠳᠡ ᠬᠠᠳᠤᠨ ᠮᠤᠩᠭᠤᠯ ᠤᠨ ᠭᠠᠯ ᠳᠠᠬᠢᠯᠭ᠎ᠠ ᠶᠢᠨ ᠡᠵᠡᠨ ᠪᠤᠯᠤᠭᠰᠠᠨ ᠢ | ᠲᠡᠤᠬᠡ ᠶᠤᠰᠤᠭᠠᠷ ᠬᠠᠷᠠᠭᠤᠯᠵᠦ ᠪᠠᠶᠢᠨ᠎ᠠ᠃ ᠲᠡᠭᠡᠷᠡᠬᠢ ᠰᠤᠳᠤᠯᠭᠠᠨ ᠠᠴᠠ ᠨᠡᠭᠦᠳᠡᠯᠴᠢᠳ ᠤᠨ ᠭᠠᠯ ᠲᠠᠬᠢᠯᠭ᠎ᠠ ᠶᠢᠨ | ᠡᠭᠦᠰᠦᠯ ᠨᠢ ᠶᠡᠭᠡ ᠡᠷᠳᠡᠨ ᠤ ᠢᠵᠠᠭᠤᠷ ᠰᠢᠳᠦᠯᠭᠡ ᠶᠢᠨ ᠨᠢᠭᠡ ᠪᠠᠶᠢᠵᠦ᠂ ᠪᠦᠬᠡ ᠮᠦᠷᠭᠦᠯ ᠤᠨ ᠰᠢᠳᠦᠯᠭᠡ ᠠᠴᠠ | ᠡᠭᠦᠰᠦᠨ ᠬᠦᠭᠵᠢᠵᠦ ᠢᠷᠡᠭᠰᠡᠨ ᠪᠦᠭᠡᠳ ᠤᠷᠴᠢᠨ ᠦᠶ᠎ᠡ ᠳᠤ ᠴᠢᠩᠭᠢᠰ ᠬᠠᠭᠠᠨ ᠮᠤᠩᠭᠤᠯ ᠦᠨᠳᠦᠰᠦᠳᠡᠨ ᠤ ᠭᠠᠯ | ᠲᠠᠬᠢᠯᠭ᠎ᠠ ᠶᠢ ᠡᠭᠦᠰᠭᠡᠨ ᠶᠡᠷᠦᠩᠬᠡᠶᠢᠯᠡᠵᠦ᠂ ᠭᠠᠯ ᠲᠠᠬᠢᠯᠭ᠎ᠠ ᠶᠢᠨ ᠶᠤᠰᠤᠨ ᠢ ᠰᠢᠰᠲ᠋ᠧᠮ ᠲᠠᠢ ᠪᠦᠳᠦᠭᠡᠵᠡᠢ ᠭᠡᠳᠡᠭ ᠢ | ᠲᠤᠳᠤᠷᠬᠠᠢᠢᠯᠠᠬᠤ ᠶᠤᠮ᠃ ᠡᠶᠢᠮᠦ ᠠᠴᠠ ᠭᠠᠯ ᠲᠠᠬᠢᠯᠭ᠎ᠠ ᠪᠤᠯ ᠮᠤᠩᠭᠤᠯ ᠨᠢ ᠨᠢᠭᠡ ᠦᠨᠳᠦᠰᠦᠳᠡᠨ ᠪᠤᠯᠤᠨ | ᠪᠦᠷᠢᠯᠳᠦᠵᠦ ᠬᠦᠭᠵᠢᠭᠰᠡᠨ ᠤ ᠪᠡᠯᠭᠡ ᠲᠡᠮᠳᠡᠭ ᠪᠤᠯᠬᠤ ᠪᠦᠭᠡᠳ ᠮᠤᠩᠭᠤᠯᠴᠦᠳ ᠤᠨ ᠨᠡᠶᠢᠳᠡ ᠶᠢᠨ ᠭᠠᠯ | ᠭᠤᠯᠤᠮᠳᠠ ᠶᠢᠨ ᠲᠠᠬᠢᠯᠭ᠎ᠠ ᠡᠭᠦᠰᠦᠭᠰᠡᠨ ᠤ ᠭᠤᠤᠯ ᠰᠢᠯᠳᠠᠭᠠᠨ ᠭᠡᠳᠡᠭ ᠢ ᠲᠤᠰᠬᠠᠬᠤ ᠶᠢᠨ ᠬᠠᠮᠳᠤ᠂ ᠪᠤᠷᠵᠢᠭᠢᠨ | ᠤᠪᠤᠭᠳᠠᠳ ᠤᠨ ᠤᠳᠤᠮ ᠤᠭᠰᠠᠭ᠎ᠠ ᠶᠢᠨ ᠬᠤᠪᠢ ᠶᠢᠨ ᠭᠠᠯ ᠲᠠᠬᠢᠯᠭ᠎ᠠ ᠪᠢᠰᠢ ᠭᠡᠳᠡᠭ ᠢ ᠬᠠᠷᠠᠭᠤᠯᠤᠨ᠎ᠠ᠃ ᠡᠨᠡᠬᠦ | ᠨᠡᠶᠢᠳᠡ ᠮᠤᠩᠭᠤᠯ ᠤᠨ ᠭᠠᠯ ᠲᠠᠬᠢᠯᠭ᠎ᠠ ᠨᠢ ᠴᠢᠩᠭᠢᠰ ᠬᠠᠭᠠᠨ ᠤ ᠶᠡᠷᠦᠩᠬᠡᠢ ᠲᠠᠬᠢᠯᠭ᠎ᠠ ᠶᠢᠨ ᠴᠢᠬᠤᠯᠠ ᠨᠢᠭᠡᠨ | ᠠᠭᠤᠯᠭ᠎ᠠ ᠪᠤᠯᠵᠦ᠂ ᠮᠤᠩᠭᠤᠯᠴᠦᠳ ᠤᠨ ᠵᠢᠯ ᠪᠦᠷᠢ ᠶᠢᠨ ᠬᠦᠬᠡᠬᠡ ᠰᠠᠷ᠎ᠠ ᠶᠢᠨ ᠬᠤᠷᠢᠨ ᠭᠤᠷᠪᠠᠨ ᠤ ᠶᠡᠭᠡ ᠲᠠᠬᠢᠯᠭ᠎ᠠ | ᠪᠤᠯᠵᠦ ᠪᠦᠷᠢᠯᠳᠦᠨ ᠬᠦᠭᠵᠢᠭᠰᠡᠨ ᠪᠠᠶᠢᠨ᠎ᠠ᠃ | ᠠᠯᠪᠠᠨ ᠤ ᠭᠠᠯ ᠳᠠᠬᠢᠯᠭ᠎ᠠ | ᠮᠤᠩᠭᠤᠯᠴᠤᠳ ᠤᠨ ᠭᠠᠯ ᠳᠠᠬᠢᠯᠭ᠎ᠠ ᠳᠤ ᠠᠶᠢᠯ ᠡᠷᠦᠭᠡ ᠶᠢᠨ ᠳᠠᠬᠢᠯᠭ᠎ᠠ᠂ ᠠᠯᠪᠠᠨ ᠤ ᠳᠠᠬᠢᠯᠭ᠎ᠠ᠂ ᠰᠦᠮ᠎ᠡ | ᠬᠡᠶᠢᠳ ᠤᠨ ᠳᠠᠬᠢᠯᠭ᠎ᠠ ᠭᠡᠬᠦ ᠭᠤᠷᠪᠠᠨ ᠵᠦᠢᠯ ᠪᠠᠶᠢᠳᠠᠭ᠃ | ᠠᠶᠢᠯ ᠡᠷᠦᠭᠡ ᠶᠢᠨ ᠳᠠᠬᠢᠯᠭ᠎ᠠ ᠶᠢ ᠪᠠᠰᠠ ᠳᠠᠶᠢᠵᠢ ᠨᠠᠷ ᠤᠨ ᠳᠠᠬᠢᠯᠭ᠎ᠠ᠂ ᠬᠠᠷᠠᠴᠦ ᠠᠶᠢᠯ ᠤᠨ ᠳᠠᠬᠢᠯᠭ᠎ᠠ ᠭᠡᠵᠦ | ᠬᠤᠶᠠᠷ ᠬᠤᠪᠢᠶᠠᠳᠠᠭ᠃ ᠳᠠᠶᠢᠵᠢ ᠶᠢᠨ ᠭᠠᠯ ᠳᠠᠬᠢᠯᠭ᠎ᠠ ᠭᠡᠳᠡᠭ ᠨᠢ ᠴᠢᠩᠬᠢᠰ ᠤᠨ ᠠᠯᠳᠠᠨ ᠤᠷᠤᠭ ᠤᠨ ᠤᠳᠤᠮ | ᠪᠤᠯᠬᠤ ᠪᠤᠷᠵᠢᠬᠢᠨ ᠤᠪᠤᠭᠳᠠᠨ ᠤ ᠠᠶᠢᠯ ᠤᠨ ᠭᠠᠯ ᠳᠠᠬᠢᠯᠭ᠎ᠠ ᠶᠢ ᠵᠢᠭᠠᠵᠦ᠂ ᠬᠠᠷᠠᠴᠤ ᠠᠶᠢᠯ ᠤᠨ ᠳᠠᠬᠢᠯᠭ᠎ᠠ ᠨᠢ | ᠪᠤᠷᠵᠢᠬᠢᠨ ᠤᠪᠤᠭᠳᠠᠨ ᠠᠴᠠ ᠪᠤᠰᠤᠳ ᠮᠤᠩᠭᠤᠯ ᠤᠨ ᠡᠯ᠎ᠡ ᠤᠪᠤᠭ ᠤᠨ ᠠᠶᠢᠯ ᠡᠷᠦᠭᠡ ᠶᠢᠨ ᠳᠠᠬᠢᠯᠭ᠎ᠠ ᠶᠢ ᠬᠡᠯᠡᠵᠦ | ᠪᠤᠢ᠃ | ᠠᠯᠪᠠᠨ ᠤ ᠳᠠᠬᠢᠯᠭ᠎ᠠ ᠭᠡᠳᠡᠭ ᠨᠢ ᠭᠠᠯ ᠳᠠᠬᠢᠬᠤ ᠪᠦᠬᠦ᠋ᠢᠯᠡ ᠦᠢᠯᠡ ᠶᠢ ᠲᠦᠷᠦ ᠠᠴᠠ ᠪᠡᠯᠡᠳᠭᠡᠵᠦ ᠳᠠᠬᠢᠳᠠᠭ | ᠳᠠᠬᠢᠯᠭ᠎ᠠ ᠶᠢ ᠬᠡᠯᠡᠳᠡᠭ᠃ ᠪᠠᠰᠠ ᠲᠦᠷᠦ ᠶᠢᠨ ᠭᠠᠯ ᠳᠠᠬᠢᠯᠭ᠎ᠠ ᠴᠦ ᠭᠡᠳᠡᠭ᠃ ᠮᠤᠩᠭᠤᠯ ᠬᠠᠭᠠᠨᠳᠤ ᠤᠯᠤᠰ ᠤᠨ | ᠦᠶ᠎ᠡ ᠳᠤ ᠳᠤᠭᠳᠠᠭᠠᠵᠦ ᠬᠡᠳᠦᠨ ᠵᠠᠭᠤᠨ ᠤᠨ ᠢᠶᠠᠷ ᠤᠯᠠᠮᠵᠢᠯᠠᠵᠦ ᠢᠷᠡᠭᠰᠡᠨ ᠴᠢᠩᠬᠢᠰ ᠤᠨ ᠨᠠᠢᠮᠠᠨ ᠴᠠᠭᠠᠨ | ᠤᠷᠳᠤᠨ ᠤ ᠭᠤᠯᠤᠮᠳᠠ ᠶᠢᠨ ᠳᠠᠬᠢᠯᠭ᠎ᠠ ᠢ ᠪᠦᠭᠡ ᠪᠡᠯᠬᠦᠳᠡᠢ᠂ ᠬᠠᠪᠤᠳᠤ ᠬᠠᠰᠠᠷ᠂ ᠦᠭᠡᠳᠡᠢ᠂ ᠳᠤᠯᠤᠢ᠂ ᠡᠰᠢ ᠬᠠᠳᠤᠨ ᠤ | ᠭᠤᠯᠤᠮᠳᠠ ᠶᠢᠨ ᠳᠠᠬᠢᠯᠭ᠎ᠠ ᠵᠡᠷᠭᠡ ᠪᠠᠭᠳᠠᠨ᠎ᠠ᠃ ᠳᠠᠬᠢᠯᠭ᠎ᠠ ᠳᠠᠪᠢᠭ ᠤᠨ ᠬᠢᠨᠢ ᠶᠤᠰᠤ ᠶᠢ ᠬᠠᠭᠠᠨ ᠤ ᠵᠠᠷᠯᠢᠭ ᠢᠶᠠᠷ | ᠳᠤᠭᠳᠠᠭᠠᠵᠦ᠂ ᠳᠠᠬᠢᠯᠭ᠎ᠠ ᠳᠤ ᠤᠩᠰᠢᠬᠤ ᠦᠴᠢᠭ ᠢᠷᠦᠭᠡᠯ ᠨᠢ ᠴᠦ ᠳᠤᠰ ᠳᠤᠰ ︽ᠠᠯᠳᠠᠨ ᠤᠷᠳᠤᠨ ᠤ | ᠭᠤᠯᠤᠮᠳᠠ ᠶᠢᠨ ᠦᠴᠢᠭ︾᠂ ︽ᠡᠰᠢ ᠬᠠᠳᠤᠨ ᠤ ᠭᠤᠯᠤᠮᠳᠠ ᠶᠢᠨ ᠦᠴᠢᠭ︾᠂ ︽ᠪᠦᠭᠡ ᠪᠡᠯᠬᠦᠳᠡᠢ ᠶᠢᠨ | ᠭᠤᠯᠤᠮᠳᠠ ᠶᠢᠨ ᠦᠴᠢᠭ︾ ᠭᠡᠬᠦ ᠮᠡᠳᠦ ᠶᠢᠨ ᠰᠤᠳᠤᠷ ᠪᠢᠴᠢᠭ ᠲᠠᠢ ᠪᠦᠭᠡᠳ ︽ᠭᠤᠯᠤᠮᠳᠠ ᠳᠦᠭᠡᠨᠡᠬᠦ ᠳᠠᠷᠤᠮᠵᠢ | ︵ᠳᠡᠰ ᠳᠠᠷᠠᠭ᠎ᠠ︶︾ ᠭᠡᠬᠦ ᠰᠤᠳᠤᠷ ᠲᠠᠢ᠂ ᠪᠠᠰᠠ ᠳᠠᠬᠢᠯᠭ᠎ᠠ ᠳᠠᠪᠢᠭ ᠦᠢᠯᠡᠳᠦᠭᠴᠢ ᠳᠤᠰᠬᠠᠢ ᠠᠯᠪᠠᠳᠤ ᠲᠠᠢ ᠪᠠᠶᠢᠵᠠᠢ᠃ | ᠴᠢᠩᠬᠢᠰ᠂ ᠪᠡᠯᠬᠦᠳᠡᠢ᠂ ᠦᠭᠡᠳᠡᠢ᠂ ᠳᠤᠯᠤᠢ ᠨᠠᠷ ᠤᠨ ᠭᠠᠯ ᠭᠤᠯᠤᠮᠳᠠ ᠶᠢᠨ ᠳᠠᠬᠢᠯᠭ᠎ᠠ ᠨᠢ ᠮᠤᠩᠭᠤᠯ ᠲᠦᠷᠦ ᠠᠴᠠ | ᠳᠤᠭᠳᠠᠭᠠᠭᠰᠠᠨ ᠨᠡᠶᠢᠳᠡ ᠮᠤᠩᠭᠤᠯ ᠤᠨ ᠳᠠᠬᠢᠯᠭ᠎ᠠ ᠳᠤᠯᠠ ᠮᠤᠩᠭᠤᠯ ᠰᠤᠷᠪᠤᠯᠵᠢ ᠪᠢᠴᠢᠭ ᠲᠤ ︽ᠶᠡᠷᠦᠩᠭᠡᠢ ᠶᠢᠨ | ᠰᠢᠳᠦᠭᠡᠨ︾ ᠭᠡᠵᠦ ᠤᠨᠤᠭᠠᠵᠦ ᠨᠡᠷᠡᠶᠢᠳᠴᠠᠢ᠃ ᠳᠡᠶᠢᠮᠦ ᠠᠴᠠ ᠭᠠᠭᠴᠠ ᠠᠯᠳᠠᠨ ᠤᠷᠤᠭᠳᠠᠨ ᠤ ᠳᠠᠬᠢᠯᠭ᠎ᠠ ᠭᠡᠵᠦ | ᠠᠳᠡᠬᠦᠦ ᠤᠶᠢᠯᠠᠭᠠᠵᠦ ᠦᠯᠦ ᠪᠤᠯᠤᠨ᠎ᠠ᠃ ᠴᠢᠩ ᠤᠯᠤᠰ ᠤᠨ ᠦᠶ᠎ᠡ ᠠᠴᠠ ᠠᠪᠤᠭᠠᠳ ᠳᠤᠰ ᠵᠠᠭᠤᠨ ᠤ ᠳᠠᠪᠢᠭᠠᠳ | ᠤᠨ ᠪᠤᠯᠳᠠᠯ᠎ᠠ ᠶᠡᠭᠡ ᠵᠤᠤ᠂ ᠰᠢᠯᠢ ᠶᠢᠨ ᠭᠤᠤᠯ᠂ ᠤᠯᠠᠭᠠᠨᠴᠠᠪ ᠤᠨ ᠤᠯᠠᠨ ᠬᠤᠰᠢᠭᠤᠳ ᠪᠦᠷ ︽ᠬᠤᠰᠢᠭᠤ ᠶᠠᠮᠤᠨ ᠤ | ᠭᠠᠯ ᠳᠠᠬᠢᠵᠦ︾ ᠪᠠᠶᠢᠭᠰᠠᠨ ᠪᠦᠭᠡᠳ ᠬᠦᠭᠡᠴᠢ᠂ ᠵᠤᠯᠠᠴᠢ᠂ ᠵᠠᠳᠴᠢᠨ ᠭᠠᠯᠴᠢ ᠮᠡᠳᠦ ᠶᠢᠨ ᠴᠤᠯᠠ ᠲᠠᠢ ᠶᠠᠮᠤᠨ ᠤ ᠭᠠᠯ | ᠳᠠᠬᠢᠳᠠᠭ ᠳᠤᠰᠬᠠᠢ ᠠᠵᠢᠯ ᠳᠤᠰᠢᠶᠠᠯᠳᠠᠨ ᠢᠶᠠᠷ ᠭᠠᠯ ᠳᠠᠬᠢᠭᠤᠯᠵᠦ ᠪᠠᠶᠢᠵᠠᠢ᠃ | ᠰᠦᠮ᠎ᠡ ᠬᠡᠶᠢᠳ ᠤᠨ ᠳᠠᠬᠢᠯᠭ᠎ᠠ ᠭᠡᠳᠡᠭ ᠨᠢ ᠯᠠᠮᠠ ᠨᠠᠷ ᠳᠤᠭᠠᠩ ᠷᠠᠰᠠᠩ ᠳᠠᠭᠠᠨ ᠬᠤᠷᠠᠯ ᠬᠤᠷᠠᠵᠦ ᠳᠠᠬᠢᠳᠠᠭ | ᠭᠠᠯ ᠤᠨ ᠳᠠᠬᠢᠯᠭ᠎ᠠ᠃ ᠲᠦᠪᠡᠳ ᠤᠨ ᠰᠦᠮ᠎ᠡ ᠬᠡᠶᠢᠳ ᠲᠤ ᠭᠠᠯ ᠳᠠᠬᠢᠳᠠᠭ ᠵᠠᠩᠰᠢᠯ ᠦᠭᠡᠢ᠂ ᠬᠠᠷᠢᠨ ᠮᠤᠩᠭᠤᠯ | ᠰᠦᠮ᠎ᠡ ᠬᠡᠶᠢᠳ ᠲᠤ ᠭᠠᠯ ᠳᠠᠬᠢᠳᠠᠭ᠃ | ᠡᠭᠦᠨ ᠠᠴᠠ ᠪᠢᠳᠡ ᠲᠡᠤᠬᠡᠨ ᠠᠴᠠ ᠠᠪᠤᠭᠠᠳ ᠮᠤᠩᠭᠤᠯᠴᠦᠳ ᠪᠤᠯ ᠨᠡᠶᠢᠳᠡ ᠶᠢᠨ ᠭᠠᠯ ᠲᠠᠬᠢᠯᠭ᠎ᠠ ᠲᠠᠢ | ᠪᠠᠶᠢᠭᠰᠠᠨ ᠭᠡᠳᠡᠭ ᠢ ᠨᠤᠳᠠᠯᠠᠵᠦ ᠪᠤᠯᠬᠤ ᠪᠦᠭᠡᠳ ᠲᠦᠷᠦ ᠠᠴᠠ ᠲᠤᠭᠳᠠᠭᠠᠵᠦ ᠤᠯᠠᠨ ᠨᠡᠶᠢᠳᠡ ᠪᠠᠷ ᠢᠶᠠᠨ | ᠦᠨᠳᠦᠰᠦᠳᠡᠨ ᠤ ᠭᠠᠯ ᠭᠤᠯᠤᠮᠳᠠ ᠪᠠᠨ ᠲᠠᠬᠢᠳᠠᠭ ᠢ ᠮᠡᠳᠡᠵᠦ ᠪᠤᠯᠤᠨ᠎ᠠ᠃ | ᠦᠵᠦᠮᠦᠴᠢᠨ ᠤ ᠤᠯᠠᠮᠵᠢᠯᠠᠯᠳᠤ ᠨᠡᠶᠢᠳᠡ ᠶᠢᠨ ᠭᠠᠯ ᠲᠠᠬᠢᠯᠭ᠎ᠠ | ᠦᠵᠦᠮᠦᠴᠢᠨ ᠳᠤ ᠨᠡᠶᠢᠳᠡ ᠶᠢᠨ ᠭᠠᠯ ᠲᠠᠬᠢᠯᠭ᠎ᠠ ᠶᠢᠨ ᠤᠯᠠᠮᠵᠢᠯᠠᠯᠳᠦ ᠵᠠᠩ ᠦᠢᠯᠡ ᠪᠠᠶᠢᠭᠰᠠᠨ ᠤᠤ᠂ ᠦᠭᠡᠢ | ᠤᠤ︖ ᠭᠡᠪᠡᠯ᠂ ᠪᠠᠶᠢᠭᠰᠠᠨ ᠨᠢ ᠲᠡᠤᠬᠡ ᠶᠢᠨ ᠲᠤᠲᠤᠷᠬᠠᠢ ᠤᠴᠢᠷ ᠶᠠᠪᠤᠳᠠᠯ ᠪᠤᠯᠬᠤ ᠪᠦᠭᠡᠳ ᠮᠠᠷᠭᠤᠰᠢ ᠦᠭᠡᠢ ᠶᠤᠮ᠃ | ᠲᠡᠭᠡᠷᠡᠬᠢ ᠲᠡᠤᠬᠡᠨ ᠡᠰᠢ ᠪᠠᠷᠢᠮᠳᠠ ᠠᠴᠠ ᠦᠵᠡᠬᠦ ᠳᠤ᠂ ᠮᠤᠩᠭᠤᠯᠴᠦᠳ ᠠᠯᠢ ᠡᠷᠳᠡ ᠠᠴᠠ ᠨᠡᠶᠢᠳᠡ ᠶᠢᠨ ᠭᠠᠯ | ᠲᠠᠬᠢᠯᠭ᠎ᠠ ᠲᠠᠢ ᠪᠠᠶᠢᠭᠰᠠᠨ ᠪᠦᠭᠡᠳ ᠴᠢᠩᠭᠢᠰ ᠬᠠᠭᠠᠨ ᠮᠤᠩᠭᠤᠯ ᠦᠨᠳᠦᠰᠦᠲᠡᠨ ᠤ ᠨᠡᠶᠢᠳᠡ ᠶᠢᠨ ᠭᠠᠯ | ᠲᠠᠬᠢᠯᠭ᠎ᠠ ᠶᠢᠨ ᠶᠤᠰᠤᠨ ᠢ ᠪᠤᠢ ᠪᠤᠯᠭᠠᠵᠦ᠂ ᠦᠭᠡᠳᠡᠢ ᠬᠤᠪᠢᠯᠠᠢ ᠬᠠᠭᠠᠨ ᠤ ᠦᠶ᠎ᠡ ᠳᠤ ᠲᠡᠭᠦᠯᠳᠡᠷᠵᠢᠭᠦᠯᠦᠭᠰᠡᠨ | ᠮᠦᠷᠳᠡᠭᠡᠨ ᠴᠢᠩ ᠤᠯᠤᠰ ᠤᠨ ᠦᠶ᠎ᠡ᠂ ᠲᠤᠮᠳᠠᠳᠤ ᠢᠷᠭᠡᠨ ᠤᠯᠤᠰ ᠤᠨ ᠦᠶ᠎ᠡ ᠳᠤ ᠬᠦᠷᠳᠡᠯ᠎ᠡ ᠬᠠᠳᠠᠭᠠᠯᠠᠨ | ᠤᠯᠠᠮᠵᠢᠯᠠᠭᠰᠠᠨ ᠪᠠᠶᠢᠨ᠎ᠠ᠃ ᠦᠵᠦᠮᠦᠴᠢᠨ ᠮᠤᠩᠭᠤᠯᠴᠤᠳ ᠨᠢ ᠲᠤᠯᠤᠢ ᠡᠵᠡᠨ ᠤ ᠦᠷ᠎ᠡ ᠬᠤᠶᠢᠴᠢᠰ ᠪᠤᠶᠤ ᠠᠯᠪᠠᠳᠤ | ᠬᠠᠷᠢᠶᠠᠳᠤ ᠠᠷᠠᠳ ᠪᠤᠯᠤᠭᠰᠠᠨ ᠤ ᠬᠤᠪᠢ ᠳᠤ᠂ ᠴᠢᠩᠭᠢᠰ ᠬᠠᠭᠠᠨ ᠤ ᠨᠡᠶᠢᠳᠡ ᠶᠢᠨ ᠭᠠᠯ ᠲᠠᠬᠢᠯᠭ᠎ᠠ ᠶᠢ | ᠤᠯᠠᠮᠵᠢᠯᠠᠭᠰᠠᠭᠠᠷ ᠢᠷᠡᠭᠰᠡᠨ ᠨᠢ ᠲᠡᠤᠬᠡ ᠦᠨᠡᠨ ᠤᠴᠢᠷ ᠶᠠᠪᠤᠳᠠᠯ ᠭᠡᠳᠡᠭ ᠢ ᠤᠯᠠᠨ ᠲᠠᠯ᠎ᠠ ᠪᠠᠷ ᠭᠡᠷᠡᠴᠢᠯᠡᠵᠦ | ᠪᠠᠶᠢᠳᠠᠭ᠃ | ᠲᠡᠭᠢᠪᠡᠯ᠂ ᠦᠵᠦᠮᠦᠴᠢᠨ ᠮᠤᠩᠭᠤᠯᠴᠦᠳ ᠲᠤ ︽ᠤᠷᠳᠤᠨ ᠰᠦᠯᠳᠡ︾᠂ ︽ᠶᠠᠮᠤᠨ ᠰᠦᠯᠳᠡ︾᠂ ︽ᠬᠦᠳᠡᠭᠡ | ᠰᠦᠯᠳᠡ︾ ᠭᠡᠬᠦ ᠲᠠᠬᠢᠯᠭ᠎ᠠ ᠶᠢᠨ ᠭᠤᠷᠪᠠᠨ ᠰᠢᠳᠦᠭᠡᠨ ᠲᠠᠢ ᠪᠠᠶᠢᠭᠰᠠᠨ ᠢ ᠪᠠᠷᠠᠭᠤᠨ ᠦᠵᠦᠮᠦᠴᠢᠨ ᠬᠤᠰᠢᠭᠤᠨ ᠤ | ᠸᠠᠩ ᠨᠤᠶᠠᠨ ᠤ ᠤᠭᠰᠠᠭ᠎ᠠ ᠪᠤᠯᠬᠤ ᠪᠤᠷᠵᠢᠭᠢᠨ ᠨᠠ᠊ · ᠲᠠᠮᠷᠢᠨᠵᠠᠪ ᠤᠨ ︽ᠤᠤᠯ ᠤᠨ ᠪᠠᠷᠠᠭᠤᠨ ᠦᠵᠦᠮᠦᠴᠢᠨ | ᠬᠤᠰᠢᠭᠤᠨ ᠤ ᠰᠦᠯᠳᠡ ᠲᠠᠬᠢᠬᠤ ᠲᠤᠬᠠᠢ︾᠂ ᠵᠡᠭᠦᠨ ᠦᠵᠦᠮᠦᠴᠢᠨ ᠬᠤᠰᠢᠭᠤᠨ ᠤ ᠸᠠᠩ ᠤᠨ ᠲᠦᠷᠦᠯ ᠪᠤᠯᠬᠤ | ᠪᠤᠷᠵᠢᠭᠢᠨ ᠸ᠊᠂ ᠨᠠᠮᠵᠢᠯᠰᠦ᠋ᠷᠦᠩ ᠤᠨ ︽ᠦᠵᠦᠮᠦᠴᠢᠨ ᠪᠠᠶᠢᠯ᠎ᠡ ᠶᠢᠨ ᠬᠤᠰᠢᠭᠤᠨ ᠤ ᠰᠦᠯᠳᠡ ᠲᠠᠬᠢᠯᠭ᠎ᠠ︾ ᠭᠡᠬᠦ | ᠦᠭᠦᠯᠡᠯ ᠤᠳ ᠨᠠᠷᠢᠨ ᠭᠡᠷᠡᠴᠢᠯᠡᠨ ᠲᠤᠲᠤᠷᠬᠠᠶᠢᠯᠠᠭᠰᠠᠨ ᠪᠠᠶᠢᠳᠠᠭ᠃ ᠡᠳᠡᠭᠡᠷ ᠰᠢᠳᠦᠭᠡᠨ ᠲᠠᠬᠢᠯᠭ᠎ᠠ ᠨᠢ ᠵᠢᠯ | ᠪᠦᠷᠢ ᠶᠢᠨ ᠯᠠ ᠰᠠᠷ᠎ᠠ ᠶᠢᠨ ᠬᠤᠷᠢᠨ ᠭᠤᠷᠪᠠᠨ ᠤ ᠡᠳᠦᠷ ᠶᠠᠪᠤᠭᠳᠠᠳᠠᠭ ᠵᠤᠷᠰᠢᠯ ᠲᠠᠢ ᠶᠤᠮ᠃ ᠡᠭᠦᠨ ᠳᠤ | ᠦᠵᠦᠮᠦᠴᠢᠨ ᠤ ︽ᠬᠦᠳᠡᠭᠡ ᠰᠦᠯᠳᠡ︾ ᠪᠤᠯ ᠴᠢᠩᠭᠢᠰ ᠬᠠᠭᠠᠨ ᠤ ᠲᠠᠬᠢᠯᠭ᠎ᠠ ᠪᠤᠯᠬᠤᠷ ︽ᠰᠦᠯᠳᠡ ᠶᠢᠨ ᠵᠠᠩᠬᠢ︾ | ᠭᠡᠬᠦ ᠲᠤᠰᠢᠶᠠᠯ ᠲᠠᠢ ᠬᠦᠮᠦᠨ ᠠᠯᠢᠪᠠ ᠲᠠᠬᠢᠯᠭ᠎ᠠ ᠶᠢᠨ ᠵᠠᠩ ᠦᠢᠯᠡ ᠶᠢ ᠡᠷᠬᠢᠯᠡᠨ ᠬᠢᠳᠡᠭ ᠢᠶᠠᠷ ᠬᠤᠰᠢᠭᠤ ᠲᠠᠶᠠᠭᠠᠷ | ᠸᠠᠩ ᠨᠤᠶᠠᠨ ᠲᠡᠷᠢᠭᠦᠯᠡᠨ ᠵᠡᠷᠭᠡ ᠵᠢᠩᠰᠡᠳᠡᠳ᠂ ᠬᠠᠷᠠᠴᠤ ᠠᠷᠠᠳ ᠤᠳ ᠤᠯᠠᠨ ᠨᠡᠶᠢᠳᠡ ᠪᠠᠷ ᠤᠷᠤᠯᠴᠠᠭᠰᠠᠨ | ᠬᠠᠮᠳᠤ ᠶᠢᠨ ᠰᠦᠯᠳᠡ ᠲᠠᠬᠢᠯᠭ᠎ᠠ ᠪᠤᠯᠤᠨ ᠭᠠᠯ ᠲᠠᠬᠢᠯᠭ᠎ᠠ ᠶᠢ ᠡᠷᠬᠢᠯᠡᠵᠦ ᠪᠠᠶᠢᠵᠠᠢ᠃ ᠡᠨᠡ ᠪᠦᠬᠦᠨ ᠢ ᠤᠳᠤ ᠶᠢᠨ | ᠪᠠᠷᠠᠭᠤᠨ ᠦᠵᠦᠮᠦᠴᠢᠨ ᠬᠤᠰᠢᠭᠤᠨ ᠤ ᠬᠦᠳᠡᠭᠡ ᠰᠦᠯᠳᠡ ᠶᠢᠨ ᠭᠠᠯ ᠲᠠᠬᠢᠯᠭ᠎ᠠ ᠶᠢ ᠤᠯᠠᠮᠵᠢᠯᠠᠨ ᠰᠡᠷᠭᠦᠭᠡᠭᠰᠡᠨ | ᠦᠢᠯᠡ ᠶᠠᠪᠤᠳᠠᠯ ᠭᠡᠷᠡᠴᠢᠯᠡᠵᠦ ᠪᠤᠢ᠃ ᠡᠭᠦᠨ ᠠᠴᠠ ᠦᠵᠦᠮᠦᠴᠢᠨ ᠤ ᠤᠯᠠᠨ ᠨᠡᠶᠢᠳᠡ ᠶᠢᠨ ᠭᠠᠯ ᠲᠠᠬᠢᠯᠭ᠎ᠠ ᠪᠤᠯ | ᠴᠢᠩᠭᠢᠰ ᠬᠠᠭᠠᠨ ᠤ ᠭᠠᠯ ᠭᠤᠯᠤᠮᠳᠠ ᠶᠢᠨ ᠲᠠᠬᠢᠯᠭ᠎ᠠ ᠪᠤᠯᠬᠤ ᠬᠦᠳᠡᠭᠡ ᠰᠦᠯᠳᠡ ᠶᠢᠨ ᠭᠠᠯ ᠲᠠᠬᠢᠯᠭ᠎ᠠ ᠮᠦᠨ | ᠪᠤᠯᠬᠤ ᠶᠢ ᠬᠠᠷᠠᠭᠤᠯᠤᠨ᠎ᠠ᠃ ᠵᠡᠭᠦᠨ ᠦᠵᠦᠮᠦᠴᠢᠨ ᠤ ᠭᠠᠯ ᠲᠠᠬᠢᠯᠭ᠎ᠠ ᠪᠤᠯ ᠮᠦᠨ ᠬᠦᠳᠡᠭᠡ ᠰᠦᠯᠳᠡ ᠶᠢᠨ ᠭᠠᠯ | ᠲᠠᠬᠢᠯᠭ᠎ᠠ᠂ ᠲᠠᠷᠦᠢ ᠮᠤᠩᠭᠤᠯᠴᠦᠳ ᠤᠨ ᠨᠡᠶᠢᠳᠡ ᠶᠢᠨ ᠭᠠᠯ ᠲᠠᠬᠢᠯᠭ᠎ᠠ ᠪᠤᠯᠬᠤ ᠶᠢ ᠮᠦᠷᠳᠡᠨ ᠰᠡᠷᠭᠦᠭᠡᠭᠰᠡᠨ ᠶᠤᠮ᠃ | ᠤᠳᠤ ᠶᠢᠨ ᠬᠡᠷᠡᠭᠯᠡᠵᠦ ᠪᠠᠶᠢᠭ᠎ᠠ ︽ᠭᠠᠯ ᠤᠨ ᠲᠠᠬᠢᠯᠭ᠎ᠠ ᠶᠢᠨ ᠰᠠᠩ︾ ᠪᠤᠯ ᠮᠤᠩᠭᠤᠯ ᠨᠡᠶᠢᠳᠡ ᠶᠢᠨ ᠭᠠᠯ ᠲᠠᠬᠢᠯᠭ᠎ᠠ | ᠵᠢᠨᠰᠠᠩ ᠪᠤᠯᠬᠤ ᠶᠤᠮ᠃ ᠭᠠᠯ ᠲᠠᠬᠢᠯᠭ᠎ᠠ ᠶᠢᠨ ᠰᠠᠩ ᠳᠤ᠄ ︽ᠰᠤᠳᠤ ᠪᠤᠭᠳᠠ ᠶᠢᠨ ᠴᠠᠬᠢᠭᠰᠠᠨ᠂ ᠰᠤᠳᠠᠢ ᠬᠠᠳᠤᠨ ᠡᠬᠡ | ᠶᠢᠨ ᠦᠯᠢᠶᠡᠭᠰᠡᠨ︾᠂ ︽ᠡᠵᠡᠨ ᠪᠤᠭᠳᠠ ᠶᠢᠨ ᠴᠠᠬᠢᠭᠰᠠᠨ᠂ ᠡᠰᠢ ᠬᠠᠳᠤᠨ ᠤ ᠬᠠᠳᠠᠭᠠᠯᠠᠭᠰᠠᠨ︾ ᠭᠡᠵᠦ ᠭᠠᠷᠳᠠᠭ ᠨᠢ | ᠴᠢᠩᠭᠢᠰ ᠬᠠᠭᠠᠨ ᠤ ᠮᠤᠩᠭᠤᠯ ᠤᠨᠨᠡᠶᠢᠳᠡ ᠶᠢᠨ ᠭᠠᠯ ᠲᠠᠬᠢᠯᠭ᠎ᠠ ᠪᠠᠶᠢᠵᠦ᠂ ᠴᠢᠩᠭᠢᠰ ᠬᠠᠭᠠᠨ ᠪᠤᠶᠤ ᠪᠦᠷᠳᠡ ᠬᠠᠳᠤᠨ | ᠪᠤᠯ ᠮᠤᠩᠭᠤᠯ ᠤᠨ ᠭᠠᠯ ᠲᠠᠬᠢᠯᠭ᠎ᠠ ᠶᠢᠨ ᠡᠵᠡᠨ ᠪᠤᠶᠤ ᠰᠢᠳᠦᠭᠡᠨ ᠪᠤᠯᠤᠭᠰᠠᠨ ᠨᠢ ᠲᠤᠲᠤᠷᠬᠠᠢ ᠪᠠᠶᠢᠨ᠎ᠠ᠃ | ᠰᠦᠯᠳᠡ ᠶᠢᠨ ᠲᠠᠬᠢᠯᠭ᠎ᠠ ᠪᠠ ᠭᠠᠯ ᠲᠠᠬᠢᠯᠭ᠎ᠠ ᠨᠢ ᠶᠠᠮᠠᠷ ᠬᠠᠷᠢᠴᠠᠭ᠎ᠠ ᠲᠠᠢ ᠪᠤᠢ︖ ᠭᠡᠪᠡᠯ᠂ ᠡᠵᠡᠨ ᠰᠦᠯᠳᠡ | ᠪᠤᠯᠤᠨ ᠲᠡᠭᠦᠨ ᠤ ᠴᠤᠭᠴᠠᠯᠠᠭᠰᠠᠨ ᠮᠤᠩᠭᠤᠯ ᠤᠭᠰᠠᠭᠠᠳᠠᠨ ᠤ ᠭᠠᠯ ᠭᠤᠯᠤᠮᠳᠠ ᠶᠢᠨ ᠨᠢᠭᠳᠠ ᠬᠠᠷᠢᠴᠠᠭ᠎ᠠ᠂ ᠲᠠᠷᠤᠢ | ᠰᠦᠯᠳᠡ ᠪᠤᠯᠤᠨ ᠭᠠᠯ ᠭᠤᠯᠤᠮᠳᠠ ᠶᠢᠨ ᠬᠠᠷᠢᠴᠠᠭ᠎ᠠ ᠪᠤᠯᠬᠤ ᠶᠤᠮ᠃ ᠭᠠᠯ ᠭᠠᠯᠢᠬᠠᠨ ᠡᠬᠡ ᠲᠡᠭᠷᠢ ᠪᠤᠯ ᠪᠦᠬᠡ | ᠮᠦᠷᠭᠦᠯ ᠤᠨ ᠶᠡᠷᠡ ᠶᠢᠰᠦᠨ ᠲᠡᠭᠷᠢ ᠶᠢᠨ ᠨᠢᠭᠡ ᠪᠤᠯᠬᠤ ᠪᠦᠭᠡᠳ ᠭᠠᠯ ᠤᠨ ᠡᠵᠡᠨ ᠲᠡᠭᠷᠢ ᠪᠤᠯᠬᠤ ᠶᠤᠮ᠃ ︽ᠴᠢᠩᠭᠢᠰ | ᠬᠠᠭᠠᠨ ᠤ ᠶᠢᠰᠦᠨ ᠭᠦᠭᠦᠯᠳᠦ ᠴᠠᠭᠠᠨ ᠲᠤᠭ ᠢ ᠡᠨᠡ ᠲᠡᠭᠷᠢ ᠵᠠᠶᠠᠭᠠᠭᠰᠠᠨ ᠭᠡᠳᠡᠭ︾ ᠭᠡᠵᠦ ᠯ᠊ · ᠬᠤᠷᠴᠠᠪᠠᠭᠠᠳᠤᠷ | ᠭᠤᠸᠠᠢ ︽ᠬᠠᠳᠠᠬᠢᠨ ᠠᠷᠪᠠᠨ ᠭᠤᠷᠪᠠᠨ ᠠᠳᠠᠭ᠎ᠠ ᠲᠡᠭᠷᠢ ᠶᠢᠨ ᠲᠠᠬᠢᠯᠭ᠎ᠠ︾ ᠬᠡᠬᠦ ᠨᠤᠮ ᠳᠠᠭᠠᠨ ᠲᠡᠮᠳᠡᠭᠯᠡᠵᠡᠢ᠃ | ᠡᠭᠦᠨ ᠢᠶᠠᠷ᠂ ᠴᠠᠭᠠᠨ ᠰᠦᠯᠳᠡ ᠶᠢᠨ ᠲᠠᠬᠢᠯᠭ᠎ᠠ ᠳᠤ ᠭᠠᠯ ᠤᠨ ᠲᠠᠬᠢᠯᠭᠠᠨᠢ ᠪᠠᠰᠠ ᠨᠢᠭᠡᠨ ᠭᠤᠤᠯ ᠲᠠᠶᠢᠯᠭ᠎ᠠ ᠪᠤᠯᠳᠠᠭ | ᠪᠦᠭᠡᠳ ᠭᠠᠯ ᠭᠤᠯᠤᠮᠳᠠ ᠶᠢᠨ ᠪᠠᠳᠠᠷᠠᠯ ᠬᠦᠭᠵᠢᠯ᠂ ᠦᠨᠳᠦᠰᠦᠳᠡᠨ ᠦᠭᠡᠳᠡᠯᠡᠨ ᠮᠠᠨᠳᠤᠬᠤ ᠶᠢᠨ ᠵᠦᠩᠨᠡᠯ ᠪᠤᠯᠵᠦ | ᠪᠠᠶᠢᠳᠠᠭ ᠤᠴᠢᠷ ᠲᠠᠢ᠃ | ᠤᠳᠤᠬᠠᠨ ᠤ ᠨᠡᠶᠢᠳᠡ ᠶᠢᠨ ᠭᠠᠯ ᠲᠠᠬᠢᠯᠭ᠎ᠠ | ᠲᠡᠬᠡᠷ᠎ᠠ ᠭᠠᠯ ᠲᠠᠬᠢᠯᠭ᠎ᠠ ᠳᠤ ᠠᠶᠢᠯ ᠡᠷᠦᠬᠡ ᠶᠢᠨ ᠭᠠᠯ ᠲᠠᠬᠢᠯᠭ᠎ᠠ᠂ ᠠᠯᠪᠠᠨ ᠭᠠᠯ ᠲᠠᠬᠢᠯᠭ᠎ᠠ᠂ ᠰᠦᠮ᠎ᠡ | ᠬᠡᠶᠢᠳ ᠤᠨ ᠭᠠᠯ ᠲᠠᠬᠢᠯᠭ᠎ᠠ ᠭᠡᠬᠦ ᠭᠤᠷᠪᠠᠨ ᠵᠦᠢᠯ ᠪᠠᠶᠢᠳᠠᠭ ᠬᠡᠰᠡᠨ ᠢ ᠲᠡᠤᠭᠡᠨ ᠮᠠᠲ᠋ᠧᠷᠢᠶᠠᠯ ᠠᠴᠠ ᠡᠰᠢ ᠲᠠᠳᠠᠨ | ᠨᠤᠳᠠᠯᠠᠪᠠ᠃ ᠲᠡᠬᠡᠬᠦ ᠪᠠᠷ᠂ ᠨᠡᠶᠢᠳᠡ ᠶᠢᠨ ᠭᠠᠯ ᠲᠠᠬᠢᠯᠭ᠎ᠠ ᠨᠢ ᠲᠡᠤᠬᠡ ᠶᠢᠨ ᠦᠨᠳᠦᠰᠦᠯᠡᠯ ᠲᠠᠢ ᠶᠤᠮ᠃ | ᠤᠢᠢᠷ᠎ᠠ ᠶᠢᠨ ᠵᠢᠯ ᠤᠳ ᠲᠤ᠂ ᠮᠠᠨ ᠤ ᠤᠷᠤᠨ ᠤ ᠤᠯᠠᠩᠬᠢ ᠠᠶᠢᠮᠠᠬ ᠬᠤᠳᠠ᠂ ᠬᠤᠰᠢᠭᠤ ᠰᠢᠶᠡᠨ ᠨᠢ ᠯᠠ | ᠰᠠᠷ᠎ᠠ ᠶᠢᠨ ᠬᠤᠷᠢᠨ ᠭᠤᠷᠪᠠᠨ ᠳᠤ ᠨᠡᠶᠢᠳᠡ ᠶᠢᠨ ᠭᠠᠯ ᠲᠠᠬᠢᠯᠭ᠎ᠠ ᠶᠢ ᠵᠤᠬᠢᠶᠠᠨ ᠪᠠᠶᠢᠭᠤᠯᠵᠦ ᠪᠠᠶᠢᠨ᠎ᠠ᠃ ᠨᠡᠶᠢᠳᠡ ᠶᠢᠨ | ᠭᠠᠯ ᠲᠠᠬᠢᠯᠭ᠎ᠠ ᠶᠢᠨ ᠦᠷᠨᠢᠬᠦ ᠶᠢ ᠲᠠᠭᠠᠯᠳᠤᠨ᠂ ᠡᠨᠡᠬᠦ ᠦᠵᠡᠭᠳᠡᠯ ᠤᠨ ᠲᠤᠬᠠᠢ ᠮᠠᠷᠭᠤᠭᠠᠨ ᠴᠤ ᠶᠡᠬᠡᠬᠡᠨ ᠭᠠᠵᠠᠷ | ᠠᠪᠴᠦ ᠪᠤᠢ᠃ ᠵᠠᠷᠢᠮ ᠪᠦᠯᠦᠭ ᠬᠦᠮᠦᠰ ︽ᠲᠡᠤᠬᠡᠨ ᠳᠤ ᠨᠡᠶᠢᠳᠡ ᠶᠢᠨ ᠭᠠᠯ ᠲᠠᠬᠢᠯᠭ᠎ᠠ ᠭᠡᠵᠦ ᠪᠠᠶᠢᠭᠰᠠᠨ ᠦᠭᠡᠢ᠂ | ᠵᠠᠰᠠᠭ ᠤᠨ ᠭᠠᠯ ᠲᠠᠬᠢᠯᠭ᠎ᠠ ᠭᠡᠵᠦ ᠨᠡᠩ ᠴᠤ ᠪᠠᠶᠢᠭᠰᠠᠨ ᠦᠭᠡᠢ︾ ᠭᠡᠬᠦ ᠪᠤᠶᠤ ︽ᠠᠶᠢᠯ ᠡᠷᠦᠬᠡ ᠶᠢᠨ ᠭᠠᠯ ᠲᠠᠬᠢᠯᠭ᠎ᠠ | ᠭᠡᠵᠦ ᠪᠠᠶᠢᠳᠠᠭ ᠠᠴᠠ ᠪᠢᠰᠢ᠂ ᠨᠡᠶᠢᠳᠡ ᠶᠢᠨ ᠭᠠᠯ ᠲᠠᠬᠢᠯᠭ᠎ᠠ ᠭᠡᠵᠦ ᠶᠡᠷᠦᠨᠢ ᠪᠠᠶᠢᠳᠠᠭ ᠦᠬᠡᠢ᠃ ᠮᠤᠩᠭᠤᠯᠴᠤᠳ | ᠬᠠᠷᠢᠯᠠᠬᠰᠠᠨ ᠬᠡᠤᠭᠡᠨ ᠢᠶᠠᠨ ᠴᠦ ᠭᠠᠯ ᠲᠠᠬᠢᠯᠭ᠎ᠠ ᠳᠤ ᠤᠷᠤᠯᠴᠠᠭᠤᠯᠳᠠᠭ ᠦᠬᠡᠢ᠂ ᠬᠠᠮᠢᠭ᠎ᠠ ᠠᠴᠠ ᠢᠷᠡᠭᠰᠡᠨ ᠤᠯᠠᠨ | ᠨᠡᠶᠢᠳᠡ ᠶᠢᠨ ᠲᠠᠬᠢᠯᠭ᠎ᠠ ᠪᠤᠢ︖ ᠤᠯᠠᠮᠵᠢᠯᠠᠯ ᠢ ᠭᠠᠵᠢᠭᠤᠳᠠᠭᠤᠯᠵᠦ ᠪᠠᠶᠢᠨ᠎ᠠ︾ ᠬᠡᠬᠦ ᠵᠡᠷᠬᠡ ᠪᠠᠷ ᠮᠠᠷᠭᠤᠯᠳᠤᠵᠦ | ᠪᠠᠶᠢᠨ᠎ᠠ᠃ ᠮᠤᠩᠭᠤᠯᠴᠤᠳ ᠤᠨ ᠭᠠᠯ ᠲᠠᠬᠢᠯᠭ᠎ᠠ ᠶᠢᠨ ᠰᠤᠶᠤᠯ ᠨᠢ ᠭᠠᠯ ᠭᠤᠯᠤᠮᠳᠠ ᠪᠠᠨ ᠲᠡᠬᠡᠵᠢᠯᠡᠨ᠂ ᠠᠵᠢᠯ ᠬᠡᠷ ᠤᠨ | ᠦᠬᠡᠳᠡ ᠡᠰᠡᠷᠡᠭ ᠢᠶᠠᠨ ᠲᠠᠭᠠᠳᠬᠠᠨ᠂ ᠰᠠᠶᠢᠨ ᠰᠠᠶᠢᠬᠠᠨ ᠢ ᠵᠦᠩᠨᠡᠨ ᠪᠡᠯᠭᠡᠳᠡᠭᠰᠡᠨ ᠮᠤᠩᠭᠤᠯ ᠤᠬᠠᠭᠠᠨ ᠪᠤᠯᠬᠤ ᠶᠤᠮ᠃ | | ᠤᠳᠤᠬᠠᠨ ᠤ ᠡᠯ᠎ᠠ ᠭᠠᠵᠠᠷ ᠤᠨ ᠵᠠᠰᠠᠭ ᠤᠨ ᠤᠷᠳᠤᠨ᠂ ᠬᠠᠮᠢᠶ᠎ᠠ ᠪᠦᠬᠦᠢ ᠪᠠᠶᠢᠭᠤᠯᠤᠯᠭ᠎ᠠ ᠨᠢᠬᠡᠴᠡ ᠠᠴᠠ | ᠡᠷᠬᠢᠯᠡᠵᠦ ᠪᠠᠶᠢᠭ᠎ᠠ ᠨᠡᠶᠢᠳᠡ ᠶᠢᠨ ᠭᠠᠯ ᠲᠠᠬᠢᠯᠭ᠎ᠠ ᠶᠢ ᠤᠯᠠᠮᠵᠢᠯᠠᠯᠳᠦ ᠨᠡᠶᠢᠳᠡ ᠶᠢᠨ ᠭᠠᠯ ᠲᠠᠬᠢᠯᠭ᠎ᠠ ᠶᠢᠨ ᠤᠯᠠᠮᠵᠢᠯᠠᠯ | ᠬᠡᠮᠡᠨ ᠦᠵᠡᠵᠦ ᠪᠤᠯᠬᠤ ᠪᠦᠭᠡᠳ ᠡᠨᠡ ᠨᠢ ᠤᠯᠠᠮᠵᠢᠯᠠᠯᠳᠦ ᠠᠷᠭ᠎ᠠ ᠪᠠᠷ ᠭᠠᠯ ᠢᠶᠠᠨ ᠲᠠᠬᠢᠬᠤ ᠨᠦᠬᠦᠴᠡᠯ ᠪᠤᠯᠤᠮᠵᠢ ᠪᠠᠷ | ᠠᠨᠠᠢᠬᠠᠨ ᠬᠤᠳᠠ ᠶᠢᠨ ᠮᠤᠩᠭᠤᠯᠴᠤᠳ ᠲᠤ ᠤᠯᠠᠮᠵᠢᠯᠠᠯᠳᠦ ᠶᠤᠰᠦ ᠵᠠᠩᠰᠢᠯ᠂ ᠰᠢᠳᠦᠯᠬᠡ ᠪᠢᠰᠢᠷᠡᠯ ᠢᠶᠠᠨ ᠬᠦᠢᠴᠡᠳᠬᠡᠬᠦ | ᠨᠦᠬᠦᠴᠡᠯ ᠪᠤᠯᠤᠮᠵᠢ ᠬᠠᠨᠭ᠍ᠭᠠᠬᠤ ᠶᠢᠨ ᠬᠠᠮᠳᠦ᠂ ᠨᠤᠳᠤᠭ ᠤᠰᠤ ᠪᠠᠨ ᠭᠠᠯ ᠤᠨ ᠰᠤᠷ ᠰᠢᠭ᠋ ᠬᠦᠭᠵᠢᠨ ᠮᠠᠨᠳᠦᠨ᠂ | ᠠᠷᠠᠳ ᠲᠦᠮᠡᠨ ᠠᠮᠤᠷ ᠲᠠᠶᠢᠪᠤᠩ ᠪᠠᠶᠢᠬᠤ ᠶᠢ ᠵᠦᠡᠭᠨᠠᠨ ᠪᠡᠯᠬᠡᠳᠡᠵᠦ ᠪᠠᠶᠢᠭ᠎ᠠ ᠬᠡᠮᠡᠨ ᠤᠢᠢᠯᠠᠭᠠᠵᠦ ᠪᠤᠯᠤᠨ᠎ᠡ᠃ | ᠦᠨᠳᠦᠰᠦᠳᠡᠨ ᠤ ᠬᠢ ᠪᠠᠨ ᠤᠯᠠᠮᠵᠢᠯᠠᠳᠦ ᠰᠤᠶᠤᠯ ᠵᠶ᠋ᠠᠨᠤᠢᠢᠯᠠᠭᠠᠨ ᠮᠡᠳᠡᠵᠦ᠂ ᠤᠯᠠᠮᠵᠢᠯᠠᠨ ᠬᠦᠭᠵᠢᠬᠦᠯᠬᠦ ᠶᠢᠨ | ᠬᠠᠮᠳᠦ᠂ ᠤᠷᠤᠰᠢᠨ ᠲᠤᠭᠳᠠᠨᠢᠵᠦ ᠪᠦᠬᠦᠢ ᠨᠡᠶᠢᠬᠡᠮ ᠠᠬᠤᠢ ᠳᠠᠭᠠᠨ ᠵᠤᠬᠢᠴᠠᠭᠤᠯᠤᠨ ᠬᠦᠭᠵᠢᠬᠦᠯᠬᠦ ᠨᠢ ᠤᠯᠠᠮᠵᠢᠯᠠᠯᠳᠦ | ᠰᠤᠶᠤᠯ ᠤᠨ ᠬᠦᠭᠵᠢᠯᠳᠡ ᠶᠢᠨ ᠵᠠᠶᠢᠯᠠᠰᠢ ᠦᠭᠡᠢ ᠵᠠᠮ ᠪᠤᠯᠬᠤ ᠶᠤᠮ᠃ ︵ᠤᠷᠢᠶᠠᠩᠬᠠᠨ ᠶᠣᠨᠳᠣᠨ︶ | |