| ᠡᠵᠡᠨ ᠲᠦᠷᠦ ᠶᠢᠨ ᠠᠰᠢᠭ ᠲᠤᠰᠠ ᠶᠢ ᠲᠡᠷᠢᠭᠦᠨ ᠪᠠᠶᠢᠷᠢᠨ ᠳᠤ ᠲᠠᠯᠪᠢᠵᠤ᠂ ᠲᠦᠭᠰᠢᠭᠦᠷᠢᠳᠦ ᠮᠦᠴᠡ ᠳᠤ | ᠠᠮᠢ ᠪᠡᠶ᠎ᠡ ᠪᠠᠨ ᠴᠦᠯᠡᠳᠡᠭ᠂ ᠪᠠᠭ᠎ᠠ ᠶᠢ ᠲᠡᠪᠴᠢᠵᠦ᠂ ᠶᠡᠭᠡ ᠶᠢ ᠬᠠᠷᠠᠭᠠᠯᠵᠡᠨ᠂ ᠡᠶ᠎ᠡ ᠪᠦᠯᠬᠦᠮᠳᠡᠯ ᠢ ᠡᠷᠬᠢᠮᠯᠡᠳᠡᠭ᠃ | ᠪᠤᠳᠠᠳᠠᠢ ᠳᠤ ᠬᠠᠨᠳᠤᠨ᠂ ᠲᠡᠭᠷᠢ ᠶᠢᠨ ᠵᠠᠶᠠᠭ᠎ᠠ ᠭᠡᠬᠦ ᠦᠵᠡᠯᠳᠡ ᠶᠢ ᠰᠡᠵᠢᠭᠯᠡᠨ᠂ ᠬᠦᠮᠦᠨ ᠤ ᠬᠦᠴᠦ ᠤᠬᠠᠭᠠᠨ ᠢ | ᠢᠳᠡᠭᠡᠭᠦ ᠦᠵᠡᠯ ᠰᠠᠨᠠᠭ᠎ᠠ ᠪᠣᠯ ᠬᠠᠰᠠᠷ ᠤᠨ ᠭᠤᠣᠯ ᠦᠵᠡᠯ ᠰᠠᠨᠠᠭ᠎ᠠ ᠪᠣᠯᠤᠨ᠎ᠠ᠃ | ᠴᠢᠩᠭᠢᠰ ᠪᠣᠯ ᠡᠷᠳᠡᠨ ᠤ ᠪᠦᠬᠡ ᠶᠢᠨ ᠱᠠᠰᠢᠨ ᠢ ᠰᠢᠳᠦᠳᠡᠭ᠃ ᠨᠡᠩ ᠢᠯᠡᠩᠭᠤᠶ᠎ᠠ ᠮᠡᠩᠭᠡᠯᠢᠭ ᠡᠴᠢᠭᠡ ᠶᠢᠨ | ᠬᠦᠦ ᠬᠦᠭᠡᠴᠦ ᠪᠦᠬᠡ ᠲᠡᠭᠷᠢ ᠶᠢ ᠲᠦᠯᠦᠭᠡᠯᠡᠵᠦ ᠦᠭᠡ ᠶᠠᠷᠢᠳᠠᠭ᠂ ᠶᠠᠭᠤ ᠶᠠᠷᠢᠯ᠎ᠠ ᠴᠤ ᠲᠡᠭᠦᠨ ᠤ ᠵᠢᠭᠠᠪᠤᠷᠢ ᠪᠠᠷ | ᠪᠣᠯᠳᠠᠭ᠃ ᠴᠢᠩᠭᠢᠰ ᠪᠣᠯ ᠡᠭᠦᠨ ᠢ ᠢᠳᠡᠭᠡᠨ᠎ᠡ᠃ ᠬᠡᠪᠡᠴᠦ ᠬᠠᠰᠠᠷ ᠪᠣᠯ ᠢᠩᠭᠢᠵᠦ ᠦᠵᠡᠳᠡᠭ ᠦᠭᠡᠢ᠃ ᠬᠦᠭᠡᠴᠦ | ᠪᠦᠬᠡ ᠲᠡᠭᠷᠢ ᠪᠤᠷᠬᠠᠨ ᠢ ᠠᠰᠢᠭᠯᠠᠨ ᠴᠤᠤᠷᠬᠠᠯ ᠲᠠᠷᠬᠠᠭᠠᠭᠠᠳ ᠠᠷᠪᠢᠨ ᠮᠠᠭᠤ ᠶᠠᠪᠤᠳᠠᠯ ᠬᠢᠭᠰᠡᠨ ᠪᠤᠯᠬᠤᠷ ᠬᠠᠰᠠᠷ | ᠪᠣᠯ ᠬᠦᠮᠦᠨ ᠭᠡᠳᠡᠭ ᠶᠠᠭᠤᠮ᠎ᠠ ᠴᠢᠨᠢ ᠬᠦᠴᠦ ᠴᠢᠳᠠᠯ᠂ ᠲᠡᠭᠷᠢ ᠭᠡᠳᠡᠭ ᠶᠠᠭᠤᠮ᠎ᠠ ᠴᠢᠨᠢ ᠴᠠᠯᠴᠢᠶ᠎ᠠ᠂ ᠬᠦᠮᠦᠨ ᠢ | ᠮᠡᠬᠡᠯᠡᠭᠰᠡᠨ ᠶᠠᠭᠤᠮ᠎ᠠ ᠬᠡᠵᠦ ᠦᠵᠡᠳᠡᠭ᠃ ᠲᠡᠶᠢᠮᠦ ᠳᠡᠭᠡᠨ ᠶᠧᠯᠢᠤᠢ ᠴᠦᠽᠠᠢ ᠮᠡᠳᠦ ᠶᠢᠨ ᠬᠦᠮᠦᠰ ᠤᠳ ᠲᠠᠢ | ᠮᠡᠷᠭᠤᠯᠳᠤᠵᠦ ᠦᠩᠭᠡᠷᠡᠭᠰᠡᠨ ᠪᠠᠶᠢᠨ᠎ᠠ᠃ | ᠬᠦᠮᠦᠨ ᠤ ᠪᠠᠶᠢᠷᠢ ᠶᠢ ᠲᠡᠷᠢᠭᠦᠨ ᠳᠤ ᠲᠠᠯᠪᠢᠳᠠᠭ᠃ ᠬᠦᠮᠦᠨ ᠪᠣᠯ ᠦᠪᠡᠷ ᠢᠶᠠᠨ ᠴᠢᠳᠠᠯ ᠲᠠᠢ᠂ ᠤᠬᠠᠭᠠᠨ ᠲᠠᠢ᠂ | ᠦᠪᠡᠷ ᠢᠶᠠᠨ ᠡᠵᠡᠨ ᠪᠣᠯᠵᠤ ᠴᠢᠳᠠᠨ᠎ᠠ ᠬᠡᠵᠦ ᠦᠵᠡᠳᠡᠭ᠃ ᠡᠭᠦᠨ ᠳᠡᠭᠡᠷ᠎ᠡ ᠴᠢᠩᠭᠢᠰ ᠬᠠᠭᠠᠨ ᠤ ᠲᠡᠭᠷᠢ ᠶᠢᠨ | ᠦᠵᠡᠯᠳᠡ ᠲᠠᠢ ᠵᠦᠷᠢᠶᠡᠨ ᠲᠠᠢ᠂ ᠲᠡᠶᠢᠮᠦ ᠳᠡᠭᠡᠨ ᠴᠢᠩᠭᠢᠰ ᠬᠠᠭᠠᠨ ᠳᠤ ᠶᠡᠭᠡ ᠵᠢᠮᠡᠯᠡᠭᠳᠡᠵᠦ ᠪᠠᠶᠢᠪᠠ᠃ ᠬᠡᠪᠡᠴᠦ | ᠬᠠᠮᠤᠭ ᠤᠨ ᠰᠡᠭᠦᠯ ᠳᠡᠭᠡᠨ ᠴᠢᠩᠭᠢᠰ ᠬᠠᠭᠠᠨ ᠲᠡᠭᠦᠦ ᠶᠢᠨ ᠢᠶᠠᠨ ᠦᠵᠡᠯ ᠰᠠᠨᠠᠭ᠎ᠠ ᠶᠢ ᠬᠦᠯᠢᠶᠡᠵᠦ ᠠᠪᠤᠭᠠᠳ᠂ ᠰᠡᠭᠦᠯ | ᠳᠤᠨᠢ ᠬᠦᠬᠡᠴᠦ ᠪᠦᠬᠡ ᠶᠢ ᠠᠯᠠᠭᠰᠠᠨ ᠪᠠᠶᠢᠨ᠎ᠠ᠃ | ᠡᠶᠢᠮᠦ ᠠᠴᠠ ᠪᠠᠨ ᠪᠣᠷᠦ ᠪᠦᠳᠦᠭᠦᠯᠢᠭ ᠪᠣᠳᠠᠰᠴᠢ ᠬᠤᠪᠢᠰᠣᠩᠭᠤᠢ ᠦᠵᠡᠯ ᠰᠠᠨᠠᠭ᠎ᠠ ᠪᠣᠯ ᠮᠤᠩᠭᠤᠯ ᠤᠨ | ᠳᠡᠭᠡᠷ᠎ᠡ ᠦᠶ᠎ᠡ ᠶᠢᠨ ᠢᠵᠠᠭᠤᠷᠳᠠᠨ ᠬᠠᠪᠤᠳᠤ ᠬᠠᠰᠠᠷ ᠠᠴᠠ ᠡᠬᠢᠯᠡᠭᠡᠳ ᠰᠣᠶᠣᠭᠠᠯᠠᠵᠣ ᠪᠠᠶᠢᠭᠰᠠᠨ ᠭᠡᠵᠦ ᠦᠵᠡᠨ᠎ᠡ᠃ | ᠲᠡᠷᠡ ᠦᠶ᠎ᠡ ᠠᠴᠠ ᠪᠠᠨ ᠮᠤᠩᠭᠤᠯᠴᠤᠳ ᠮᠣᠩᠬᠠᠭ ᠪᠢᠰᠢᠷᠠᠯ ᠢ ᠲᠡᠶᠢᠮᠦ ᠬᠦᠨᠳᠦᠳᠭᠡᠬᠦ ᠦᠭᠡᠢ᠂ ᠤᠴᠢᠷ ᠦᠭᠡᠢ | ᠲᠠᠬᠢᠵᠦ ᠰᠢᠳᠦᠬᠦ ᠪᠤᠷᠬᠠᠨ ᠬᠡᠵᠦ ᠪᠠᠶᠢᠳᠠᠭ ᠦᠭᠡᠢ᠂ ᠠᠶᠤᠵᠤ ᠡᠮᠢᠶᠡᠬᠦ ᠴᠢᠳᠭᠦᠷ ᠰᠢᠮᠨᠤ ᠪᠠᠶᠢᠳᠠᠭ ᠦᠭᠡᠢ᠃ | ᠲᠡᠶᠢᠮᠦ ᠠᠴᠠ ᠮᠤᠩᠭᠤᠯ ᠬᠦᠮᠦᠨ ᠪᠣᠯ ᠬᠠᠮᠢᠭᠠᠰᠢ ᠪᠠᠨ ᠪᠣᠯ ᠬᠠᠮᠢᠭᠠᠰᠢ ᠪᠠᠨ ᠳᠠᠶᠢᠯᠠᠭᠠᠳ ᠯᠠ ᠶᠠᠪᠤᠨ᠎ᠠ᠂ ᠦᠭᠡᠷ᠎ᠡ | ᠦᠨᠳᠦᠰᠦᠳᠡᠨ ᠰᠢᠭ ᠡᠳᠦᠷ ᠰᠤᠳᠤᠷ ᠦᠵᠡᠨ ᠰᠠᠶᠢᠨ ᠮᠠᠭᠤ ᠡᠳᠦᠷ ᠭᠡᠬᠦ ᠶᠤᠮ ᠪᠣᠯ ᠳᠠᠶᠢᠨ ᠬᠢᠬᠦ᠋ᠢᠨ ᠠᠷᠭ᠎ᠠ ᠭᠡᠵᠦ | ᠦᠭᠡᠢ᠂ ᠬᠠᠮᠢᠭ᠎ᠠ ᠪᠣᠯ ᠬᠠᠮᠢᠭ᠎ᠠ ᠬᠦᠮᠦᠨ ᠢᠶᠠᠨ ᠦᠬᠦᠪᠡᠯ ᠣᠷᠣᠰᠢᠭᠤᠯᠤᠭᠠᠳ ᠯᠠ ᠶᠠᠪᠤᠳᠠᠭ᠂ ᠶᠠᠪᠤᠳᠠᠭ ᠢᠶᠠᠷ ᠢᠶᠠᠨ | ᠶᠠᠪᠤᠭᠠᠳ ᠯᠠ ᠪᠠᠶᠢᠳᠠᠭ᠂ ᠡᠨᠡ ᠦᠵᠡᠯ ᠰᠠᠨᠠᠭ᠎ᠠ ᠶᠢ ᠬᠠᠪᠤᠳᠤ ᠬᠠᠰᠠᠷ ᠤᠨ ᠲᠡᠭᠷᠢ ᠬᠦᠮᠦᠨ ᠤ ᠪᠠᠶᠢᠷᠢ ᠶᠢ ᠵᠣᠬᠢᠰᠳᠡᠢ | ᠪᠠᠶᠢᠷᠢᠯᠠᠭᠤᠯᠳᠠᠭ ᠦᠵᠡᠯ ᠰᠠᠨᠠᠭ᠎ᠠ ᠠᠴᠠ ᠢᠷᠡᠯᠳᠡᠢ ᠬᠡᠵᠦ ᠦᠵᠡᠳᠡᠭ᠃ ᠲᠡᠶᠢᠮᠦ ᠠᠴᠠ ᠮᠤᠩᠭᠤᠯ ᠬᠦᠮᠦᠨ ᠪᠣᠯ | ᠡᠷᠡᠯᠭᠡᠭ ᠪᠠᠭᠠᠳᠤᠷᠯᠢᠭ ᠪᠠᠶᠢᠳᠠᠭ᠃ | ᠬᠠᠰᠠᠷ᠂ ᠲᠡᠭᠷᠢ ᠬᠦᠮᠦᠨ ᠤ ᠪᠠᠶᠢᠷᠢ ᠶᠢ ᠵᠤᠬᠢᠰᠳᠡᠢ ᠪᠠᠷ ᠪᠠᠶᠢᠷᠢᠯᠠᠭᠤᠯᠵᠤ᠂ ᠪᠣᠷᠦ ᠪᠦᠳᠦᠭᠦᠯᠢᠭ ᠪᠣᠳᠠᠰᠴᠢ | ᠬᠤᠪᠢᠰᠤᠩᠭᠤᠢ ᠦᠵᠡᠯ ᠰᠠᠨᠠᠭ᠎ᠠ ᠶᠢ ᠲᠡᠷᠡ ᠦᠶ᠎ᠡ ᠠᠴᠠ ᠰᠣᠶᠣᠭᠠᠯᠠᠭᠤᠯᠵᠤ ᠣᠯᠠᠨ ᠲᠦᠮᠡᠨ ᠳᠤ ᠬᠦᠮᠦᠵᠢᠯ | ᠦᠭᠭᠦᠭᠰᠡᠨ᠂ ᠡᠨᠡ ᠨᠢᠭᠡ ᠲᠠᠯ᠎ᠠ ᠨᠢ ᠬᠠᠰᠠᠷ ᠤᠨ ᠬᠤᠶᠢᠴᠢ ᠦᠶ᠎ᠡ ᠳᠤ ᠤᠯᠠᠮᠵᠢᠯᠠᠵᠤ ᠪᠠᠳᠠᠷᠠᠭᠤᠯᠵᠤ ᠶᠠᠪᠤᠬᠤ | ᠴᠢᠬᠤᠯᠠᠳᠠᠢ ᠡᠶᠢᠮᠦ ᠨᠢᠭᠡ ᠦᠵᠡᠯ ᠰᠠᠨᠠᠭ᠎ᠠ ᠪᠠᠶᠢᠨ᠎ᠠ᠃ ᠠᠷᠪᠢᠨ ᠬᠦᠮᠦᠨ ᠮᠠᠨ ᠤ ᠮᠤᠩᠭᠤᠯ ᠤᠨ ᠲᠡᠭᠡᠳᠦᠰ ᠪᠣᠯ | ᠦᠰᠦᠭ ᠰᠤᠶᠤᠯ ᠦᠭᠡᠢ᠂ ᠪᠠᠯᠠᠷ ᠪᠠᠯᠠᠢ ᠦᠨᠳᠦᠰᠦᠳᠡᠨ ᠭᠡᠳᠡᠭ᠃ ᠪᠢ ᠡᠨᠡ ᠦᠵᠡᠯᠳᠡ ᠶᠢᠨ ᠣᠭᠳᠤ ᠵᠦᠪᠰᠢᠶᠡᠷᠡᠬᠦ | ᠦᠭᠡᠢ᠃ | ᠲᠡᠷᠡ ᠦᠶ᠎ᠡ ᠳᠤ ᠮᠤᠩᠭᠤᠯ ᠤᠨ ᠬᠠᠵᠠᠭᠤ ᠳᠤ ᠨᠠᠢᠮᠡᠨ ᠠᠶᠢᠮᠠᠭ ᠪᠠᠶᠢᠵᠤ᠂ ᠮᠤᠩᠭᠤᠯ ᠤᠨ ᠬᠡᠷᠡᠶᠢᠳ ᠠᠶᠢᠮᠠᠭ | ᠪᠣᠯ ᠲᠡᠷᠡ ᠦᠶ᠎ᠡ ᠳᠤ ᠶᠡᠭᠡ ᠰᠤᠶᠤᠯ ᠲᠠᠢ ᠪᠤᠯᠤᠭᠰᠠᠨ ᠰᠢᠤ᠂ ᠮᠤᠩᠭᠤᠯ ᠤᠨ ᠪᠤᠰᠤᠳ ᠠᠶᠢᠮᠠᠭ ᠤᠳ ᠲᠡᠳᠡᠨ ᠲᠠᠢ | ᠡᠬᠢᠯᠡᠭᠡᠳ ᠵᠠᠬ᠎ᠠ ᠬᠢᠵᠠᠭᠠᠷ ᠨᠡᠶᠢᠯᠡᠵᠦ ᠪᠠᠶᠢᠬᠤ ᠦᠶ᠎ᠡ ᠳᠤ ᠪᠦᠷ ᠲᠡᠷᠡ ᠰᠤᠶᠤᠯᠵᠢᠭᠰᠠᠨ ᠤᠯᠤᠰ ᠤᠨ ᠨᠦᠯᠦᠭᠡ ᠶᠢ | ᠪᠠᠰᠠ ᠬᠦᠷᠳᠡᠵᠦ ᠪᠠᠶᠢᠭᠰᠠᠨ᠃ | ᠨᠡᠩ ᠢᠯᠠᠩᠭᠤᠶ᠎ᠠ ᠨᠠᠢᠮᠠᠨ ᠢ ᠴᠣᠬᠢᠭᠠᠳ᠂ ᠨᠠᠢᠮᠡᠨ ᠳᠠᠶᠠᠨ ᠬᠠᠭᠠᠨ ᠤ ᠲᠠᠮᠠᠭᠠᠨ ᠲᠦᠰᠢᠮᠡᠯ ᠪᠠᠶᠢᠭᠰᠠᠨ | ᠲᠠᠳᠠᠳᠤᠩᠭ᠎ᠠ ᠶᠢ ᠬᠠᠰᠠᠷ ᠪᠠᠷᠢᠵᠤ ᠠᠪᠤᠭᠠᠳ᠂ ᠲᠠᠳᠠᠳᠤᠩᠭ᠎ᠠ ᠠᠴᠠ ᠴᠢᠨᠤ ᠡᠨᠡ ᠴᠢᠨᠢ ᠶᠠᠭᠤ ᠪᠤᠢ ᠭᠡᠰᠡᠨ ᠳᠤ᠂ | ᠲᠠᠳᠠᠳᠤᠩᠭ᠎ᠠ᠄ ︽ᠮᠢᠨᠦ ᠡᠨᠡ ᠪᠣᠯ ᠲᠠᠮᠠᠭ᠎ᠠ᠂ ᠲᠠᠮᠠᠭᠠᠯᠠᠬᠤ ᠦᠢᠯᠡᠳᠣᠯ ᠲᠠᠢ᠂ ᠲᠠᠬᠢᠭᠠᠳ ᠪᠣᠯ ᠶᠠᠮᠠᠷ ᠶᠠᠮᠠᠷ ᠦᠰᠦᠭ | ᠬᠡᠵᠦ ᠪᠠᠶᠢᠳᠠᠭ᠂ ᠡᠨᠡ ᠪᠣᠯ ᠣᠶᠢᠭᠤᠷ ᠦᠰᠦᠭ︾ ᠭᠡᠵᠦ ᠲᠠᠶᠢᠯᠪᠤᠷᠢᠯᠠᠵᠤ ᠦᠭᠭᠦᠭᠰᠡᠨ ᠳᠤ᠂ ᠬᠠᠰᠠᠷ ᠪᠣᠯ ᠡᠨᠡ | ᠬᠦᠮᠦᠨ ᠡᠶᠢᠮᠦ ᠶᠠᠭᠤᠮ᠎ᠠ ᠠᠪᠴᠤ ᠶᠠᠪᠤᠵᠤ ᠪᠠᠶᠢᠨ᠎ᠠ ᠶᠡᠭᠡ ᠬᠡᠷᠡᠭ ᠲᠠᠢ ᠶᠠᠭᠤᠮ᠎ᠠ ᠪᠠᠶᠢᠨ᠎ᠠ ᠬᠡᠵᠦ ᠲᠠᠳᠠᠳᠤᠩᠭ᠎ᠠ ᠶᠢ | ᠠᠬ᠎ᠠ ᠳᠠᠭᠠᠨ᠂ ᠴᠢᠩᠭᠢᠰ ᠬᠠᠭᠠᠨ ᠳᠠᠭᠠᠨ ᠠᠪᠠᠴᠢᠵᠤ ᠲᠤᠰᠢᠶᠠᠭᠰᠠᠨ᠃ | ᠰᠢᠬᠢᠬᠤᠳᠤᠭ᠂ ᠬᠠᠰᠠᠷ ᠦᠪᠡᠷ ᠤᠨ ᠬᠡᠷᠡᠭ ᠶᠠᠪᠤᠳᠠᠯ ᠢᠶᠠᠨ ᠦᠰᠦᠭ ᠪᠢᠴᠢᠭ ᠢᠶᠠᠷ ︽ᠬᠦᠬᠡ ᠰᠤᠳᠤᠷ︾ ᠲᠤ | ᠲᠡᠮᠳᠡᠭᠯᠡᠵᠦ ᠲᠠᠯᠪᠢᠬᠤ ᠳᠤ ᠦᠰᠦᠭ ᠪᠢᠴᠢᠭ ᠮᠡᠳᠡᠬᠦ ᠦᠭᠡᠢ ᠪᠣᠯ ᠶᠠᠭᠠᠬᠢᠵᠦ ᠲᠡᠮᠳᠡᠭᠯᠡᠨ᠎ᠡ᠂ ᠲᠡᠶᠢᠮᠦ ᠠᠴᠠ ᠪᠠᠨ | ᠬᠠᠰᠠᠷ ᠪᠣᠯ ᠲᠡᠷᠡ ᠦᠶ᠎ᠡ ᠳᠤ ᠪᠢᠴᠢᠭ ᠮᠡᠳᠡᠨ᠎ᠡ᠂ ᠰᠤᠶᠤᠯ ᠲᠠᠢ᠃ ᠮᠤᠩᠭᠤᠯ ᠬᠦᠮᠦᠨ ᠪᠣᠯ ᠲᠡᠷᠡ ᠦᠶ᠎ᠡ ᠠᠴᠠ | ᠡᠬᠢᠯᠡᠭᠡᠳ ᠦᠰᠦᠭ ᠪᠢᠴᠢᠭ ᠵᠠᠷᠤᠵᠤ ᠪᠠᠶᠢᠭᠰᠠᠨ᠂ ᠬᠡᠷᠡᠭᠯᠡᠵᠦ ᠪᠠᠶᠢᠭᠰᠠᠨ᠂ ᠲᠡᠶᠢᠮᠦ ᠪᠣᠯᠬᠤᠷ 1240 ᠣᠨ ᠤ | ᠦᠶ᠎ᠡ ᠳᠤ ︽ᠮᠤᠩᠭᠤᠯ ᠤᠨ ᠨᠢᠭᠤᠴᠠ ᠲᠤᠪᠴᠢᠶᠠᠨ︾ ᠮᠤᠩᠭᠤᠯ ᠬᠡᠯᠡ ᠪᠠᠷ ᠢᠶᠠᠨ ᠪᠢᠴᠢᠭᠳᠡᠵᠦ ᠭᠠᠷᠤᠭᠰᠠᠨ᠃ | ᠲᠡᠶᠢᠮᠦ ᠠᠴᠠ ᠮᠠᠨ ᠤ ᠮᠤᠩᠭᠤᠯ ᠬᠦᠮᠦᠨ ᠪᠣᠯ ᠲᠡᠷᠡ ᠦᠶ᠎ᠡ ᠳᠤ ᠦᠰᠦᠭ ᠪᠢᠴᠢᠭ ᠲᠠᠢ ᠪᠣᠯᠤᠭᠰᠠᠨ ᠭᠡᠳᠡᠭ ᠢ | ᠬᠠᠷᠠᠭᠤᠯᠵᠤ ᠪᠠᠶᠢᠨ᠎ᠠ᠃ | ᠲᠡᠭᠦᠨ ᠠᠴᠠ ᠡᠮᠦᠨ᠎ᠡ 1225 ᠣᠨ ᠳᠤ ᠶᠢᠰᠦᠩᠭᠡ ᠶᠢᠨ ᠬᠠᠷᠪᠤᠯᠭ᠎ᠠ ᠶᠢ ᠮᠠᠭᠳᠠᠵᠤ᠂ ᠴᠢᠩᠭᠢᠰ ᠬᠠᠭᠠᠨ ᠤ | ᠴᠢᠯᠠᠭᠤᠨ ᠪᠢᠴᠢᠭ ᠢ ᠪᠢᠴᠢᠭᠰᠡᠨ ᠪᠠᠶᠢᠳᠠᠭ᠃ ᠡᠨᠡ ᠴᠢᠨᠢ ᠪᠠᠰᠠ ᠣᠶᠢᠭᠤᠷᠵᠢᠨ ᠮᠤᠩᠭᠤᠯ ᠦᠰᠦᠭ ᠢᠶᠠᠷ ᠪᠢᠴᠢᠭᠰᠡᠨ᠃ | ᠵᠠ᠂ ᠴᠢᠯᠠᠭᠤᠨ ᠪᠢᠴᠢᠭ ᠴᠤ ᠪᠣᠯᠤᠭ᠂ ︽ᠮᠤᠩᠭᠤᠯ ᠤᠨ ᠨᠢᠭᠤᠴᠠ ᠲᠣᠪᠴᠢᠶᠠᠨ︾ ᠴᠤ ᠪᠣᠯᠤᠭ᠂ ︽ᠬᠦᠬᠡ ᠰᠤᠳᠤᠷ︾ | ᠴᠤ ᠪᠣᠯᠤᠭ᠂ ᠲᠡᠷᠡ ᠦᠶᠡᠡᠴᠡ ᠡᠬᠢᠯᠡᠭᠡᠳ ᠮᠤᠩᠭᠤᠯᠴᠤᠳ ᠤᠨ ᠰᠤᠶᠤᠯᠵᠢᠭᠰᠠᠨ ᠵᠠᠮ ᠢ ᠬᠠᠪᠤᠳᠤ ᠬᠠᠰᠠᠷ ᠲᠠᠢ | ᠬᠤᠯᠪᠤᠨ ᠦᠨᠡᠯᠡᠵᠦ ᠪᠣᠯᠤᠨ᠎ᠠ᠃ ᠡᠨᠡ ᠪᠣᠯ ᠬᠠᠰᠠᠷ ᠢ ᠰᠢᠳᠦᠵᠦ ᠪᠢᠰᠢᠷᠡᠵᠦ ᠰᠤᠳᠤᠯᠬᠤ ᠴᠢᠬᠤᠯᠠᠳᠠᠢ ᠠᠰᠠᠭᠤᠳᠠᠯ | ᠪᠣᠯᠣᠨ᠎ᠠ᠃ | | |