ᠰᠢᠨ᠎ᠡ ᠤᠷᠤᠯᠳᠤᠭᠠᠨ ᠤ ᠤᠯᠠᠷᠢᠯ ᠰᠢᠨ᠎ᠡ ᠤᠷᠤᠯᠳᠤᠭᠠᠨ ᠤ ᠳᠦᠷᠢᠮ ᠰᠢᠨ᠎ᠡ ᠬᠦᠰᠡᠯ ᠡᠷᠡᠮᠡᠯᠵᠡᠯᠡᠯ | ᠰᠢᠨ᠎ᠡ ᠬᠦᠰᠡᠯ ᠵᠡᠭᠦᠳᠦ | ᠮᠣᠷᠢᠨ ᠤᠷᠤᠯᠳᠤᠭᠠᠨ ᠤ ︽ᠬᠥᠳᠡᠭᠡ ᠲᠣᠰᠬᠤᠨ ᠤ ᠬᠥᠯ ᠪᠦᠮᠪᠦᠭᠡ ᠶᠢᠨ ᠬᠡᠳᠦ ᠬᠤᠯᠪᠤᠭᠠᠳᠤ ᠤᠷᠤᠯᠳᠤᠭᠠᠨ | ︾ ᠤ ᠨᠠᠷᠠᠲᠤ ᠲᠡᠮᠳᠡᠭᠲᠦ ᠶᠢ ᠦᠷᠭᠦᠯᠵᠢᠯᠡᠨ ᠪᠣᠶ ᠪᠣᠯᠭᠠᠵᠤ᠂ ᠠᠳᠤᠭᠤᠨ ᠤ ᠠᠵᠤ ᠦᠢᠯᠡᠰ ᠢ ᠣᠷᠣᠨ ᠪᠦᠰᠡ ᠶᠢᠨ | ᠠᠵᠤ ᠠᠬᠤᠶ ᠶᠢᠨ ᠬᠥᠭᠵᠢᠯᠲᠡ ᠶᠢᠨ ᠰᠢᠨ᠎ᠡ ᠨᠡᠮᠡᠭᠳᠡᠯ ᠤᠨ ᠴᠡᠭ ᠪᠣᠯᠭᠠᠬᠤ ᠶᠢᠨ ᠲᠥᠯᠥᠭᠡ᠂ ᠳᠠᠷᠬᠠᠨ ᠮᠤᠤᠮᠢᠩᠭᠠᠨ | ᠬᠤᠯᠪᠣᠭᠠᠲᠤ ᠬᠤᠰᠢᠭᠤᠨ ᠤ 2025 ᠤᠨ ᠮᠣᠷᠢᠨ ᠤᠷᠤᠯᠳᠤᠭᠠᠨ ᠤ ︽ᠬᠥᠳᠡᠭᠡ ᠲᠣᠰᠬᠤᠨ ᠤ ᠬᠥᠯ ᠪᠦᠮᠪᠦᠭᠡ ᠶᠢᠨ | ᠬᠡᠳᠦ ᠬᠤᠯᠪᠤᠭᠠᠳᠤ ᠤᠷᠤᠯᠳᠤᠭᠠᠨ︾ ᠴᠣ ᠰᠢᠨ᠎ᠡ ᠲᠠᠰ ᠳᠡᠪᠰᠢᠬᠦ ᠶᠢ ᠤᠭᠲᠤᠨ ᠠᠪᠴᠢᠷᠠᠪᠠ᠃ | ᠤᠷᠤᠯᠳᠤᠭᠠᠨ ᠤ ᠲᠤᠬᠢᠷᠠᠭᠤᠯᠤᠯᠲᠠ | ︵ᠨᠢᠭᠡ︶ ᠵᠣᠷᠰᠢᠯᠲᠣ ᠤᠷᠤᠯᠳᠤᠭᠠᠨ | ᠵᠣᠷᠰᠢᠯᠲᠣ ᠤᠷᠤᠯᠳᠤᠭᠠᠨ ᠨᠢ ᠨᠡᠶᠢᠲᠡ 5 ᠲᠠᠯᠠᠪᠤᠷ ᠪᠠᠶᠢᠵᠤ᠂ ᠳᠥᠷᠪᠡᠳᠦᠭᠡᠷ ᠰᠠᠷ᠎ᠠ ᠳᠤ ᠨᠢᠭᠡ ᠲᠠᠯᠠᠪᠤᠷ᠂ | ᠲᠠᠪᠤᠳᠤᠭᠠᠷ ᠰᠠᠷ᠎ᠠ ᠳᠤ ᠬᠤᠶᠠᠷ ᠲᠠᠯᠠᠪᠤᠷ᠂ ᠵᠢᠷᠭᠤᠳᠤᠭᠠᠷ ᠰᠠᠷ᠎ᠠ ᠳᠤ ᠬᠤᠶᠠᠷ ᠲᠠᠯᠠᠪᠤᠷ ᠪᠠᠶᠢᠵᠤ᠂ ᠨᠡᠶᠢᠲᠡ ᠲᠠᠪᠤᠨ | ᠲᠠᠯᠠᠪᠤᠷ᠂ ᠲᠠᠪᠤᠨ ᠲᠠᠯᠠᠪᠤᠷ ᠪᠠᠶᠢᠩᠭᠤ ᠶᠢᠨ ᠤᠷᠤᠯᠳᠤᠭᠠᠨ ᠤ ᠨᠡᠶᠢᠲᠡ ᠬᠤᠪᠢ ᠶᠢᠨ ᠪᠠᠶᠢᠳᠠᠯ ᠢ ᠦᠨᠳᠦᠰᠦᠯᠡᠨ᠂ | ᠡᠮᠦᠨ᠎ᠡ ᠵᠢᠷᠭᠤᠭ᠎ᠠ ᠶᠢ ᠨᠢ ᠰᠤᠩᠭᠤᠨ ᠠᠪᠴᠤ ᠨᠠᠢᠮᠠᠨ ᠬᠦᠴᠦᠷᠬᠡᠭ ᠲᠤ ᠣᠷᠣᠭᠤᠯᠣᠨ᠎ᠠ᠃ | ︵ᠬᠤᠶᠠᠷ︶ ᠠᠮᠢᠯᠠᠬᠤ ᠤᠷᠤᠯᠳᠤᠭᠠᠨ | ᠰᠢᠭᠰᠢᠭᠳᠡᠵᠦ ᠤᠷᠤᠯᠳᠤᠭᠠᠨ ᠠᠴᠠ ᠬᠥᠭᠡᠭᠡᠭᠳᠡᠭᠰᠡᠨ ᠤ ᠳᠠᠷᠠᠭ᠎ᠠ 6 ᠲᠥᠷᠥᠯ ᠤᠨ ᠮᠣᠷᠢᠨ ᠤ ᠳᠣᠲᠣᠷ᠎ᠠ ᠠᠴᠠ | ᠲᠤᠰ ᠪᠦᠷᠢ ᠨᠢᠭᠡ ᠮᠣᠷᠢ ᠶᠢ ᠰᠣᠩᠭᠤᠵᠤ᠂ ᠠᠮᠢᠯᠠᠬᠤ ᠤᠷᠤᠯᠳᠤᠭᠠᠨ ᠳᠤ ᠣᠷᠣᠨ᠎ᠠ᠃ ᠠᠮᠢᠯᠠᠬᠤ ᠤᠷᠤᠯᠳᠤᠭᠠᠨ ᠨᠢ | ᠠᠳᠠᠯᠢᠬᠠᠨ ᠢᠶᠠᠷ ᠡᠯ᠎ᠡ ᠲᠥᠷᠥᠯ ᠵᠦᠢᠯ ᠤᠨ ᠨᠡᠶᠢᠲᠡ ᠬᠤᠪᠢ ᠶᠢᠨ ᠬᠡᠯᠪᠡᠷᠢ ᠶᠢ ᠠᠪᠴᠤ᠂ ᠤᠷᠤᠯᠳᠤᠭᠠᠨ ᠤ ᠵᠠᠢ ᠶᠢ | 3200 ᠮᠧᠲᠷ ᠢᠶᠠᠷ ᠨᠢᠭᠡᠳᠦᠯᠲᠡᠢ ᠲᠣᠭᠲᠠᠭᠠᠵᠤ᠂ 6 ᠵᠦᠢᠯ ᠤᠨ ᠤᠷᠤᠯᠳᠤᠭᠠᠨ ᠤ ᠶᠡᠷᠦᠩᠬᠡᠢ ᠨᠡᠶᠢᠲᠡ ᠬᠤᠪᠢ ᠨᠢ | ᠲᠦᠷᠦᠭᠦᠦ ᠬᠤᠶᠠᠷ ᠡᠩᠨᠡᠭᠡ ᠶᠢᠨ ᠨᠠᠢᠮᠠᠨ ᠬᠦᠴᠦᠷᠬᠡᠭ ᠲᠤ ᠣᠷᠣᠬᠤ ᠶᠢ ᠲᠣᠭᠲᠠᠭᠠᠨ᠎ᠠ᠃ ᠠᠮᠢᠯᠠᠬᠤ | ᠤᠷᠤᠯᠳᠤᠭᠠᠨ ᠤ ᠵᠠᠷᠤᠳᠠᠯ ᠢ ᠡᠯ᠎ᠡ ᠡᠩᠨᠡᠭᠡ ᠥᠪᠡᠷᠰᠡᠳ ᠢᠶᠠᠨ ᠪᠡᠯᠡᠳᠬᠡᠨ᠎ᠡ᠃ | ︵ᠭᠤᠷᠪᠠ︶ ᠶᠡᠷᠦᠩᠬᠡᠢ ᠰᠢᠢᠳᠪᠦᠷᠢᠲᠦ ᠤᠷᠤᠯᠳᠤᠭᠠᠨ | ᠨᠠᠢᠮᠠᠳᠤᠭᠠᠷ ᠰᠠᠷ᠎ᠠ ᠳᠤ ᠶᠡᠷᠦᠩᠬᠡᠢ ᠰᠢᠢᠳᠪᠦᠷᠢᠲᠦ ᠤᠷᠤᠯᠳᠤᠭᠠᠨ ᠢ ᠡᠷᠬᠢᠯᠡᠨ᠎ᠡ᠃ | ︵ᠲᠦᠷᠪᠡ︶ ᠪᠤᠰᠤᠳ ᠤᠷᠤᠯᠳᠤᠭᠠᠨ | ᠶᠢᠰᠦᠳᠦᠭᠡᠷ ᠰᠠᠷ᠎ᠠ ᠳᠤ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠣᠷᠢ ᠣᠷᠣᠯᠳᠣᠬᠤ ︽ᠬᠥᠳᠡᠭᠡ | ᠲᠣᠰᠬᠤᠨ ᠤ ᠬᠥᠯ ᠪᠦᠮᠪᠦᠭᠡ ᠶᠢᠨ ᠬᠡᠳᠦ ᠬᠤᠯᠪᠤᠭᠠᠳᠤ ᠤᠷᠤᠯᠳᠤᠭᠠᠨ︾ ᠤ ᠨᠡᠷᠡᠲᠦ ᠮᠣᠷᠢᠨ ᠤ ᠲᠡᠮᠡᠴᠡᠭᠡᠨ ᠤ | ᠤᠷᠤᠯᠳᠤᠭᠠᠨ᠂ ᠲᠠᠪᠤᠳᠠᠭᠠᠷ ᠰᠠᠷ᠎ᠠ᠂ ᠵᠢᠷᠭᠤᠳᠣᠭᠠᠷ ᠰᠠᠷ᠎ᠠ᠂ ᠳᠣᠯᠣᠳᠣᠭᠠᠷ ᠰᠠᠷ᠎ᠠ᠂ ᠨᠠᠢᠮᠠᠳᠣᠭᠠᠷ ᠰᠠᠷ᠎ᠠ᠂ | ᠠᠷᠪᠠᠳᠣᠭᠠᠷ ᠰᠠᠷ᠎ᠠ ᠳᠤ ᠮᠣᠷᠢ ᠣᠷᠣᠯᠳᠣᠬᠤ ︽ᠬᠥᠳᠡᠭᠡ ᠲᠣᠰᠬᠤᠨ ᠤ ᠬᠥᠯ ᠪᠦᠮᠪᠦᠭᠡ ᠶᠢᠨ ᠬᠡᠳᠦ ᠬᠤᠯᠪᠤᠭᠠᠳᠤ | ᠤᠷᠤᠯᠳᠤᠭᠠᠨ︾ ᠤ ᠢᠯᠡ ᠤᠷᠤᠯᠳᠤᠭᠠᠨ ᠢ ᠵᠣᠬᠢᠶᠠᠨ ᠪᠠᠢᠭᠤᠯᠪᠠ᠃ ᠠᠷᠪᠠᠨ ᠨᠢᠭᠡᠳᠦᠭᠡᠷ ᠰᠠᠷ᠎ᠠ ᠠᠴᠠ ᠳᠠᠷᠠᠭ᠎ᠠ | ᠵᠢᠯ ᠤᠨ ᠬᠤᠶᠠᠳᠤᠭᠠᠷ ᠰᠠᠷ᠎ᠠ ᠪᠣᠯᠲᠠᠯ᠎ᠠ ᠮᠣᠷᠢ ᠣᠷᠣᠯᠳᠣᠬᠤ ︽ᠬᠥᠳᠡᠭᠡ ᠲᠣᠰᠬᠤᠨ ᠤ ᠬᠥᠯ ᠪᠦᠮᠪᠦᠭᠡ ᠶᠢᠨ ᠬᠡᠳᠦ | ᠬᠤᠯᠪᠤᠭᠠᠳᠤ ᠤᠷᠤᠯᠳᠤᠭᠠᠨ︾ ᠡᠪᠦᠯ ᠤᠨ ᠠᠮᠠᠷᠠᠯᠲᠠ ᠶᠢᠨ ᠬᠤᠭᠤᠴᠠᠭᠠᠨ ᠳᠤ ᠣᠷᠣᠵᠤ᠂ ᠳᠠᠷᠠᠭ᠎ᠠ ᠵᠢᠯ ᠤᠨ | ᠭᠤᠷᠪᠠᠳᠤᠭᠠᠷ ᠰᠠᠷ᠎ᠠ ᠠᠴᠠ ᠡᠬᠢᠯᠡᠨ ᠪᠡᠯᠡᠳᠭᠡᠯ ᠤᠷᠤᠯᠳᠤᠭᠠᠨ ᠶᠠᠪᠤᠭᠤᠯᠤᠨ᠎ᠠ᠃ | ᠤᠷᠤᠯᠳᠤᠭᠠᠨ ᠤ ᠲᠦᠷᠦᠯ ᠵᠦᠢᠯ | ︵ᠨᠢᠭᠡ︶ 2025 ᠶᠢᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠣᠷᠢ ᠤᠷᠤᠯᠳᠤᠬᠤ ︽ | ᠬᠥᠳᠡᠭᠡ ᠲᠣᠰᠬᠤᠨ ᠤ ᠬᠥᠯ ᠪᠦᠮᠪᠦᠭᠡ ᠶᠢᠨ ᠬᠡᠳᠦ ᠬᠤᠯᠪᠤᠭᠠᠳᠤ ᠤᠷᠤᠯᠳᠤᠭᠠᠨ︾ ᠨᠡᠶᠢᠲᠡ ᠬᠤᠪᠢ ᠶᠢᠨ | ᠬᠤᠯᠪᠣᠭᠠᠲᠤ ᠤᠷᠤᠯᠳᠤᠭᠠᠨ | ᠪᠠᠶᠢᠩᠭᠤ ᠶᠢᠨ ᠤᠷᠤᠯᠳᠤᠭᠠᠨ ᠤ ᠲᠦᠷᠦᠯ ᠵᠦᠢᠯ | 1.ᠬᠤᠷᠳᠤᠨ ᠠᠳᠤᠭᠤᠨ ᠤ ᠪᠦᠭᠡᠮ | ᠨᠡᠶᠢᠲᠡ 4 ᠵᠦᠢᠯ᠂ ᠲᠣᠰ ᠲᠣᠰ᠄ 1.40 ᠮᠧᠲᠷ ᠠᠴᠠ ᠳᠣᠷᠣᠭᠰᠢ ᠬᠤᠷᠳᠤᠨ ᠮᠣᠷᠢ ︵ᠡᠩᠨᠡᠭᠡ ᠪᠦᠷᠢ 3 | ᠲᠣᠯᠣᠭᠠᠢ᠂ 1.40-1.45 ᠮᠧᠲᠷ ︵ᠡᠩᠨᠡᠭᠡ ᠪᠦᠷᠢ 2 ᠲᠣᠯᠣᠭᠠᠢ︶᠂ 1.45 ᠮᠧᠲᠷ ᠠᠴᠠ ᠳᠡᠭᠡᠭᠰᠢᠬᠢ | ᠬᠤᠷᠳᠤᠨ ᠮᠣᠷᠢ ︵ᠠᠩᠭᠢ ᠪᠦᠷᠢ 2 ᠲᠤᠯᠤᠭᠠᠢ︶᠂ 1.45 ᠮᠧᠲᠷ ᠠᠴᠠ ᠳᠣᠷᠣᠭᠰᠢ ᠴᠣᠬᠤᠷ ᠮᠣᠷᠢ ᠶᠢᠨ | ᠬᠤᠷᠳᠤᠨ ᠤᠷᠤᠯᠳᠤᠭᠠᠨ ︵ᠡᠩᠨᠡᠭᠡ ᠪᠦᠷᠢ 2 ᠲᠤᠯᠤᠭᠠᠢ︶ ᠪᠣᠯᠣᠨ᠎ᠠ᠃ | 2.ᠵᠢᠷᠤᠭ᠎ᠠ ᠮᠤᠷᠢᠨ ᠤ ᠪᠦᠭᠡᠮ | ᠨᠡᠶᠢᠲᠡ 2 ᠵᠦᠢᠯ᠂ ᠲᠣᠰ ᠲᠣᠰ᠄ 1.40 ᠮᠧᠲᠷ ᠠᠴᠠ ᠳᠣᠷᠣᠭᠰᠢ ᠵᠢᠷᠤᠭ᠎ᠠ ᠮᠣᠷᠢ ︵ᠡᠩᠨᠡᠭᠡ ᠪᠦᠷᠢ 2 | ᠲᠣᠯᠣᠭᠠᠢ︶᠂ 1.40 ᠮᠧᠲᠷ ᠠᠴᠠ ᠳᠡᠭᠡᠭᠰᠢ ︵ᠡᠩᠨᠡᠭᠡ ᠪᠦᠷᠢ 2 ᠲᠣᠯᠣᠭᠠᠢ︶᠃ | ᠵᠡᠭᠦᠯᠲᠡ᠄ ᠡᠯ᠎ᠡ ᠲᠥᠷᠥᠯ ᠤᠨ ᠤᠷᠤᠯᠳᠤᠭᠠᠨ ᠳᠤ ᠵᠠᠷᠴᠢᠮ ᠳᠡᠭᠡᠷ᠎ᠡ ᠪᠠᠨ ᠢᠯᠡᠭᠦᠦ ᠨᠢᠭᠡ ᠲᠣᠯᠣᠭᠠᠢ | ᠨᠦᠬᠦᠪᠦᠷᠢ ᠮᠣᠷᠢ ᠣᠷᠣᠭᠤᠯᠬᠤ ᠶᠢ ᠱᠠᠭᠠᠷᠳᠠᠵᠤ᠂ ᠳᠦᠭᠦᠷᠲᠡᠯ᠎ᠡ ᠣᠷᠣᠯᠴᠠᠬᠤ ᠶᠢ ᠪᠠᠲᠣᠯᠠᠨ᠎ᠠ᠃ ᠤᠷᠤᠯᠳᠤᠭᠠᠨ ᠤ | ᠶᠠᠪᠤᠴᠠ ᠶᠢᠨ ᠲᠣᠬᠢᠷᠠᠭᠤᠯᠤᠯᠲᠠ᠄ ᠬᠤᠷᠳᠤᠨ ᠮᠣᠷᠢ ᠪᠠ ᠵᠢᠷᠤᠭ᠎ᠠ ᠮᠣᠷᠢᠨ ᠤ ᠲᠥᠷᠥᠯ ᠵᠦᠢᠯ ᠤᠨ ᠤᠷᠤᠯᠳᠤᠭᠠᠨ ᠤ | ᠵᠠᠢ ᠳᠤ᠄ 1600 ᠮᠧᠲᠷ᠂ 3200 ᠮᠧᠲᠷ᠂ 4800 ᠮᠧᠲᠷ᠂ 6400 ᠮᠧᠲᠷ᠂ 8000 ᠮᠧᠲᠷ ᠪᠠᠭᠲᠠᠨ᠎ᠠ᠃ | | ᠠᠮᠢᠯᠠᠬᠤ ᠤᠷᠤᠯᠳᠤᠭᠠᠨ ᠤ ᠲᠦᠷᠦᠯ ᠵᠦᠢᠯ | 1.ᠬᠤᠷᠳᠤᠨ ᠠᠳᠤᠭᠤᠨ ᠤ ᠪᠦᠭᠡᠮ | ᠨᠡᠶᠢᠲᠡ 4 ᠵᠦᠢᠯ᠂ 1.40 ᠮᠧᠲᠷ ᠠᠴᠠ ᠳᠣᠷᠣᠭᠰᠢ᠂ 1.40-1.45 ᠮᠧᠲᠷ᠂ 1.45 ᠮᠧᠲᠷ ᠠᠴᠠ | ᠳᠣᠷᠣᠭᠰᠢ ᠬᠤᠷᠳᠤᠨ ᠮᠣᠷᠢ᠂ 1.45 ᠮᠧᠲᠷ ᠠᠴᠠ ᠳᠣᠷᠣᠭᠰᠢ ᠴᠣᠬᠤᠷ ᠮᠣᠷᠢ ᠶᠢᠨ ᠬᠤᠷᠳᠤᠴᠠ ᠶᠢᠨ | ᠤᠷᠤᠯᠳᠤᠭᠠᠨ ᠤ ᠵᠠᠢ ᠨᠢ 3 200 ᠮᠧᠲᠷ ︵ᠡᠩᠨᠡᠭᠡ ᠪᠦᠷᠢ ᠠᠴᠠ ᠤᠳᠠᠭ᠎ᠠ ᠪᠦᠷᠢ ᠨᠢᠭᠡ ᠲᠤᠯᠤᠭᠠᠢ ᠮᠣᠷᠢ | ᠭᠠᠷᠭᠠᠨ᠎ᠠ︶᠃ | 2.ᠵᠢᠷᠤᠭ᠎ᠠ ᠮᠤᠷᠢᠨ ᠤ ᠪᠦᠭᠡᠮ | ᠨᠡᠶᠢᠲᠡ 2 ᠲᠥᠷᠥᠯ ᠪᠠᠶᠢᠵᠤ᠂ 1.40 ᠮᠧᠲᠷ ᠠᠴᠠ ᠳᠣᠷᠣᠭᠰᠢ᠂ ᠳᠡᠭᠡᠭᠰᠢ ᠵᠢᠷᠤᠭ᠎ᠠ ᠮᠣᠷᠢ᠂ | ᠤᠷᠤᠯᠳᠤᠭᠠᠨ ᠤ ᠵᠠᠢ ᠨᠢ 3200 ᠮᠧᠲᠷ ︵ᠡᠩᠨᠡᠭᠡ ᠪᠦᠷᠢ ᠠᠴᠠ ᠤᠳᠠᠭ᠎ᠠ ᠪᠦᠷᠢ ᠨᠢᠭᠡ ᠲᠤᠯᠤᠭᠠᠢ ᠮᠣᠷᠢ | ᠭᠠᠷᠭᠠᠨ᠎ᠠ︶᠃ | ᠶᠡᠷᠦᠩᠬᠡᠢ ᠰᠢᠢᠳᠪᠦᠷᠢᠲᠦ ᠤᠷᠤᠯᠳᠤᠭᠠᠨ ᠤ ᠵᠦᠢᠯ | 1.ᠬᠤᠷᠳᠤᠨ ᠮᠣᠷᠢ | ᠨᠡᠶᠢᠲᠡ 4 ᠵᠦᠢᠯ ᠪᠠᠶᠢᠵᠤ᠂ ᠲᠣᠰ ᠲᠣᠰ 1.40 ᠮᠧᠲᠷ ᠠᠴᠠ ᠳᠣᠷᠣᠭᠰᠢᠬᠢ ᠬᠤᠷᠳᠤᠨ ᠮᠣᠷᠢ ᠨᠢ | 3200 ᠮᠧᠲᠷ᠂ 1.40-1.45 ᠮᠧᠲᠷ ᠤᠨ ᠬᠤᠷᠳᠤᠨ ᠮᠣᠷᠢ ᠨᠢ 3200 ᠮᠧᠲᠷ᠂ 1.45 ᠮᠧᠲᠷ ᠠᠴᠠ | ᠳᠡᠭᠡᠭᠰᠢᠬᠢ ᠬᠤᠷᠳᠤᠨ ᠮᠣᠷᠢ ᠨᠢ 3200 ᠮᠧᠲᠷ᠂ 1.45 ᠮᠧᠲᠷ ᠠᠴᠠ ᠳᠣᠷᠣᠭᠰᠢᠬᠢ ᠴᠣᠬᠤᠷ ᠮᠣᠷᠢ ᠨᠢ | 3200 ᠮᠧᠲᠷ ᠲᠤ ᠬᠦᠷᠴᠦ᠂ ︵ᠡᠩᠨᠡᠭᠡ ᠪᠦᠷᠢ ᠡᠴᠡᠤᠳᠠᠭᠠ ᠪᠦᠷᠢ ᠬᠤᠶᠠᠷ ᠲᠤᠯᠤᠭᠠᠢ ᠮᠣᠷᠢ ᠭᠠᠷᠭᠠᠨ᠎ᠠ︶᠃ | 2.ᠵᠢᠷᠤᠭ᠎ᠠ ᠮᠤᠷᠢᠨ ᠤ ᠪᠦᠭᠡᠮ | ᠨᠡᠶᠢᠲᠡ 2 ᠵᠦᠢᠯ᠂ ᠲᠣᠰ ᠲᠣᠰ᠄ 1.40 ᠮᠧᠲᠷ ᠠᠴᠠ ᠳᠣᠷᠣᠭᠰᠢ᠂ ᠳᠡᠭᠡᠭᠰᠢ ᠵᠢᠷᠤᠭ᠎ᠠ ᠮᠣᠷᠢ᠂ | ᠤᠷᠤᠯᠳᠤᠭᠠᠨ ᠤ ᠵᠠᠢ 3200 ᠮᠧᠲᠷ ︵ᠡᠩᠨᠡᠭᠡ ᠪᠦᠷᠢ ᠠᠴᠠ ᠤᠳᠠᠭ᠎ᠠ ᠪᠦᠷᠢ ᠬᠤᠶᠠᠷᠲ᠋ᠤᠯᠤᠭᠠᠢ ᠮᠣᠷᠢ ᠭᠠᠷᠭᠠᠨ᠎ᠠ︶ | ᠃ | 3.ᠬᠤᠯᠢᠮᠠᠭ ᠪᠤᠤᠬᠢᠶ᠎ᠠ | ᠨᠡᠶᠢᠲᠡ 2 ᠵᠦᠢᠯ᠂ ᠲᠤᠰ ᠲᠤᠰ ᠬᠤᠷᠳᠤᠨ ᠮᠤᠷᠢᠨ ᠤ ᠬᠤᠯᠢᠮᠠᠭ ᠪᠤᠤᠬᠢᠶ᠎ᠠ 4 × 1600 ᠮᠧᠲᠷ ︵1. | 40 ᠮᠧᠲᠷ ᠠᠴᠠ ᠲᠤᠷᠤᠭᠰᠢ 2 ᠲᠣᠯᠣᠭᠠᠢ᠂ 1.40 ᠮᠧᠲᠷ —1.45 ᠮᠧᠲᠷ 1 ᠲᠣᠯᠣᠭᠠᠢ᠂ 1.45 ᠮᠧᠲᠷ | ᠠᠴᠠ ᠳᠡᠭᠡᠭᠰᠢ 1 ᠲᠣᠯᠣᠭᠠᠢ︶ ; ᠵᠢᠷᠤᠭ᠎ᠠ ᠮᠣᠷᠢᠨ ᠤ ᠬᠤᠯᠢᠮᠠᠭ ᠪᠤᠤᠬᠢᠶ᠎ᠠ 4 × 1600 ᠮᠧᠲᠷ ︵1.40 | ᠮᠧᠲᠷ ᠠᠴᠠ ᠳᠡᠭᠡᠭᠰᠢ᠂ ᠲᠤᠷᠤᠭᠰᠢ ᠲᠤᠰ ᠪᠦᠷᠢ 2 ᠲᠤᠯᠤᠭᠠᠢ︶ | ︵ᠬᠤᠶᠠᠷ︶ 2025 ᠶᠢᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠣᠷᠢᠨ ᠤᠷᠤᠯᠳᠤᠭᠠᠨ ᠤ ︽ | ᠬᠥᠳᠡᠭᠡ ᠲᠣᠰᠬᠤᠨ ᠤ ᠬᠥᠯ ᠪᠦᠮᠪᠦᠭᠡ ᠶᠢᠨ ᠬᠡᠳᠦ ᠬᠤᠯᠪᠤᠭᠠᠳᠤ ᠤᠷᠤᠯᠳᠤᠭᠠᠨ︾ ᠤ ᠨᠡᠷᠡᠲᠦ ᠮᠣᠷᠢᠨ ᠤ | ᠦᠷᠢᠰᠦᠯᠳᠦᠬᠦ ᠤᠷᠤᠯᠳᠤᠭᠠᠨ | ᠤᠷᠤᠯᠳᠤᠭᠠᠨ ᠤ ᠲᠦᠷᠦᠯ ᠵᠦᠢᠯ᠄ ᠵᠣᠷᠰᠢᠯᠲᠣ ᠤᠷᠤᠯᠳᠤᠭᠠᠨ ᠢᠶᠠᠷ ᠯᠠᠪᠯᠠᠯᠲᠠ ᠪᠣᠯᠭᠠᠬᠤ | ᠴᠠᠭ᠄ ᠶᠢᠰᠦᠳᠦᠭᠡᠷ ᠰᠠᠷ᠎ᠠ | ︵ᠭᠤᠷᠪᠠ︶ 2025 ᠶᠢᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠣᠷᠢᠨ ᠤᠷᠤᠯᠳᠤᠭᠠᠨ ᠤ ︽ | ᠬᠥᠳᠡᠭᠡ ᠲᠣᠰᠬᠤᠨ ᠤ ᠬᠥᠯ ᠪᠦᠮᠪᠦᠭᠡ ᠶᠢᠨ ᠬᠡᠳᠦ ᠬᠤᠯᠪᠤᠭᠠᠳᠤ ᠤᠷᠤᠯᠳᠤᠭᠠᠨ ︾ ᠤ ᠢᠯᠡ ᠤᠷᠤᠯᠳᠤᠭᠠᠨ | ︵ᠲᠠᠪᠤᠨ ᠲᠠᠯᠠᠪᠤᠷ︶ | ᠤᠷᠤᠯᠳᠤᠭᠠᠨ ᠤ ᠲᠥᠷᠥᠯ ᠵᠦᠢᠯ᠄ ᠨᠡᠶᠢᠲᠡ 4 ᠲᠦᠷᠦᠯ᠂ ᠲᠣᠰ ᠲᠣᠰ 1.40 ᠮᠧᠲᠷ ᠠᠴᠠ ᠳᠡᠭᠡᠭᠰᠢ᠂ | ᠳᠣᠷᠣᠭᠰᠢᠬᠢ ᠬᠤᠷᠳᠤᠨ ᠮᠣᠷᠢ ᠪᠠ 1.40 ᠮᠧᠲᠷ ᠠᠴᠠ ᠳᠡᠭᠡᠭᠰᠢ᠂ ᠳᠣᠷᠣᠭᠰᠢᠬᠢ ᠵᠢᠷᠤᠭ᠎ᠠ ᠮᠣᠷᠢ ᠪᠣᠯᠣᠨ᠎ᠠ᠃ | ᠤᠷᠤᠯᠳᠤᠭᠠᠨ ᠤ ᠵᠠᠢ᠄ 3200 ᠮᠧᠲᠷ᠂ 4800 ᠮᠧᠲᠷ᠂ 6400 ᠮᠧᠲᠷ᠃ | ᠴᠠᠭ᠄ 5 ᠳ᠋ᠤᠭᠠᠷ ᠰᠠᠷ᠎ᠠ ᠳᠤ ᠨᠢᠭᠡ ᠤᠳᠠᠭ᠎ᠠ᠂ 6 ᠳ᠋ᠤᠭᠠᠷ ᠰᠠᠷ᠎ᠠ ᠳᠤ ᠨᠢᠭᠡ ᠤᠳᠠᠭ᠎ᠠ᠂ ᠳᠣᠯᠣᠳᠤᠭᠠᠷ | ᠰᠠᠷ᠎ᠠ ᠳᠤ ᠨᠢᠭᠡ ᠤᠳᠠᠭ᠎ᠠ᠂ ᠨᠠᠢᠮᠠᠳᠤᠭᠠᠷ ᠰᠠᠷ᠎ᠠ ᠳᠤ ᠨᠢᠭᠡ ᠤᠳᠠᠭ᠎ᠠ᠂ 10 ᠳ᠋ᠤᠭᠠᠷ ᠰᠠᠷ᠎ᠠ ᠳᠤ ᠨᠢᠭᠡ ᠤᠳᠠᠭ᠎ᠠ | ᠪᠣᠯᠤᠨ᠎ᠠ᠃ | ᠤᠷᠤᠯᠳᠤᠭᠠᠨ ᠳᠤ ᠣᠷᠣᠯᠴᠠᠬᠤ ᠬᠢᠷᠢ ᠬᠡᠮ | ᠮᠣᠷᠢᠨ ᠤᠷᠤᠯᠳᠤᠭᠠᠨ ᠤ ︽ᠬᠥᠳᠡᠭᠡ ᠲᠣᠰᠬᠤᠨ ᠤ ᠬᠥᠯ ᠪᠦᠮᠪᠦᠭᠡ ᠶᠢᠨ ᠬᠡᠳᠦ ᠬᠤᠯᠪᠤᠭᠠᠳᠤ ᠤᠷᠤᠯᠳᠤᠭᠠᠨ | ︾ ᠨᠡᠶᠢᠲᠡ ᠬᠤᠪᠢ ᠶᠢᠨ ᠬᠤᠯᠪᠣᠭᠠᠲᠤ ᠤᠷᠤᠯᠳᠤᠭᠠᠨ ᠳᠤ ᠣᠷᠣᠯᠴᠠᠭᠰᠠᠨ ᠮᠣᠷᠢ ᠪᠣᠯᠣᠨ ᠡᠵᠡᠨ᠂ ᠡᠷᠬᠡᠪᠰᠢ | ᠬᠠᠷᠢᠶᠠᠲᠣ ᠣᠷᠣᠨ ᠤ ᠰᠤᠮᠤ ᠰᠢᠶᠠᠩ ᠪᠠᠯᠭᠠᠰᠤᠨ ᠤ ᠵᠠᠰᠠᠭ ᠤᠨ ᠣᠷᠳᠣᠨ ᠪᠤᠶᠤ ᠳᠠᠷᠬᠠᠨ ᠮᠤᠤᠮᠢᠩᠭᠠᠨ | ᠬᠤᠯᠪᠣᠭᠠᠲᠤ ᠬᠤᠰᠢᠭᠤᠨ ᠤ ᠨᠡᠶᠢᠭᠡᠮᠯᠢᠭ᠂ ᠠᠵᠤ ᠠᠬᠤᠶᠢᠯᠠᠯ᠂ ᠺᠯᠦ᠋ᠪ ᠵᠡᠷᠭᠡ ᠵᠣᠬᠢᠶᠠᠨ ᠪᠠᠶᠢᠭᠤᠯᠤᠯᠲᠠ ᠶᠢᠨ | ᠪᠠᠶᠢᠭᠤᠯᠤᠮᠵᠢ ᠪᠠᠷ ᠨᠡᠷ᠎ᠡ ᠮᠡᠳᠡᠭᠦᠯᠵᠦ᠂ ᠬᠤᠯᠪᠣᠭᠠᠲᠤ ᠤᠷᠤᠯᠳᠤᠭᠠᠨ ᠳᠤ ᠬᠤᠪᠢ ᠬᠥᠮᠦᠨ ᠤ ᠨᠡᠷ᠎ᠡ ᠮᠡᠳᠡᠭᠦᠯᠬᠦ ᠶᠢ | ᠬᠦᠯᠢᠶᠡᠬᠦ ᠦᠭᠡᠢ᠃ ᠮᠣᠷᠢᠨ ᠤᠷᠤᠯᠳᠤᠭᠠᠨ ᠤ ︽ᠬᠥᠳᠡᠭᠡ ᠲᠣᠰᠬᠤᠨ ᠤ ᠬᠥᠯ ᠪᠦᠮᠪᠦᠭᠡ ᠶᠢᠨ ᠬᠡᠳᠦ ᠬᠤᠯᠪᠤᠭᠠᠳᠤ | ᠤᠷᠤᠯᠳᠤᠭᠠᠨ︾ ᠤ ᠢᠯᠡ ᠤᠷᠤᠯᠳᠤᠭᠠᠨᠨᠢ ᠬᠤᠪᠢ ᠬᠥᠮᠦᠨ ᠢᠶᠠᠷ ᠨᠢᠭᠡᠴᠢ ᠪᠣᠯᠭᠠᠨ ᠨᠡᠷ᠎ᠡ ᠮᠡᠳᠡᠭᠦᠯᠵᠦ᠂ ᠮᠣᠷᠢ | ᠣᠷᠣᠯᠳᠣᠬᠤ ︽ᠬᠥᠳᠡᠭᠡ ᠲᠣᠰᠬᠤᠨ ᠤ ᠬᠥᠯ ᠪᠦᠮᠪᠦᠭᠡ ᠶᠢᠨ ᠬᠡᠳᠦ ᠬᠤᠯᠪᠤᠭᠠᠳᠤ ᠤᠷᠤᠯᠳᠤᠭᠠᠨ︾ ᠤ ᠨᠡᠷᠡᠲᠦ | ᠮᠣᠷᠢᠨ ᠤ ᠦᠷᠢᠰᠦᠯᠳᠦᠬᠦ ᠣᠷᠣᠯᠳᠣᠭᠠᠨ ᠨᠢ ᠨᠡᠶᠢᠲᠡ ᠬᠤᠪᠢ ᠶᠢᠨ ᠬᠤᠯᠪᠣᠭᠠᠲᠤ ᠤᠷᠤᠯᠳᠤᠭᠠᠨ ᠳᠤ ᠣᠷᠣᠯᠴᠠᠭᠰᠠᠨ | ᠡᠯ᠎ᠡ ᠡᠩᠨᠡᠭᠡ ᠠᠴᠠ ᠲᠠᠨᠢᠯᠴᠠᠭᠤᠯᠣᠨ ᠨᠡᠷ᠎ᠡ ᠮᠡᠳᠡᠭᠦᠯᠦᠨ᠎ᠡ᠃ | ᠤᠷᠤᠯᠳᠤᠭᠠᠨ ᠳᠤ ᠤᠷᠤᠯᠴᠠᠬᠤ ᠱᠠᠭᠠᠷᠳᠠᠯᠭ᠎ᠠ | 1.ᠰᠤᠮᠤ ᠰᠢᠶᠠᠩ ᠪᠠᠯᠭᠠᠰᠤ᠂ ᠬᠠᠷᠢᠶᠠᠲᠣ ᠣᠷᠣᠨ ᠤ ᠠᠵᠤ ᠠᠬᠤᠶᠢᠯᠠᠯ᠂ ᠨᠡᠶᠢᠭᠡᠮᠯᠢᠭ ᠢᠶᠠᠷ ᠨᠢᠭᠡᠴᠢ ᠪᠣᠯᠭᠠᠨ | ᠳᠠᠩᠰᠠᠯᠠᠭᠤᠯᠤᠨ ᠲᠡᠮᠳᠡᠭᠯᠡᠭᠦᠯᠦᠨ᠎ᠡ᠂ ᠡᠯ᠎ᠡ ᠰᠤᠮᠤ ᠰᠢᠶᠠᠩ ᠪᠠᠯᠭᠠᠰᠤ᠂ ᠡᠯ᠎ᠡ ᠬᠠᠷᠢᠶᠠᠳᠣ ᠣᠷᠣᠨ ᠤ ᠠᠵᠤ | ᠠᠬᠤᠶᠢᠯᠠᠯ᠂ ᠨᠡᠶᠢᠭᠡᠮᠯᠢᠭ᠂ ᠺᠯᠦ᠋ᠪ ᠨᠢ ᠬᠤᠯᠪᠣᠭᠠᠲᠤ ᠤᠷᠤᠯᠳᠤᠭᠠᠨ ᠤ ᠵᠣᠬᠢᠶᠠᠨ ᠪᠠᠶᠢᠭᠤᠯᠤᠯᠲᠠ ᠳᠤ ᠡᠩᠨᠡᠭᠡᠨ ᠤ | ᠨᠡᠷᠡᠶᠢᠳᠦᠯ᠂ ᠡᠩᠨᠡᠭᠡᠨ ᠤ ᠰᠦᠯᠳᠡ᠂ ᠠᠩᠭᠢ ᠳᠠᠭᠠᠭᠤᠯᠤᠭᠴᠢ᠂ ᠭᠡᠰᠢᠭᠦᠳ ᠤᠨ ᠨᠡᠷᠡᠰ᠂ ᠬᠠᠷᠢᠯᠴᠠᠬᠤ ᠠᠷᠭ᠎ᠠ | ᠮᠠᠶ᠋ᠢᠭ᠂ ᠮᠣᠷᠢᠨ ᠤ ᠮᠡᠳᠡᠭᠡ ᠵᠠᠩᠭᠢ ︵ᠨᠡᠷᠡᠰ᠂ ᠬᠢᠷᠢ ᠪᠦᠲᠦᠮᠵᠢ᠂ ᠮᠣᠷᠢᠨ ᠤ ᠭᠡᠷᠡᠯ ᠵᠢᠷᠤᠭ︶᠂ ᠮᠣᠷᠢᠲᠠᠨ ᠤ | ᠮᠡᠳᠡᠭᠡ ᠵᠠᠩᠭᠢ᠂ ᠮᠣᠷᠢᠨ ᠡᠵᠡᠨ ᠤ ᠮᠡᠳᠡᠭᠡ ᠵᠠᠩᠭᠢ ᠶᠢ ᠲᠤᠰᠢᠶᠠᠬᠤ ᠶᠢᠨ ᠬᠠᠮᠲᠤ ᠰᠠᠬᠢᠯᠭ᠎ᠠ ᠪᠠᠲᠤ ᠶᠢᠨ | ᠪᠠᠲᠤᠯᠠᠭ᠎ᠠ ᠶᠢᠨ ᠮᠥᠩᠭᠦ 2000 ᠲᠥᠭᠦᠷᠢᠭ ︵ᠤᠷᠤᠯᠳᠤᠭᠠᠨ ᠤ ᠳᠣᠮᠳᠠ ᠣᠬᠤᠷᠢᠨ ᠭᠠᠷᠬᠤ ᠶᠢ ᠰᠡᠷᠭᠡᠶᠢᠯᠡᠬᠦ︶ | ᠬᠡᠷᠡᠭᠲᠡᠶ᠃ ᠡᠯ᠎ᠡ ᠲᠥᠯᠥᠭᠡᠯᠡᠭᠴᠢᠳ ᠤᠨ ᠠᠩᠭᠢ ᠨᠡᠷ᠎ᠡ ᠮᠡᠳᠡᠭᠦᠯᠦᠭᠰᠡᠨ ᠤ ᠳᠠᠷᠠᠭ᠎ᠠ ᠳᠠᠷᠤᠶ ᠮᠠᠯ ᠤᠨ ᠡᠮᠴᠢ ᠪᠠ | ᠬᠢᠨᠠᠭᠴᠢ᠂ ᠬᠢᠨᠠᠨ ᠬᠠᠮᠠᠭᠠᠯᠠᠬᠤ ᠬᠥᠮᠦᠰ ᠢ ᠵᠢᠯᠣᠭᠤᠳᠬᠤ ᠪᠠ ᠲᠠᠰᠤᠯᠤᠨ ᠲᠣᠷᠭᠠᠬᠤ ᠰᠢᠢᠳᠪᠦᠷᠢ᠂ ᠮᠣᠷᠢ ᠶᠢ | ᠲᠠᠯᠠᠪᠤᠷ ᠲᠤ ᠣᠷᠣᠭᠤᠯᠬᠤ ᠠᠵᠢᠯᠯᠠᠭ᠎ᠠ ᠶᠢ ᠨᠥᠬᠦᠴᠡᠯ ᠦᠭᠡᠢ ᠪᠠᠷ ᠳᠠᠭᠠᠨ᠎ᠠ᠃ | 2.ᠮᠣᠷᠢ ᠤᠷᠤᠯᠳᠤᠬᠤ ᠳᠤ ︽ᠬᠥᠳᠡᠭᠡ ᠲᠣᠰᠬᠤᠨ ᠤ ᠬᠥᠯ ᠪᠦᠮᠪᠦᠭᠡ ᠶᠢᠨ ᠬᠡᠳᠦ ᠬᠤᠯᠪᠤᠭᠠᠳᠤ | ᠤᠷᠤᠯᠳᠤᠭᠠᠨ︾ ᠨᠡᠶᠢᠲᠡ ᠬᠤᠪᠢ ᠶᠢᠨ ᠤᠷᠤᠯᠳᠤᠭᠠᠨ ᠳᠤ ᠣᠷᠣᠯᠴᠠᠬᠤ ᠮᠣᠷᠢ ᠶᠢ ᠳᠠᠩᠰᠠᠯᠠᠭᠤᠯᠤᠨ ᠥᠪᠥᠷ | ᠮᠣᠩᠭᠤᠯ ᠤᠨ ᠮᠣᠷᠢᠨ ᠮᠡᠷᠭᠡᠵᠢᠯ ᠤᠨ ᠨᠡᠶᠢᠭᠡᠮᠯᠢᠭ ᠤᠨ ᠠᠳᠤᠭᠤᠨ ᠤ ᠫᠠᠰᠫᠣᠷᠲ ᠢ ᠣᠯᠬᠤ ᠬᠡᠷᠡᠭᠲᠡᠢ᠃ ᠡᠩᠨᠡᠭᠡ | ᠨᠢᠭᠡᠪᠦᠷᠢ ᠨᠢ 1000 ᠲᠥᠭᠦᠷᠢᠭ / ᠨᠢᠭᠡ ᠲᠤᠯᠤᠭᠠᠢ ᠶᠢᠨ ᠪᠠᠷᠢᠮᠵᠢᠶ᠎ᠠ ᠶᠣᠰᠣᠭᠠᠷ ᠨᠡᠷ᠎ᠡ ᠮᠡᠳᠡᠭᠦᠯᠬᠦ ᠰᠦᠢᠳᠭᠡᠯ | ᠲᠤᠰᠢᠶᠠᠨ᠎ᠠ᠂ ᠨᠡᠷ᠎ᠡ ᠮᠡᠳᠡᠭᠦᠯᠬᠦ ᠰᠦᠢᠳᠭᠡᠯ ᠢ ᠮᠣᠷᠢᠨ ᠤ ᠳᠠᠩᠰᠠᠯᠠᠬᠤ᠂ ᠮᠣᠷᠢᠲᠠᠨ ᠤ ᠭᠡᠨᠡᠳᠲᠡ ᠶᠢᠨ ᠳᠠᠭᠠᠳᠭᠠᠯ᠂ | ᠲᠠᠯᠠᠪᠤᠷ ᠤᠨ ᠬᠠᠮᠢᠶᠠᠷᠤᠯᠲᠠ ᠵᠡᠷᠭᠡ ᠳᠤ ᠬᠡᠷᠡᠭᠯᠡᠨ᠎ᠡ᠃ ᠤᠷᠤᠯᠳᠤᠭᠠᠨ ᠳᠤ ᠮᠣᠷᠢ ᠪᠦᠷᠢ ᠲᠠᠷᠢᠯᠭ᠎ᠠ ᠬᠢᠬᠦ ᠶᠢᠨ | ᠬᠠᠮᠲᠤ ᠡᠷᠡᠭᠦᠯ ᠮᠡᠨᠳᠦ ᠶᠢᠨ ᠪᠠᠶᠢᠴᠠᠭᠠᠯᠲᠠ ᠶᠢ ᠲᠤᠭᠤᠯᠬᠤ ᠬᠡᠷᠡᠭᠲᠡᠢ᠃ ᠠᠳᠤᠭᠤᠨ ᠤ ᠣᠷᠣᠨ ᠪᠦᠰᠡ ᠢ | ᠬᠢᠵᠠᠭᠠᠷᠯᠠᠬᠤ ᠦᠭᠡᠢ᠃ | 3.ᠠᠳᠤᠭᠤᠨ ᠤ ᠡᠵᠡᠨ ᠤ ᠣᠷᠣᠨ ᠪᠦᠰᠡ ᠶᠢ ᠬᠢᠵᠠᠭᠠᠷᠯᠠᠬᠤ ᠦᠭᠡᠢ᠃ ᠮᠣᠷᠢᠲᠠᠨ ᠤ ᠭᠠᠵᠠᠷ ᠣᠷᠣᠨ᠂ | ᠬᠦᠢᠰᠦ ᠶᠢᠨ ᠢᠯᠭᠠᠯ ᠢ ᠬᠢᠵᠠᠭᠠᠷᠯᠠᠬᠤ ᠦᠭᠡᠢ᠂ ᠪᠦᠬᠦᠯᠢ 16 ᠨᠠᠰᠤ ᠬᠦᠷᠦᠭᠡᠳᠦᠢ ᠮᠣᠷᠢᠲᠠᠨ ᠤ ᠬᠢᠨᠠᠨ | ᠬᠠᠮᠠᠭᠠᠯᠠᠭᠴᠢ ᠶᠢᠨ ᠤᠷᠤᠯᠳᠤᠭᠠᠨ ᠳᠤ ᠣᠷᠣᠯᠴᠠᠬᠤ ᠶᠢ ᠵᠥᠪᠰᠢᠶᠡᠷᠡᠭᠰᠡᠨ ᠭᠡᠷᠡᠴᠢ ᠪᠠ ᠬᠠᠷᠢᠭᠤᠴᠠᠯᠭ᠎ᠠ ᠠᠴᠠ | ᠬᠡᠯᠲᠦᠷᠢᠭᠦᠯᠬᠦ ᠬᠡᠯᠡᠯᠴᠡᠭᠡᠷ ᠬᠠᠩᠭᠠᠬᠤ ᠬᠡᠷᠡᠭᠲᠡᠢ ; ᠮᠣᠷᠢᠲᠠᠨ ᠨᠢ ᠤᠷᠤᠯᠳᠤᠭᠠᠨ ᠤ ᠬᠤᠭᠤᠴᠠᠭᠠᠨ ᠳᠤ | ᠤᠷᠤᠯᠳᠤᠭᠠᠨ ᠤ ᠠᠮᠤᠷ ᠲᠦᠪᠰᠢᠨ ᠤ ᠮᠠᠯᠠᠭᠠᠢ ᠶᠢ ᠪᠦᠬᠦ ᠶᠠᠪᠤᠴᠠ ᠳᠤ ᠴᠢᠩᠭ᠎ᠠ ᠵᠡᠭᠦᠵᠦ᠂ ᠡᠩᠨᠡᠭᠡᠨ ᠤ ᠬᠤᠪᠴᠠᠰᠤ | ᠬᠤᠨᠠᠷ ᠢᠶᠠᠨ ᠡᠮᠦᠰᠴᠦ᠂ ᠮᠣᠷᠢᠨ ᠬᠠᠭᠠᠯᠲᠠ ᠪᠠᠷ ᠳᠠᠮᠵᠢᠨ ᠤᠷᠤᠯᠳᠤᠭᠠᠨ ᠶᠠᠪᠤᠭᠤᠯᠬᠤ ᠬᠡᠷᠡᠭᠲᠡᠢ᠃ | 4.ᠵᠣᠷᠰᠢᠯᠲᠣ ᠤᠷᠤᠯᠳᠤᠭᠠᠨ ᠳᠠᠭᠤᠰᠤᠭᠰᠠᠨ ᠤ ᠳᠠᠷᠠᠭ᠎ᠠ᠂ ᠡᠯ᠎ᠡ ᠡᠩᠨᠡᠭᠡᠨ ᠤ ᠬᠤᠪᠢ ᠶᠢ ᠴᠥᠮ ᠲᠡᠭ | ᠪᠤᠯᠭᠠᠪᠠ᠃ ᠠᠮᠢᠯᠠᠬᠤ ᠤᠷᠤᠯᠳᠤᠭᠠᠨ ᠤ ᠨᠡᠶᠢᠲᠡ ᠬᠤᠪᠢ ᠶᠢ ᠳᠠᠬᠢᠨ ᠬᠤᠷᠠᠮᠳᠤᠭᠤᠯᠵᠤ᠂ ᠡᠯ᠎ᠡ ᠡᠩᠨᠡᠭᠡ ᠡᠯ᠎ᠡ | ᠲᠥᠷᠥᠯ ᠵᠦᠢᠯ ᠤᠨ ᠶᠡᠷᠦᠩᠬᠡᠢ ᠨᠡᠶᠢᠲᠡ ᠬᠤᠪᠢ ᠶᠢ ᠦᠨᠳᠦᠰᠦᠯᠡᠨ᠂ 2 ᠠᠮᠢᠯᠠᠬᠤ ᠣᠷᠣᠨ ᠲᠤᠭ᠎ᠠ ᠶᠢ ᠲᠣᠭᠲᠠᠭᠠᠪᠠ | ᠃ ᠨᠠᠢᠮᠠᠨ ᠬᠦᠴᠦᠷᠬᠡᠭ ᠪᠣᠶ ᠪᠣᠯᠤᠭᠰᠠᠨ ᠤ ᠳᠠᠷᠠᠭ᠎ᠠ᠂ ᠵᠣᠬᠢᠶᠠᠨ ᠪᠠᠶᠢᠭᠤᠯᠬᠤ ᠺᠣᠮᠢᠰ ᠠᠴᠠ ᠬᠤᠷᠠᠯ ᠤᠨ ᠴᠣᠩᠬᠤ ᠶᠢ | ᠨᠡᠭᠡᠭᠡᠵᠦ᠂ ᠲᠤᠬᠠᠶ ᠶᠢᠨ ᠦᠶ᠎ᠡ ᠳᠤ ᠡᠩᠨᠡᠭᠡ ᠨᠢᠭᠡᠪᠦᠷᠢ ᠬᠠᠮᠤᠭ ᠣᠯᠠᠨ ᠳᠠᠭᠠᠨ 3 ᠮᠣᠷᠢ ᠰᠣᠯᠢᠵᠤ ᠪᠣᠯᠣᠨ᠎ᠠ᠂ | ᠶᠡᠷᠦᠩᠬᠡᠶ ᠰᠢᠢᠳᠪᠦᠷᠢᠲᠦ ᠤᠷᠤᠯᠳᠤᠭᠠᠨ ᠳᠤ ᠨᠡᠷ᠎ᠡ ᠮᠡᠳᠡᠭᠦᠯᠬᠦ ᠶᠢ ᠳᠠᠭᠤᠰᠬᠠᠨ᠎ᠠ᠃ | 5.ᠤᠷᠤᠯᠳᠤᠭᠠᠨ ᠤ ᠬᠤᠭᠤᠴᠠᠭᠠᠨ ᠳᠤ᠂ ᠡᠯ᠎ᠡ ᠰᠤᠮᠤ ᠰᠢᠶᠠᠩ ᠪᠠᠯᠭᠠᠰᠤ ᠨᠢᠭᠡᠪᠦᠷᠢ ᠭᠠᠵᠠᠷ ᠣᠷᠣᠨ ᠤ | ᠣᠨᠴᠠᠯᠢᠭ ᠲᠠᠢ ᠤᠶᠠᠯᠳᠤᠭᠤᠯᠤᠨ ᠨᠢᠭᠡ ᠤᠳᠠᠭᠠᠨ ᠤ ᠮᠣᠷᠢᠨ ᠤ ᠭᠤᠤᠯ ᠰᠡᠳᠦᠪᠲᠦ ᠠᠵᠢᠯᠯᠠᠭ᠎ᠠ ᠶᠢ ᠵᠣᠬᠢᠶᠠᠨ | ᠪᠠᠶᠢᠭᠤᠯᠤᠨ᠎ᠠ᠂ ᠡᠭᠦᠨ ᠳᠤ ᠨᠠᠮᠨᠠᠬᠤ᠂ ᠬᠠᠳᠠᠭ ᠲᠡᠭᠦᠬᠦ᠂ ᠮᠣᠷᠢᠨ ᠮᠡᠷᠭᠡᠵᠢᠯ᠂ ᠮᠣᠷᠢ ᠤᠷᠭᠠᠯᠠᠬᠤ᠂ ᠮᠣᠷᠢᠨ ᠤ | ᠭᠤᠸ᠎ᠠ ᠰᠠᠶᠢᠬᠠᠨ ᠢ ᠰᠣᠩᠭᠤᠬᠤ᠂ ᠠᠳᠤᠭᠤᠨ ᠳᠡᠯ ᠵᠠᠰᠠᠬᠤ᠂ ᠮᠣᠷᠢᠨ ᠤ ᠰᠤᠷᠭᠠᠯᠲᠠ᠂ ᠤᠨᠠᠭ᠎ᠠ ᠪᠣᠯᠪᠠᠰᠣᠷᠠᠬᠤ | ᠤᠷᠤᠯᠳᠤᠭᠠᠨ ᠵᠡᠷᠭᠡ ᠪᠠᠭᠲᠠᠨ᠎ᠠ᠂ ᠬᠦᠳᠡᠯᠭᠡᠭᠡᠨ ᠤ ᠭᠤᠶᠢᠳᠠ ᠰᠠᠶᠢᠬᠠᠨ ᠪᠠ ᠰᠣᠨᠢᠷᠬᠠᠯᠲᠤ ᠴᠢᠨᠠᠷ ᠢ ᠪᠠᠲᠤᠯᠠᠬᠤ | ᠬᠡᠷᠡᠭᠲᠡᠶ᠃ | ᠬᠢᠨᠠᠭᠴᠢ ᠶᠢᠨ ᠡᠩᠨᠡᠭᠡ | ᠬᠢᠨᠠᠭᠴᠢ ᠶᠢᠨ ᠡᠩᠨᠡᠭᠡ ᠶᠢ ᠴᠢᠩᠭᠠᠳᠬᠠᠵᠤ᠂ ᠲᠤᠰᠬᠠᠶ ᠮᠡᠷᠭᠡᠵᠢᠯ ᠤᠨ ᠭᠦᠢᠴᠡᠳᠭᠡᠬᠦ ᠴᠢᠳᠠᠪᠤᠷᠢ ᠶᠢ | ᠳᠡᠭᠡᠭᠰᠢᠯᠡᠭᠦᠯᠬᠦ ᠶᠢᠨ ᠲᠥᠯᠥᠭᠡ᠂ 2025 ᠣᠨ ᠳᠤ ᠤᠷᠤᠯᠳᠤᠭᠠᠨ ᠤ ︽ᠬᠥᠳᠡᠭᠡ ᠲᠣᠰᠬᠤᠨ ᠤ ᠬᠥᠯ | ᠪᠦᠮᠪᠦᠭᠡ ᠶᠢᠨ ᠬᠡᠳᠦ ᠬᠤᠯᠪᠤᠭᠠᠳᠤ ᠤᠷᠤᠯᠳᠤᠭᠠᠨ︾ ᠤ ᠬᠢᠨᠠᠭᠴᠢ ᠥᠪᠡᠷᠲᠡᠭᠡᠨ ᠵᠠᠰᠠᠬᠤ ᠣᠷᠣᠨ ᠤ ᠮᠣᠷᠢᠨ | ᠮᠡᠷᠭᠡᠵᠢᠯ ᠤᠨ ᠨᠡᠶᠢᠭᠡᠮᠯᠢᠭ ᠢᠶᠠᠷ ᠳᠠᠮᠵᠢᠭᠤᠯᠤᠨ ᠬᠢᠨᠠᠭᠴᠢ ᠶᠢᠨ ᠰᠤᠷᠭᠠᠭᠴᠢ ᠶᠢ ᠰᠣᠩᠭᠤᠨ ᠲᠣᠮᠢᠯᠠᠵᠤ᠂ ᠪᠥᠬᠦ | ᠬᠤᠰᠢᠭᠤᠨ ᠳᠤ ᠬᠠᠨᠳᠤᠭᠤᠯᠤᠨ ᠢᠯᠡ ᠪᠠᠷ ᠡᠯᠰᠡᠬᠦ ᠵᠡᠷᠭᠡ ᠠᠷᠭ᠎ᠠ ᠮᠠᠶ᠋ᠢᠭ ᠢᠶᠠᠷ ᠵᠣᠬᠢᠶᠠᠨ ᠪᠠᠶᠢᠭᠤᠯᠵᠤ᠂ | ᠤᠷᠤᠯᠳᠤᠭᠠᠨ ᠳᠤ ᠣᠷᠣᠯᠴᠠᠭᠰᠠᠳ ᠬᠢᠨᠠᠭᠴᠢ ᠶᠢᠨ ᠡᠩᠨᠡᠭᠡᠨ ᠳᠤ ᠣᠷᠣᠵᠤ ᠪᠣᠯᠬᠤ ᠥᠬᠡᠶ᠃ | ᠨᠡᠶᠢᠲᠡ ᠬᠤᠪᠢ ᠶᠢᠨ ᠳᠦᠷᠢᠮ | ᠵᠤᠷᠰᠢᠯᠳᠤ ᠤᠷᠤᠯᠳᠤᠭᠠᠨ ᠤ ᠬᠤᠪᠢ ᠶᠢ ᠬᠤᠷᠳᠤᠨ ᠮᠤᠷᠢᠨ ᠤ ᠲᠤᠭᠤᠶᠢᠯᠠᠩ ︵ᠲᠦᠷᠪᠡᠨ ᠲᠦᠷᠦᠯ︶᠂ | ᠵᠢᠷᠤᠭ᠎ᠠ ᠮᠤᠷᠢᠨ ᠤ ᠲᠤᠭᠤᠶᠢᠯᠠᠩ ︵ᠬᠤᠶᠠᠷ ᠲᠦᠷᠦᠯ︶ ᠢᠶᠠᠷ ᠲᠤᠰ ᠲᠤᠰ ᠬᠤᠪᠢ ᠲᠤᠭᠳᠠᠭᠠᠨ᠎ᠠ᠃ ᠡᠯ᠎ᠡ | ᠲᠦᠷᠦᠯ ᠤᠨ ᠤᠷᠤᠯᠳᠤᠭᠠᠨ ᠤ ᠡᠮᠦᠨᠡᠬᠢ 12 ᠨᠡᠷᠡᠰ ᠲᠤ ᠬᠤᠪᠢ ᠲᠡᠮᠲᠡᠭᠯᠡᠵᠦ᠂ ᠳᠠᠷᠤᠢ ᠨᠢᠬᠡᠳᠤᠬᠡᠷ ᠨᠡᠷᠡᠰ 17 | ᠬᠤᠪᠢ᠂ ᠬᠤᠶᠠᠳᠤᠭᠠᠷ ᠨᠡᠷᠡᠰ15 ᠬᠤᠪᠢ᠂ ᠭᠤᠷᠪᠠᠳᠤᠭᠠᠷ ᠨᠡᠷᠡᠰ13 ᠬᠤᠪᠢ᠂ ᠳᠦᠷᠪᠡᠳᠤᠬᠡᠷ ᠨᠡᠷᠡᠰ 11 | ᠬᠤᠪᠢ᠂ ᠲᠠᠪᠤᠳᠤᠭᠠᠷ ᠨᠡᠷᠡᠰ 10 ᠬᠤᠪᠢ᠂ ᠵᠢᠷᠭᠤᠳᠤᠭᠠᠷ ᠨᠡᠷᠡᠰ 9 ᠬᠤᠪᠢ᠂ ᠳᠤᠯᠤᠳᠤᠭᠠᠷ ᠨᠡᠷᠡᠰ 8 ᠬᠤᠪᠢ᠂ | ᠨᠠᠢᠮᠠᠳᠣᠭᠠᠷ ᠨᠡᠷᠡᠰ 8 ᠬᠤᠪᠢ᠂ ᠶᠢᠰᠦᠳᠦᠬᠡᠷ ᠨᠡᠷᠡᠰ 6 ᠬᠤᠪᠢ᠂ ᠠᠷᠪᠠᠳᠤᠭᠠᠷ ᠨᠡᠷᠡᠰ 5 ᠬᠤᠪᠢ᠂ ᠠᠷᠪᠠᠨ | ᠨᠢᠬᠡᠳᠤᠬᠡᠷ ᠨᠡᠷᠡᠰ 4 ᠬᠤᠪᠢ᠂ ᠠᠷᠪᠠᠨ ᠬᠤᠶᠠᠳᠤᠭᠠᠷ ᠨᠡᠷᠡᠰ 3 ᠬᠤᠪᠢ ᠪᠠᠶᠢᠪᠠ᠃ ᠪᠤᠰᠤᠳ ᠮᠣᠷᠢᠨ ᠳᠤ | ᠤᠷᠤᠯᠳᠤᠭᠠᠨ ᠳᠤ ᠤᠷᠤᠯᠴᠠᠭᠰᠠᠨ ᠬᠤᠪᠢ 1 ᠬᠤᠪᠢ ᠥᠭᠳᠡᠭ᠃ ᠠᠮᠢᠯᠠᠬᠤ ᠤᠷᠤᠯᠳᠤᠭᠠᠨ ᠤ ᠨᠡᠶᠢᠲᠡ ᠬᠤᠪᠢ ᠶᠢᠨ | ᠪᠠᠷᠢᠮᠵᠢᠶ᠎ᠠ ᠶᠢ ᠤᠷᠤᠯᠳᠤᠭᠠᠨ ᠳᠤ ᠣᠷᠣᠯᠴᠠᠬᠤ ᠡᠩᠨᠡᠭᠡ ᠶᠢᠨ ᠲᠤᠭ᠎ᠠ ᠬᠡᠮᠵᠢᠶ᠎ᠡ ᠶᠢ ᠦᠨᠳᠦᠰᠦᠯᠡᠨ ᠲᠣᠭᠲᠠᠭᠠᠬᠤ ᠶᠢᠨ | ᠬᠠᠮᠲᠤ ᠨᠡᠶᠢᠭᠡᠮ ᠨᠡᠶᠢᠲᠡ ᠳᠤ ᠤᠷᠢᠳᠴᠢᠯᠠᠨ ᠢᠯᠡ ᠪᠣᠯᠭᠠᠨ᠎ᠠ᠃ | ᠶᠡᠷᠦᠩᠭᠡᠢ ᠰᠢᠢᠳᠪᠦᠷᠢᠲᠦ ᠤᠷᠤᠯᠳᠤᠭᠠᠨ ᠤ ᠬᠤᠷᠳᠤᠨ ᠮᠣᠷᠢ᠂ ᠵᠢᠷᠤᠭ᠎ᠠ ᠮᠤᠷᠢᠨ ᠤ ᠨᠡᠶᠢᠲᠡ ᠬᠤᠪᠢ ᠶᠢᠨ | ᠪᠠᠷᠢᠮᠵᠢᠶ᠎ᠠ ᠨᠢ ᠨᠢᠭᠡᠲᠦᠭᠡᠷ ᠨᠡᠷᠡᠰ 12 ᠬᠤᠪᠢ᠂ ᠬᠤᠶᠠᠲᠤᠭᠠᠷ ᠨᠡᠷᠡᠰ 11 ᠬᠤᠪᠢ᠂ ᠭᠤᠷᠪᠠᠲᠤᠭᠠᠷ ᠨᠡᠷᠡᠰ 10 | ᠬᠤᠪᠢ᠂ ᠲᠦᠷᠪᠡᠲᠦᠭᠡᠷ ᠨᠡᠷᠡᠰ 8 ᠬᠤᠪᠢ᠂ ᠲᠠᠪᠤᠳᠤᠭᠠᠷ ᠨᠡᠷᠡᠰ 8 ᠬᠤᠪᠢ᠂ ᠵᠢᠷᠭᠤᠲᠤᠭᠠᠷ ᠨᠡᠷᠡᠰ 7 ᠬᠤᠪᠢ᠂ | ᠲᠤᠯᠤᠲᠤᠭᠠᠷ ᠨᠡᠷᠡᠰ 6 ᠬᠤᠪᠢ᠂ ᠨᠠᠢᠮᠠᠳᠣᠭᠠᠷ ᠨᠡᠷᠡᠰ 5 ᠬᠤᠪᠢ᠂ ᠶᠢᠰᠦᠲᠦᠭᠡᠷ ᠨᠡᠷᠡᠰ 4 ᠬᠤᠪᠢ᠂ ᠠᠷᠪᠠᠲᠤᠭᠠᠷ | ᠨᠡᠷᠡᠰ 3 ᠬᠤᠪᠢ᠂ ᠪᠤᠰᠤᠳ ᠮᠤᠷᠢ ᠴᠦᠮ 1 ᠬᠤᠪᠢ ᠤᠯᠪᠠ ; ᠬᠤᠷᠳᠤᠨ ᠮᠣᠷᠢᠨ ᠤ ᠬᠤᠯᠢᠮᠠᠭ ᠪᠤᠤᠭᠢᠶ᠎ᠠ᠂ | ᠵᠢᠷᠤᠭ᠎ᠠ ᠮᠣᠷᠢᠨ ᠤ ᠬᠤᠯᠢᠮᠠᠭ ᠪᠣᠣᠭᠢᠶᠠ ᠶᠢᠨ ᠨᠡᠶᠢᠲᠡ ᠬᠤᠪᠢ ᠶᠢᠨ ᠳᠦᠷᠢᠮ ᠨᠢ ᠲᠤᠰ ᠲᠤᠰ᠄ ᠨᠢᠭᠡᠳᠦᠭᠡᠷ ᠨᠡᠷᠡᠰ | 12 ᠬᠤᠪᠢ᠂ ᠬᠤᠶᠠᠲᠤᠭᠠᠷ ᠨᠡᠷᠡᠰ 10 ᠬᠤᠪᠢ᠂ ᠭᠤᠷᠪᠠᠳᠤᠭᠠᠷ ᠨᠡᠷᠡᠰ 8 ᠬᠤᠪᠢ᠂ ᠲᠦᠷᠪᠡᠲᠦᠭᠡᠷ ᠨᠡᠷᠡᠰ 6 | ᠬᠤᠪᠢ᠂ ᠲᠠᠪᠤᠳᠤᠭᠠᠷ ᠨᠡᠷᠡᠰ 5 ᠬᠤᠪᠢ᠂ ᠵᠢᠷᠭᠤᠳᠤᠭᠠᠷ ᠨᠡᠷᠡᠰ 4 ᠬᠤᠪᠢ᠂ ᠲᠤᠯᠤᠲᠤᠭᠠᠷ ᠨᠡᠷᠡᠰ 3 ᠬᠤᠪᠢ᠂ | ᠨᠠᠢᠮᠠᠲᠤᠭᠠᠷ ᠨᠡᠷᠡᠰ 2 ᠬᠤᠪᠢ᠃ | ᠡᠯᠰᠡᠬᠦ ᠨᠡᠷᠡᠰ ᠤᠨ ᠳᠠᠷᠠᠭᠠᠯᠠᠯ ᠬᠢᠭᠡᠳ ᠱᠠᠩᠨᠠᠬᠤ ᠠᠷᠭ᠎ᠠ ᠮᠠᠶ᠋ᠢᠭ | ︵ᠨᠢᠭᠡ︶ ᠵᠣᠷᠰᠢᠯᠲᠣ ᠤᠷᠤᠯᠳᠤᠭᠠᠨ᠄ ᠬᠤᠷᠳᠤᠨ ᠮᠤᠷᠢᠨ ᠤ ᠳᠤᠭᠤᠶᠢᠯᠠᠩ ᠤᠨ ᠱᠠᠩᠨᠠᠯ ᠤᠨ ᠲᠥᠷᠥ ᠶᠢᠨ | ᠪᠣᠳᠣᠯᠭ᠎ᠠ ᠨᠢ᠄ ᠪᠦᠯᠬᠦᠮ ᠤᠨ ᠡᠮᠦᠨ᠎ᠡ ᠨᠠᠢᠮᠠᠨ ᠨᠡᠷᠡᠰ ᠲᠤ ᠲᠤᠰ ᠲᠤᠰ ᠠᠷᠪᠠᠨ ᠨᠠᠢᠮᠠᠨ ᠬᠤᠨᠢ᠂ ᠠᠷᠪᠠᠨ ᠳᠦᠷᠪᠡᠨ | ᠬᠤᠨᠢ᠂ ᠠᠷᠪᠠᠨ ᠬᠤᠨᠢ᠂ ᠳᠥᠷᠪᠡ ᠠᠴᠠ ᠲᠠᠪᠤᠳᠤᠭᠠᠷ ᠨᠡᠷᠡᠰ ᠲᠤ ᠲᠤᠰ ᠲᠤᠰ ᠨᠠᠢᠮᠠᠨ ᠬᠤᠨᠢ᠂ ᠵᠢᠷᠭᠤᠭ᠎ᠠ ᠠᠴᠠ | ᠨᠠᠢᠮᠠᠲᠤᠭᠠᠷ ᠨᠡᠷᠡᠰ ᠲᠤ ᠲᠤᠰ ᠲᠤᠰ ᠵᠢᠷᠭᠤᠭᠠᠨ ᠬᠤᠨᠢ ᠶᠢ ᠱᠠᠩᠨᠠᠨ᠎ᠠ᠃ ᠵᠢᠷᠤᠭ᠎ᠠ ᠮᠤᠷᠢᠨ ᠤ ᠳᠤᠭᠤᠶᠢᠯᠠᠩ ᠤᠨ | ᠱᠠᠩᠨᠠᠨ ᠬᠥᠬᠢᠭᠦᠯᠬᠦ ᠲᠥᠷᠥ ᠶᠢᠨ ᠪᠣᠳᠣᠯᠭ᠎ᠠ ᠨᠢ᠄ ᠪᠦᠯᠬᠦᠮ ᠤᠨ ᠡᠮᠦᠨ᠎ᠡ ᠨᠠᠢᠮᠠᠨ ᠨᠡᠷᠡᠰ ᠲᠤ ᠲᠤᠰ ᠲᠤᠰ ᠨᠠᠢᠮᠠᠨ | ᠬᠤᠨᠢ᠂ ᠵᠢᠷᠭᠤᠭᠠᠨ ᠬᠤᠨᠢ᠂ ᠲᠠᠪᠤᠨ ᠬᠤᠨᠢ᠂ ᠳᠥᠷᠪᠡ ᠠᠴᠠ ᠲᠠᠪᠤᠳᠤᠭᠠᠷ ᠨᠡᠷᠡᠰ ᠲᠤ ᠲᠤᠰ ᠲᠤᠰ ᠳᠦᠷᠪᠡᠨ | ᠬᠤᠨᠢ᠂ ᠵᠢᠷᠭᠤᠭ᠎ᠠ ᠠᠴᠠ ᠨᠠᠢᠮᠠᠲᠤᠭᠠᠷ ᠨᠡᠷᠡᠰ ᠲᠤ ᠲᠤᠰ ᠲᠤᠰ ᠭᠤᠷᠪᠠᠨ ᠬᠤᠨᠢ᠃ ᠶᠡᠷᠦᠩᠬᠡᠶ ᠰᠢᠢᠳᠪᠦᠷᠢᠲᠦ | ᠤᠷᠤᠯᠳᠤᠭᠠᠨ ᠤ ᠨᠠᠢᠮᠠᠨ ᠬᠦᠴᠦᠷᠬᠡᠭ ᠲᠤ ᠤᠷᠤᠭᠰᠠᠨ ᠦᠭᠡᠢ ᠡᠩᠨᠡᠭᠡ ᠳᠤ 8000 ᠲᠥᠭᠦᠷᠢᠭ ᠤᠨ ᠨᠥᠬᠦᠪᠥᠷᠢ | ᠥᠭᠴᠦ᠂ ᠠᠮᠢᠯᠠᠬᠤ ᠤᠷᠤᠯᠳᠤᠭᠠᠨ ᠳᠠᠭᠤᠰᠤᠭᠰᠠᠨ ᠤ ᠳᠠᠷᠠᠭ᠎ᠠ ᠨᠢᠭᠡᠳᠦᠯᠲᠡᠶ ᠳ᠋ᠦᠩᠨᠡᠨ ᠪᠤᠳᠤᠨ᠎ᠠ᠃ ᠲᠤᠰ | ᠰᠦᠢᠳᠬᠡᠯ ᠢ ᠤᠷᠤᠯᠳᠤᠭᠠᠨ ᠢ ᠵᠣᠬᠢᠶᠠᠨ ᠪᠠᠶᠢᠭᠤᠯᠤᠭᠰᠠᠨ ᠲᠠᠯ᠎ᠠ ᠠᠴᠠ ᠡᠭᠦᠷᠭᠡᠯᠡᠨ᠎ᠡ᠃ | ︵ᠬᠤᠶᠠᠷ︶ ᠶᠡᠷᠦᠩᠬᠡᠶ ᠰᠢᠢᠳᠪᠦᠷᠢᠲᠦ ᠤᠷᠤᠯᠳᠤᠭᠠᠨ᠄ ᠲᠡᠷᠢᠭᠦᠨ ᠠᠩᠭᠢ ᠶᠢᠨ ᠬᠤᠷᠳᠤᠨ ᠮᠤᠷᠢᠨ ᠤ ᠡᠯᠰᠡᠬᠦ | ᠪᠦᠯᠬᠦᠮ ᠤᠨ ᠡᠮᠦᠨ᠎ᠡ ᠭᠤᠷᠪᠠᠨ ᠨᠡᠷᠡᠰ ᠲᠤ ᠣᠷᠣᠬᠰᠠᠨ ᠮᠦᠷᠲᠡᠬᠡᠨ ᠱᠠᠩᠨᠠᠨ ᠬᠥᠬᠢᠭᠦᠯᠵᠦ᠂ ᠲᠣᠰ ᠲᠣᠰ | 16000 ᠲᠥᠭᠦᠷᠢᠭ᠂ 120000 ᠲᠥᠭᠦᠷᠢᠭ᠂ 80000 ᠲᠥᠭᠦᠷᠢᠭ᠂ ᠳᠥᠷᠪᠡ ᠠᠴᠠ ᠲᠠᠪᠤᠳᠤᠭᠠᠷ ᠨᠡᠷᠡᠰ | ᠬᠦᠷᠲᠡᠯ᠎ᠡ ᠲᠣᠰ ᠲᠣᠰ 27000 ᠲᠥᠭᠦᠷᠢᠭ᠂ ᠵᠢᠷᠭᠤᠭ᠎ᠠ ᠠᠴᠠ ᠨᠠᠢᠮᠠᠲᠤᠭᠠᠷ ᠨᠡᠷᠡᠰ ᠲᠤ ᠲᠣᠰ ᠲᠣᠰ 18000 | ᠲᠥᠭᠦᠷᠢᠭ ᠱᠠᠩᠨᠠᠪᠠ᠃ ᠵᠢᠷᠤᠭ᠎ᠠ ᠮᠣᠷᠢᠨ ᠤ ᠪᠦᠯᠬᠦᠮ ᠤᠨ ᠨᠢᠭᠡᠳᠦᠭᠡᠷ ᠨᠡᠷᠡᠰ ᠲᠤ 7000 ᠲᠥᠭᠦᠷᠢᠭ᠂ | ᠬᠤᠶᠠᠳᠤᠭᠠᠷ ᠨᠡᠷᠡᠰ ᠲᠤ 5000 ᠲᠥᠭᠦᠷᠢᠭ᠂ ᠭᠤᠷᠪᠠᠳᠤᠭᠠᠷ ᠨᠡᠷᠡᠰ ᠲᠤ 3000 ᠲᠥᠭᠦᠷᠢᠭ᠂ ᠳᠥᠷᠪᠡ ᠠᠴᠠ | ᠲᠠᠪᠤᠳᠤᠭᠠᠷ ᠨᠡᠷᠡᠰ ᠲᠤ ᠲᠤᠰ ᠪᠦᠷᠢ 12000 ᠲᠥᠭᠦᠷᠢᠭ᠂ ᠵᠢᠷᠭᠤᠭ᠎ᠠ ᠠᠴᠠ ᠨᠠᠢᠮᠠᠲᠤᠭᠠᠷ ᠨᠡᠷᠡᠰ ᠲᠤ 8000 | ᠲᠥᠭᠦᠷᠢᠭ ᠱᠠᠩᠨᠠᠪᠠ᠃ ᠱᠠᠩᠨᠠᠯ ᠤᠨ ᠮᠥᠩᠭᠦ ᠨᠢ ᠴᠥᠮ ᠭᠠᠢᠯᠢ ᠶᠢᠨ ᠳᠠᠷᠠᠭᠠᠬᠢ ᠱᠠᠩᠨᠠᠯ ᠤᠨ ᠮᠥᠩᠭᠦ᠃ | ︵ᠭᠤᠷᠪᠠ︶ 2025 ᠶᠢᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠣᠷᠢᠨ ᠤᠷᠤᠯᠳᠤᠭᠠᠨ ᠤ | ︽ᠬᠥᠳᠡᠭᠡ ᠲᠣᠰᠬᠤᠨ ᠤ ᠬᠥᠯ ᠪᠦᠮᠪᠦᠭᠡ ᠶᠢᠨ ᠬᠡᠳᠦ ᠬᠤᠯᠪᠤᠭᠠᠳᠤ ᠤᠷᠤᠯᠳᠤᠭᠠᠨ︾ ᠤ ᠨᠡᠷᠡᠲᠦ ᠮᠣᠷᠢᠨ ᠤ | ᠦᠷᠢᠰᠦᠯᠳᠦᠨ ᠲᠡᠮᠡᠴᠡᠬᠦ ᠤᠷᠤᠯᠳᠤᠭᠠᠨ ᠵᠢᠴᠢ ᠢᠯᠡ ᠤᠷᠤᠯᠳᠤᠭᠠᠨ | ᠨᠢᠭᠡᠳᠦᠭᠡᠷ ᠨᠡᠷᠡᠰ᠄ 5000 ᠲᠥᠭᠦᠷᠢᠭ᠂ ᠬᠤᠶᠠᠳᠤᠭᠠᠷ ᠨᠡᠷᠡᠰ 3000 ᠲᠥᠭᠦᠷᠢᠭ᠂ ᠭᠤᠷᠪᠠᠳᠤᠭᠠᠷ | ᠨᠡᠷᠡᠰ 2000 ᠲᠥᠭᠦᠷᠢᠭ᠂ ᠳᠦᠷᠦᠪᠡ ᠠᠴᠠ ᠲᠠᠪᠤᠳᠤᠭᠠᠷ ᠨᠡᠷᠡᠰ 1000 ᠲᠥᠭᠦᠷᠢᠭ᠂ ᠵᠢᠷᠭᠤᠭ᠎ᠠ ᠠᠴᠠ | ᠨᠠᠢᠮᠠᠲᠤᠭᠠᠷ ᠨᠡᠷᠡᠰ ᠲᠤ 500 ᠲᠥᠭᠦᠷᠢᠭ᠂ ᠶᠢᠰᠦ ᠠᠴᠠ ᠠᠷᠪᠠᠨ ᠬᠤᠶᠠᠳᠤᠭᠠᠷ ᠨᠡᠷᠡᠰ ᠲᠤ 200 ᠲᠥᠭᠦᠷᠢᠭ᠃ | ᠪᠣᠳᠠᠲᠤ ᠪᠠᠶᠢᠳᠠᠯ ᠢ ᠦᠨᠳᠦᠰᠦᠯᠡᠨ ᠨᠡᠷ᠎ᠡ ᠮᠡᠳᠡᠭᠦᠯᠦᠭᠰᠡᠨ ᠪᠠᠶᠢᠳᠠᠯ ᠢ ᠲᠣᠭᠲᠠᠭᠠᠨ᠎ᠠ᠃ ᠨᠡᠷᠡᠲᠦ ᠮᠣᠷᠢᠨ ᠤ | ᠦᠷᠢᠰᠦᠯᠳᠦᠨ ᠲᠡᠮᠡᠴᠡᠬᠦ ᠤᠷᠤᠯᠳᠤᠭᠠᠨ ᠳᠤ ᠳᠡᠭᠡᠷ᠎ᠡ ᠳᠤᠷᠠᠳᠤᠭᠰᠠᠨ ᠱᠠᠩᠨᠠᠯ ᠠᠴᠠ ᠭᠠᠳᠠᠨ᠎ᠠ᠂ ︽ᠬᠠᠮᠤᠭ ᠤᠨ | ᠰᠠᠶᠢᠨ ᠬᠥᠮᠦᠨ ᠤ ᠬᠦᠷᠢᠶᠡᠯᠡᠯ ᠤᠨ ᠺᠯᠦ᠋ᠪ︾ ︵ᠦᠵᠡᠭᠴᠢᠳ ᠠᠴᠠ ᠪᠢᠯᠧᠲ ᠥᠭᠪᠡ︶᠂ ︽ᠬᠠᠮᠤᠭ ᠤᠨ ᠰᠠᠶᠢᠨ | ᠮᠣᠷᠢᠲᠠᠨ︾᠂ ᠬᠠᠮᠤᠭ ᠤᠨ ᠰᠠᠶᠢᠨ ᠰᠢᠨ᠎ᠡ ᠬᠥᠮᠦᠨ ᠤ ᠱᠠᠩᠨᠠᠯ᠂ ᠬᠠᠮᠤᠭ ᠤᠨ ᠰᠠᠶᠢᠨ ᠮᠣᠷᠢ ᠤᠨᠤᠭᠴᠢ ᠵᠡᠷᠭᠡ ᠶᠢ | ᠣᠯᠭᠤᠪᠠ᠃ ᠬᠠᠮᠲᠤ ᠶᠢᠨ ᠱᠠᠩᠨᠠᠯ ᠭᠠᠷᠳᠠᠭᠤᠯᠤᠭᠰᠠᠨ ᠳᠤ 1000 ᠲᠥᠭᠦᠷᠢᠭ ᠪᠣᠯᠣᠨ ᠱᠠᠩᠨᠠᠯ ᠤᠨ ᠬᠤᠨᠳᠠᠭ᠎ᠠ᠂ | ᠦᠨᠡᠮᠯᠡᠯ ᠣᠯᠭᠤᠵᠤ᠂ ᠬᠤᠪᠢ ᠬᠥᠮᠦᠨ ᠳᠤ 800 ᠲᠥᠭᠦᠷᠢᠭ ᠪᠣᠯᠣᠨ ᠱᠠᠩᠨᠠᠯ ᠤᠨ ᠬᠤᠨᠳᠠᠭ᠎ᠠ᠂ ᠦᠨᠡᠮᠯᠡᠯ | ᠣᠯᠭᠤᠪᠠ᠃ |