ᠳᠦᠷᠪᠡᠳᠦᠭᠡᠷ ᠰᠠᠷ᠎ᠠ ᠳᠤ᠂ ᠤᠷᠢᠬᠠᠨ ᠬᠠᠪᠤᠷ ᠡᠬᠡ ᠭᠠᠵᠠᠷ ᠲᠤ ᠢᠷᠡᠵᠦ᠂ ᠲᠦᠮᠡᠨ ᠪᠣᠳᠠᠰ ᠠᠮᠢᠯᠠᠨ᠎ᠠ᠃ | ᠠᠭᠠᠷ ᠤᠨ ᠳᠤᠯᠠᠭᠠᠨ ᠠᠭᠠᠵᠢᠮ ᠢᠶᠠᠷ ᠳᠡᠭᠡᠭᠰᠢᠯᠡᠬᠦ ᠶᠢ ᠳᠠᠭᠠᠯᠳᠤᠨ᠂ ᠭᠠᠵᠠᠷ ᠰᠢᠷᠣᠶ ᠴᠤ ᠢᠴᠡᠭᠡᠯᠡᠬᠦ ᠠᠴᠠ ᠰᠡᠷᠭᠦᠵᠦ | ᠂ ᠰᠢᠨ᠎ᠡ ᠨᠢᠭᠡ ᠵᠢᠯ ᠤᠨ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠴᠤ ᠡᠬᠢᠯᠡᠪᠡ᠃ | ᠡᠨᠡ ᠵᠢᠯ ᠶᠠᠭᠤ ᠲᠠᠷᠢᠬᠤ ᠪᠤᠢ︖ ᠶᠠᠭᠠᠬᠢᠵᠦ ᠲᠠᠷᠢᠬᠤ ᠪᠣᠢ︖ ᠬᠤᠳᠠᠯᠳᠤᠬᠤ ᠳᠤ ᠠᠮᠠᠷ ᠤᠤ︖ ᠠᠡ | ᠪᠤᠯ ᠲᠠᠷᠢᠶᠠᠴᠢᠨ ᠡᠷᠦᠬᠡ ᠶᠢᠨ ᠵᠢᠯ ᠵᠢᠯ ᠲᠤᠯᠭᠠᠷᠠᠬᠤ ᠠᠰᠠᠭᠤᠳᠠᠯ ᠪᠤᠯᠤᠨ᠎ᠠ᠃ ᠤᠯᠠᠮᠵᠢᠯᠠᠯᠲᠤ ᠲᠠᠷᠢᠶᠠᠯᠠᠩ ᠤᠨ | ᠲᠠᠷᠢᠮᠠᠯ ᠤᠨ ᠮᠣᠳᠧᠯ ᠤᠨ ᠮᠡᠳᠡᠭᠡ ᠵᠠᠩᠭᠢ ᠨᠢ ᠲᠡᠭᠰᠢ ᠪᠤᠰᠤ ᠪᠠᠶᠢᠵᠤ᠂ ᠦᠷᠭᠦᠯᠵᠢ ᠰᠣᠬᠤᠷ ᠪᠠᠯᠠᠢ ᠪᠠᠷ ᠰᠠᠯᠬᠢᠨ ᠢ | ᠳᠠᠭᠠᠵᠤ ᠳᠠᠷᠢᠵᠤ᠂ ᠨᠢᠭᠡ ᠵᠢᠯ ᠤᠨ ᠰᠢᠷᠭᠠᠭᠤ ᠬᠦᠳᠡᠯᠮᠦᠷᠢᠯᠡᠭᠰᠡᠨ ᠨᠢ᠂ ᠦᠷᠭᠦᠯᠵᠢ ᠵᠠᠬ᠎ᠠ ᠳᠡᠯᠭᠡᠭᠦᠷ ᠤᠨ ᠦᠨ᠎ᠡ | ᠬᠠᠩᠰᠢ ᠶᠢᠨ ᠬᠡᠯᠪᠡᠯᠵᠡᠯᠲᠡ ᠠᠴᠠ ᠪᠣᠯᠵᠤ᠂ ᠠᠰᠢᠭ ᠣᠯᠵᠠᠶᠢ ᠪᠠᠲᠤᠯᠠᠬᠤ ᠳᠤ ᠪᠡᠷᠬᠡ ᠪᠠᠶᠢᠳᠠᠭ᠃ ᠭᠡᠲᠡᠯ᠎ᠡ ᠣᠳᠣ | ᠨᠢᠭᠡ ᠵᠦᠢᠯ ᠤᠨ ᠰᠢᠨ᠎ᠡ ᠪᠣᠷᠣᠯᠠᠭᠤᠯᠬᠤ ᠮᠣᠳᠧᠯ — ᠵᠠᠬᠢᠶᠠᠯᠠᠭ᠎ᠠ ᠶᠢᠨ ᠬᠡᠯᠪᠡᠷᠢ ᠪᠠᠷ ᠪᠣᠷᠣᠯᠠᠭᠤᠯᠬᠤ ᠨᠢ ᠶᠠᠭ ᠡᠨᠡ | ᠬᠦ ᠪᠠᠶᠢᠳᠠᠯ ᠢ ᠬᠤᠪᠢᠷᠠᠭᠤᠯᠵᠤ ᠪᠠᠶᠢᠨ᠎ᠠ᠃ | ︽ᠦᠷ᠎ᠡ ᠲᠠᠷᠢᠶᠠᠨ ᠠᠴᠠ ᠪᠠᠨ ᠪᠠᠭᠤᠭᠠᠳᠤᠢ ᠪᠣᠯᠪᠠᠴᠤ ᠪᠣᠷᠣᠯᠠᠭᠤᠯᠬᠤ ᠵᠠᠮ ᠢᠶᠠᠨ ᠡᠷᠢᠨ ᠣᠯᠤᠭᠰᠠᠨ ᠰᠢᠤ︕ | ︾ ᠭᠡᠪᠡ᠃ ᠬᠠᠪᠤᠷ ᠤᠨ ᠲᠠᠷᠢᠶᠠᠯᠠᠭ᠎ᠠ ᠤᠳᠠᠯ ᠦᠭᠡᠢ ᠬᠦᠷᠴᠦ ᠢᠷᠡᠬᠦ ᠭᠡᠵᠦ ᠪᠠᠶᠢᠨ᠎ᠠ᠂ ᠳᠠᠷᠬᠠᠨ ᠮᠤᠤᠮᠢᠩᠭᠠᠨ | ᠬᠤᠯᠪᠣᠭᠠᠲᠤ ᠬᠤᠰᠢᠭᠤᠨ ᠤ ᠰᠢᠪᠡᠷᠬᠦ᠋ᠷᠢᠶ᠎ᠡ ᠪᠠᠯᠭᠠᠰᠤᠨ ᠤ ᠱᠦᠢ ᠯᠦᠩ ᠲᠠᠨ ᠤ ᠲᠠᠷᠢᠮᠠᠯ ᠤᠨ ᠡᠷᠦᠬᠡ ᠸᠠᠩ ᠪᠢᠨ | ᠭᠠᠷ ᠤᠨ ᠦᠰᠦᠭ ᠵᠢᠷᠤᠭᠰᠠᠨ ᠰᠢᠬᠢᠷ ᠯᠤᠤᠪᠠᠩ ᠬᠤᠳᠠᠯᠳᠤᠨ ᠠᠪᠬᠤ ᠵᠠᠬᠢᠶᠠᠯᠠᠭ᠎ᠠ ᠶᠢᠨ ᠬᠡᠯᠡᠯᠴᠡᠭᠡᠷ ᠢᠶᠠᠨ ᠠᠪᠴᠤ᠂ | ᠰᠡᠳᠬᠢᠯ ᠮᠠᠰᠢ ᠯᠠᠪᠳᠠᠭᠤᠨ ᠪᠠᠲᠤᠲᠠᠢ ᠪᠠᠶᠢᠯ᠎ᠠ᠃ ᠰᠢᠪᠡᠷᠬᠦ᠋ᠷᠢᠶ᠎ᠡ ᠪᠠᠯᠭᠠᠰᠤᠨ ᠳᠤ ᠠᠳᠠᠯᠢᠬᠠᠨ ᠢᠶᠠᠷ ᠬᠤᠳᠠᠯᠳᠤᠨ | ᠠᠪᠬᠤ ᠬᠡᠯᠡᠯᠴᠡᠭᠡᠷ ᠲᠣᠭᠲᠠᠭᠰᠠᠨ ᠪᠠᠰᠠ ᠵᠢᠷᠭᠤᠭ᠎ᠠ᠂ ᠳᠣᠯᠣᠭᠠᠨ ᠡᠷᠦᠬᠡ ᠪᠠᠶᠢᠨ᠎ᠠ᠃ | ᠰᠢᠪᠡᠷᠬᠦ᠋ᠷᠢᠶ᠎ᠡ ᠪᠠᠯᠭᠠᠰᠤᠨ ᠤ ᠺᠦᠨ ᠳ᠋ᠦᠢ ᠲᠠᠨ ᠲᠣᠰᠬᠤᠨ ᠤ ᠠᠷᠠᠳ ᠤᠨ ᠵᠥᠪᠯᠡᠯ ᠤᠨ ᠱᠦᠵᠢ ᠪᠥᠭᠡᠳ | ᠡᠷᠬᠢᠯᠡᠭᠴᠢ ᠮᠧᠩ ᠵᠢᠶᠦ᠋ᠨ ᠾᠧᠩ ᠰᠤᠷᠪᠤᠯᠵᠢᠯᠠᠭᠴᠢ ᠳᠤ᠄ ︽ᠡᠬᠢᠨ ᠳᠡᠭᠡᠨ ᠠᠵᠤ ᠠᠬᠤᠶᠢᠯᠠᠯ ᠮᠠᠨ ᠤ | ᠲᠣᠰᠬᠤᠨ ᠳᠤ ᠬᠦᠷᠴᠦ ᠰᠢᠬᠢᠷ ᠯᠤᠤᠪᠠᠩ ᠲᠠᠷᠢᠳᠠᠭ᠂ ᠰᠡᠭᠦᠯᠡᠷ ᠨᠢ ᠪᠢᠳᠡᠨ ᠲᠡᠳᠡᠨᠦᠰ ᠲᠤ ᠲᠠᠷᠢᠨ ᠥᠭᠴᠦ | ᠬᠤᠳᠠᠯᠳᠣᠪᠠᠯ᠂ ᠲᠡᠳᠡ ᠨᠢᠭᠡ ᠪᠦᠯᠦᠭ ᠥᠪᠡᠷ ᠤᠨ ᠦᠷᠳᠡᠭ ᠢᠶᠠᠨ ᠠᠷᠪᠢᠯᠠᠬᠤ ᠮᠦᠷᠲᠡᠬᠡᠨ ᠲᠣᠰᠬᠤᠨ ᠤ ᠠᠷᠠᠳ | ᠪᠠᠰᠠ ᠨᠢᠭᠡ ᠬᠤᠪᠢ ᠲᠣᠭᠲᠠᠭᠤᠨ ᠣᠷᠣᠯᠭ᠎ᠠ ᠲᠠᠢ ᠭᠡᠵᠦ ᠪᠣᠳᠣᠯᠬᠢᠯᠠᠭᠰᠠᠨ ᠪᠠᠶᠢᠨ᠎ᠠ᠃ ᠣᠯᠠᠨ ᠲᠠᠯ᠎ᠠ ᠶᠢᠨ | ᠵᠥᠪᠳᠡᠯᠴᠡᠭᠡ ᠪᠠᠷ ᠳᠡᠮᠵᠢᠨ᠂ 2021 ᠣᠨ ᠳᠤ ᠪᠢᠳᠡ ᠠᠵᠤ ᠠᠬᠤᠶᠢᠯᠠᠯ ᠲᠠᠢ ᠬᠤᠳᠠᠯᠳᠤᠨ ᠠᠪᠬᠤ | ᠵᠠᠬᠢᠶᠠᠯᠠᠭ᠎ᠠ ᠶᠢᠨ ᠬᠠᠭᠤᠳᠠᠰᠤ ᠲᠣᠭᠲᠠᠪᠠ᠃ ᠠᠵᠤ ᠠᠬᠤᠶᠢᠯᠠᠯ ᠠᠴᠠ ᠦᠷ᠎ᠡ᠂ ᠬᠢᠮᠢ ᠶᠢᠨ ᠪᠤᠷᠳᠤᠭᠤᠷ᠂ ᠮᠠᠰᠢᠨ | ᠮᠧᠬᠠᠨᠢᠭ ᠬᠠᠩᠭᠠᠵᠤ᠂ ᠪᠥᠬᠦ ᠶᠠᠪᠤᠴᠠ ᠶᠢᠨ ᠮᠥᠷᠳᠡᠯᠲᠡ ᠶᠢᠨ ᠮᠠᠶ᠋ᠢᠭ ᠤᠨ ᠦᠢᠯᠡᠴᠢᠯᠡᠭᠡ ᠬᠢᠵᠡᠶ᠂ ᠪᠢᠳᠡ ᠵᠦᠪᠬᠡᠨ | ᠤᠰᠤᠯᠠᠬᠤ᠂ ᠡᠪᠡᠰᠦ ᠠᠷᠢᠯᠭᠠᠬᠤ ᠶᠢ ᠬᠠᠷᠢᠭᠤᠴᠠᠵᠤ᠂ ᠵᠢᠯ ᠪᠦᠷᠢ ᠶᠢᠨ ᠣᠷᠣᠯᠭ᠎ᠠ ᠨᠢ ᠨᠡᠯᠢᠶᠡᠳ ᠰᠠᠶᠢᠨ ᠪᠠᠶᠢᠵᠤ᠂ | ᠮᠦ ᠪᠦᠷᠢ ᠶᠢᠨ ᠣᠷᠣᠯᠭ᠎ᠠ ᠨᠢ 800 ᠠᠴᠠ 1000 ᠲᠥᠭᠦᠷᠢᠭ ᠲᠤ ᠬᠦᠷᠴᠦ᠂ ᠡᠶᠢᠮᠦᠷᠭᠦᠦ ᠮᠣᠳᠧᠯ ᠨᠢ ᠪᠠᠷᠤᠭ | ᠠᠶᠤᠯ ᠲᠦᠭᠰᠢᠭᠦᠷᠢ ᠥᠬᠡᠶ ᠪᠠᠶᠢᠳᠠᠭ᠃ ᠡᠨᠡ ᠵᠢᠯ ᠪᠢᠳᠡ ᠪᠠᠰᠠ ᠠᠵᠤ ᠠᠬᠤᠶᠢᠯᠠᠯ ᠲᠠᠢ 3500 ᠮᠦ ᠰᠢᠬᠠᠮ | ᠬᠤᠳᠠᠯᠳᠤᠨ ᠠᠪᠬᠤ ᠵᠠᠬᠢᠶᠠᠯᠠᠭ᠎ᠠ ᠶᠢᠨ ᠬᠠᠭᠤᠳᠠᠰᠤ ᠲᠣᠭᠲᠠᠵᠤ᠂ ᠣᠯᠠᠨ ᠢᠶᠠᠷ ᠢᠶᠠᠨ ᠣᠲᠣ ᠡᠨᠡ ᠬᠦ ᠮᠣᠳᠧᠯ ᠢ | ᠴᠥᠮ ᠮᠠᠰᠢ ᠵᠥᠪᠰᠢᠶᠡᠷᠡᠵᠦ ᠪᠠᠶᠢᠨ᠎ᠠ︾ ᠭᠡᠵᠦ ᠲᠠᠨᠢᠯᠴᠠᠭᠤᠯᠪᠠ᠃ | ᠥᠩᠭᠡᠷᠡᠭᠰᠡᠨ ᠳᠤ ᠲᠠᠷᠢᠶᠠᠴᠢᠨ ᠦᠷᠭᠦᠯᠵᠢ ︽ᠨᠣᠭᠤᠭ᠎ᠠ ᠬᠢᠮᠳᠠᠷᠠᠨ ᠲᠠᠷᠢᠶᠠᠴᠢᠳ ᠢ ᠬᠤᠬᠢᠷᠠᠭᠤᠯᠬᠤ︾ | ᠬᠦᠴᠢᠷᠳᠡᠯ ᠳᠤ ᠲᠤᠯᠭᠠᠷᠠᠳᠠᠭ᠃ ᠨᠠᠮᠤᠷ ᠤᠨ ᠬᠤᠷᠢᠶᠠᠯᠲᠠ ᠶᠢᠨ ᠦᠶ᠎ᠡ ᠳᠤ᠂ ᠲᠠᠷᠢᠶᠠᠯᠠᠩ ᠤᠨ ᠪᠦᠲᠦᠭᠡᠭᠳᠡᠬᠦᠨ ᠢ | ᠲᠥᠪᠯᠡᠷᠡᠭᠦᠯᠦᠨ ᠵᠠᠬ᠎ᠠ ᠳᠡᠯᠭᠡᠭᠦᠷ ᠲᠤ ᠭᠠᠷᠭᠠᠵᠤ᠂ ᠵᠠᠬ᠎ᠠ ᠳᠡᠯᠭᠡᠭᠦᠷ ᠤᠨ ᠬᠠᠩᠭᠠᠯᠭ᠎ᠠ ᠨᠢ ᠬᠡᠷᠡᠭᠴᠡᠭᠡ ᠠᠴᠠ | ᠬᠡᠲᠦᠷᠡᠵᠦ᠂ ᠦᠨ᠎ᠡ ᠬᠠᠩᠰᠢ ᠨᠢ ᠶᠡᠭᠡ ᠪᠠᠷ ᠪᠠᠭᠤᠷᠠᠭᠰᠠᠨ ᠪᠠᠶᠢᠨ᠎ᠠ᠃ ᠭᠡᠪᠡᠴᠦ ᠵᠠᠬᠢᠶᠠᠯᠠᠭ᠎ᠠ ᠶᠢᠨ ᠬᠡᠯᠪᠡᠷᠢ ᠪᠠᠷ | ᠪᠣᠷᠣᠯᠠᠭᠤᠯᠬᠤ ᠪᠠᠶᠢᠭᠰᠠᠨ ᠠᠴᠠ᠂ ᠲᠠᠷᠢᠶᠠᠴᠢᠨ ᠡᠷᠦᠬᠡ ᠵᠠᠬᠢᠶᠠᠯᠠᠭ᠎ᠠ ᠶᠢᠨ ᠬᠡᠷᠡᠭᠴᠡᠭᠡ ᠶᠢ ᠦᠨᠳᠦᠰᠦᠯᠡᠨ | ᠲᠠᠷᠢᠮᠠᠯ ᠤᠨ ᠲᠦᠷᠦᠯ ᠵᠦᠢᠯ ᠪᠠ ᠲᠤᠭ᠎ᠠ ᠬᠡᠮᠵᠢᠶ᠎ᠡ ᠶᠢ ᠲᠣᠬᠢᠷᠠᠭᠤᠯᠵᠤ ᠪᠣᠯᠤᠨ᠎ᠠ᠃ ᠢᠩᠭᠢᠭᠰᠡᠨ ᠳᠤ᠂ | ᠲᠠᠷᠢᠶᠠᠯᠠᠩ ᠤᠨ ᠪᠦᠲᠦᠭᠡᠭᠳᠡᠬᠦᠨ ᠪᠣᠷᠣᠯᠠᠭᠤᠯᠭ᠎ᠠ ᠶᠢᠨ ᠲᠣᠭᠲᠠᠭᠤᠨ ᠠᠷᠭ᠎ᠠ ᠵᠠᠮ ᠲᠠᠢ ᠪᠣᠯᠵᠤ᠂ ᠦᠨ᠎ᠡ ᠬᠠᠩᠰᠢ ᠶᠢ | ᠴᠦ ᠤᠷᠢᠳᠴᠢᠯᠠᠨ ᠲᠣᠭᠲᠠᠭᠠᠵᠤ ᠳᠡᠶᠢᠯᠵᠦ᠂ ᠲᠠᠷᠢᠶᠠᠴᠢᠨ ᠡᠷᠦᠬᠡ ᠶᠢᠨ ᠠᠰᠢᠭ ᠣᠷᠣᠯᠭ᠎ᠠ ᠶᠢ ᠪᠠᠲᠤᠯᠠᠬᠤ ᠶᠢᠨ | ᠬᠠᠮᠲᠤ᠂ ᠬᠤᠳᠠᠯᠳᠤᠨ ᠠᠪᠬᠤ ᠲᠠᠯ᠎ᠠ ᠨᠢ ᠴᠦ ᠴᠢᠨᠠᠷ ᠰᠠᠶᠢᠲᠠᠶ᠂ ᠲᠣᠭᠲᠠᠭᠤᠨ ᠪᠠᠷᠠᠭᠠᠨ ᠤ ᠢᠷᠡᠯᠲᠡ ᠶᠢ ᠦᠨᠡᠨ ᠬᠦ | ᠪᠠᠲᠤᠯᠠᠵᠤ᠂ ᠡᠭᠦᠨ ᠤ ᠤᠯᠠᠮ ᠠᠴᠠ ᠬᠤᠶᠠᠷ ᠲᠠᠯ᠎ᠠ ᠶᠢᠨ ᠠᠰᠢᠭ ᠭᠥᠷᠳᠡᠬᠦ ᠶᠢ ᠪᠡᠶᠡᠯᠡᠭᠦᠯᠵᠦ ᠴᠢᠳᠠᠨ᠎ᠠ᠃ | ᠰᠠᠨᠠᠭᠠᠴᠢᠯᠭ᠎ᠠ ᠠᠴᠠ ᠪᠠᠨ ᠵᠠᠬᠢᠶᠠᠯᠠᠭ᠎ᠠ ᠡᠷᠢᠵᠦ᠂ ᠬᠤᠸᠠᠩ ᠬᠤᠸᠠ ᠲᠠᠨ ᠲᠣᠰᠬᠤᠨ ᠤ ᠰᠤᠯᠠ ᠪᠠᠶᠢᠭᠰᠠᠨ | 55 ᠪᠦᠭᠦᠭᠡᠭ ᠢ ᠰᠢᠨ᠎ᠡ ᠪᠡᠶ᠎ᠡ ᠬᠡᠮ ᠲᠠᠢ ᠪᠣᠯᠭᠠᠵᠤ — ᠬᠢᠲᠠᠳ ᠡᠮ ᠤᠨ ᠮᠠᠲ᠋ᠧᠷᠢᠶᠠᠯ ᠤᠨ ᠴᠢᠬᠢ ᠪᠤᠶᠢᠵᠢᠭᠤᠯᠬᠤ | ᠰᠠᠭᠤᠷᠢᠨ ᠭᠠᠵᠠᠷ ᠃ | ︽2024 ᠣᠨ᠂ ᠪᠠᠲᠤᠬᠠᠭᠠᠯᠭ᠎ᠠ ᠪᠠᠯᠭᠠᠰᠤᠨ ᠤ ᠵᠠᠰᠠᠭ ᠤᠨ ᠣᠷᠳᠣᠨ ᠪᠢᠳᠡᠨ ᠢ ᠳᠠᠭᠠᠭᠤᠯᠤᠨ ᠭᠠᠳᠠᠭᠰᠢ | ᠭᠠᠷᠴᠤ ᠰᠢᠨᠵᠢᠯᠡᠨ ᠪᠠᠶᠢᠴᠠᠭᠠᠵᠤ᠂ ᠰᠢᠨᠵᠢᠯᠡᠨ ᠪᠠᠶᠢᠴᠠᠭᠠᠵᠤ ᠰᠣᠯᠢᠯᠴᠠᠭᠰᠠᠨ ᠤ ᠳᠠᠷᠠᠭ᠎ᠠ᠂ ᠮᠠᠨ ᠤ ᠳᠠᠷᠬᠠᠨ | ᠮᠤᠤᠮᠢᠩᠭᠠᠨ ᠬᠤᠯᠪᠣᠭᠠᠲᠤ ᠬᠤᠰᠢᠭᠤᠨ ᠤ ᠠᠭᠤᠷ ᠠᠮᠢᠰᠬᠤᠯ᠂ ᠬᠥᠷᠥᠰᠥ ᠰᠢᠷᠣᠢ ᠶᠢᠨ ᠪᠠᠶᠢᠳᠠᠯ ᠨᠢ ᠴᠥᠮ ᠬᠢᠲᠠᠳ | ᠡᠮ ᠤᠨ ᠮᠠᠲ᠋ᠧᠷᠢᠶᠠᠯ ᠲᠠᠷᠢᠬᠤ ᠳᠤ ᠮᠠᠰᠢ ᠲᠤᠬᠢᠷᠠᠬᠤ ᠶᠢ ᠠᠵᠢᠭᠯᠠᠨ ᠣᠯᠵᠤ᠂ ᠪᠢᠳᠡ ᠬᠢᠲᠠᠳ ᠡᠮ ᠤᠨ | ᠮᠠᠲ᠋ᠧᠷᠢᠶᠠᠯ ᠤᠨ ᠺᠣᠮᠫᠠᠨᠢ ᠲᠠᠢ ᠬᠡᠯᠡᠯᠴᠡᠭᠡᠷ ᠲᠣᠭᠲᠠᠵᠤ᠂ ᠪᠤᠴᠠᠵᠤ ᠢᠷᠡᠭᠡᠳ 55 ᠲᠤᠮᠤ ᠪᠥᠬᠦᠭᠡᠭ ᠶᠢ ᠭᠦᠢᠯᠭᠡᠭᠡᠨ | ᠲᠠᠢ ᠪᠣᠯᠭᠠᠵᠤ ᠲᠠᠷᠢᠵᠠᠢ︾᠃ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠭᠤᠷᠪᠠᠳᠤᠭᠠᠷ ᠳᠤᠮᠳᠠᠳᠤ ᠶᠢᠨ | ᠲᠠᠷᠢᠶᠠᠯᠠᠩ ᠮᠠᠯ ᠠᠵᠤ ᠠᠬᠤᠢ ᠶᠢᠨ ᠲᠤᠰᠬᠠᠶ ᠬᠤᠷᠰᠢᠶ᠎ᠠ ᠶᠢᠨ ᠬᠡᠷᠡᠭ ᠡᠷᠬᠢᠯᠡᠭᠴᠢᠳ ᠤᠨ ᠳᠠᠷᠤᠭ᠎ᠠ ᠼᠤᠤ ᠵᠧᠩ ᠤᠨ | ᠳᠠᠭᠠᠭᠤᠯᠭ᠎ᠠ ᠳᠣᠤᠷ᠎ᠠ᠂ ᠰᠤᠷᠪᠤᠯᠵᠢᠯᠠᠭᠴᠢ ᠬᠢᠲᠠᠳ ᠡᠮ ᠤᠨ ᠮᠠᠲ᠋ᠧᠷᠢᠶᠠᠯ ᠳᠠᠷᠢᠬᠤ ᠪᠥᠬᠦᠭᠡᠭ ᠲᠤ ᠣᠷᠣᠪᠠ᠃ | ᠠᠩᠬ᠎ᠠ ᠪᠥᠬᠦᠭᠡᠭ ᠳᠤ ᠣᠷᠣᠮᠠᠭᠴᠠ ᠨᠢᠳᠦ ᠳᠦᠭᠦᠷᠡᠩ ︽ᠬᠤᠪᠬᠠᠶᠢᠷᠠᠨ ᠰᠢᠷᠠᠯᠠᠬᠤ︾ ᠪᠠᠶᠢᠳᠠᠯ ᠢᠯᠡᠷᠡᠵᠦ᠂ | ᠤᠶᠢᠷᠠᠲᠤᠨ ᠦᠵᠡᠬᠦ ᠳᠤ᠂ ᠦᠨᠳᠦᠰᠦᠨ ᠬᠡᠰᠡᠭ ᠨᠢ ᠮᠥᠨ ᠯᠡ ᠨᠢᠯᠬ᠎ᠠ ᠨᠣᠭᠤᠭᠠᠨ ᠢᠶᠠᠷ ᠢᠶᠠᠨ ᠪᠠᠶᠢᠳᠠᠭ᠃ | ᠲᠠᠨᠢᠯᠴᠠᠭᠤᠯᠭ᠎ᠠ ᠪᠠᠷ ᠳᠠᠮᠵᠢᠨ ᠰᠠᠶ᠋ᠢ᠂ ᠲᠡᠷᠡ ᠪᠣᠯ ᠬᠢᠲᠠᠳ ᠡᠮ ᠤᠨ ᠮᠠᠲ᠋ᠧᠷᠢᠶᠠᠯ ᠤᠨ ᠲᠠᠤᠯᠠᠢ ᠶᠢᠨ ᠮᠠᠩᠭᠢᠷ | ᠭᠡᠳᠡᠭ ᠢ ᠣᠶᠢᠯᠭᠠᠪᠠ᠂ ︽ᠡᠨᠡ ᠪᠣᠯ ᠡᠪᠦᠯ ᠤᠨ ᠤᠯᠠᠷᠢᠯ ᠢ ᠥᠩᠭᠡᠷᠡᠭᠦᠯᠵᠡᠢ᠂ ᠳᠡᠭᠡᠳᠦ ᠬᠡᠰᠡᠭ ᠨᠢ | ᠬᠤᠪᠠᠭ᠋ᠠᠶᠢᠷᠠᠭᠰᠠᠨ ᠪᠣᠯᠪᠠᠴᠤ ᠨᠢᠭᠡ ᠯᠡ ᠤᠳᠠᠭ᠎ᠠ ᠤᠰᠤᠯᠠᠪᠠᠯ ᠳᠡᠮᠡᠢ ᠬᠡᠳᠦᠨ ᠡᠳᠦᠷ ᠦᠭᠡᠢ ᠨᠣᠭᠤᠭᠠᠷᠠᠵᠣ ᠴᠢᠳᠠᠨ᠎ᠠ | ᠃︾ ᠼᠤᠤ ᠵᠧᠩ᠄ ︽ᠮᠠᠨ ᠤ ᠡᠨᠡ ᠪᠠᠰᠠ ᠰᠠᠶ᠋ᠢᠬᠠᠨ ᠡᠬᠢᠯᠡᠵᠦ ᠬᠢᠭᠰᠡᠨ ᠶᠤᠮ᠂ ᠵᠠᠮ ᠬᠠᠶᠢᠬᠤ ᠶᠢᠨ ᠳᠠᠭᠠᠣ | ᠤᠷᠤᠭᠰᠢᠯᠠᠵᠤ ᠪᠠᠶᠢᠨ᠎ᠠ᠂ ᠭᠡᠲᠡᠯ᠎ᠡ ᠡᠮᠦᠨ᠎ᠡ ᠬᠤᠭᠤᠴᠠᠭᠠᠨ ᠳᠤ ᠭᠡᠷ᠎ᠡ ᠲᠣᠭᠲᠠᠭᠰᠠᠨ ᠪᠣᠯᠬᠤᠷ ᠲᠠᠷᠢᠶᠠᠨ ᠦᠷ᠎ᠡ ᠶᠢ | ᠲᠠᠷᠢᠶᠠᠨ ᠭᠠᠵᠠᠷ ᠲᠤ ᠲᠠᠷᠢᠭᠠᠳ ᠠᠪᠤᠪᠠᠯ ᠯᠠᠪᠲᠠᠢ ᠪᠣᠷᠣᠯᠠᠭᠤᠯᠬᠤ ᠵᠠᠮ ᠲᠠᠢ᠂ ᠪᠠᠲᠤᠯᠠᠭ᠎ᠠ ᠲᠠᠢ ᠭᠡᠳᠡᠭ ᠢ ᠮᠡᠳᠡᠵᠦ | ᠪᠣᠯᠤᠨ᠎ᠠ᠃ ᠡᠨᠡ ᠵᠢᠯ ᠤᠨ 4 ᠳ᠋ᠦ᠋ᠭᠡᠷ ᠰᠠᠷ᠎ᠠ ᠳᠤ ᠲᠡᠳᠡ ᠵᠠᠬ᠎ᠠ ᠵᠡᠭᠡᠯᠢ ᠶᠢᠨ ᠦᠨ᠎ᠡ ᠪᠠᠷ ᠮᠠᠨ ᠤ ᠬᠢᠲᠠᠳ ᠡᠮ ᠤᠨ | ᠮᠠᠲ᠋ᠧᠷᠢᠶᠠᠯ ᠤᠨ ᠴᠢᠬᠢ ᠶᠢ ᠬᠤᠳᠠᠯᠳᠤᠨ ᠠᠪᠣᠨ᠎ᠠ᠃ ᠰᠡᠭᠦᠯᠴᠢ ᠶᠢᠨ ᠬᠤᠭᠤᠴᠠᠭᠠᠨ ᠳᠤ ᠪᠢᠳᠡ ᠪᠠᠰᠠ ᠡᠨᠡ ᠬᠦ | ᠮᠣᠳᠧᠯ ᠢ ᠦᠷᠭᠦᠯᠵᠢᠯᠡᠨ ᠦᠷᠭᠦᠯᠵᠢᠯᠡᠬᠦ ᠪᠣᠯᠤᠨ᠎ᠠ︾ ᠭᠡᠵᠦ ᠬᠡᠯᠡᠪᠡ᠃ | ᠵᠠᠬᠢᠶᠠᠯᠠᠭ᠎ᠠ ᠶᠢᠨ ᠬᠡᠯᠪᠡᠷᠢ ᠶᠢᠨ ᠪᠣᠷᠣᠯᠠᠭᠤᠯᠭ᠎ᠠ ᠨᠢ ᠲᠠᠷᠢᠶᠠᠴᠢᠨ ᠡᠷᠦᠬᠡ ᠶᠢᠨ ᠶᠠᠭᠤ ᠳᠠᠷᠢᠬᠤ ᠂ ᠶᠠᠭᠠᠬᠢᠵᠤ | ᠳᠠᠷᠢᠬᠤ ᠶᠢ ᠰᠢᠢᠳᠪᠦᠷᠢᠯᠡᠬᠦ ᠶᠢᠨ ᠬᠠᠮᠲᠤ ᠪᠠᠰᠠ ᠮᠠᠯᠴᠢᠳ ᠲᠤ ᠶᠠᠭᠤ ᠲᠡᠵᠢᠭᠡᠬᠦ ᠪᠤᠢ︖ ᠶᠠᠭᠠᠬᠢᠵᠤ ᠲᠡᠵᠢᠭᠡᠬᠦ ᠪᠤᠢ | ︖ ᠭᠡᠬᠦ ᠳᠤ ᠴᠢᠭᠯᠡᠯ ᠬᠠᠩᠭᠠᠪᠠ᠃ | ︽ᠵᠠ᠃ ᠳᠡᠯᠭᠡᠭᠦᠷ ᠲᠤ ᠪᠠᠰᠠ 10 ᠬᠤᠨᠢ ᠵᠠᠬᠢᠶᠠᠯᠠᠬᠤ ᠴᠢᠬᠤᠯᠠ ᠲᠠᠢ᠂ ᠪᠠᠰᠠ ᠤᠤᠯ ᠤᠨ ᠬᠡᠪ ᠢᠶᠠᠷ | ᠢᠶᠠᠨ᠂ ᠦᠳᠡ ᠶᠢᠨ ᠬᠤᠢᠨ᠎ᠠ ᠣᠴᠢᠵᠤ ᠰᠤᠩᠭᠤᠶᠠ︾ ᠭᠡᠪᠡ᠃ | ︽ᠰᠢᠭᠤᠳ ᠮᠠᠯᠵᠢᠯ ᠤᠨ ᠲᠠᠯᠠᠪᠠᠢ ᠳᠤ ᠣᠴᠢᠪᠠᠯ ᠪᠣᠯᠴᠢᠬᠠᠨ᠎ᠠ᠃︾ | ᠰᠠᠶ᠋ᠢᠬᠠᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠠᠨ ᠫᠦᠸᠧ ᠦᠬᠡᠷ ᠬᠤᠨᠢᠨ ᠤ ᠬᠠᠯᠠᠭᠤᠨ | ᠲᠣᠭᠤᠭᠠᠨ ᠤ ᠳᠡᠯᠭᠡᠭᠦᠷ ᠲᠤ ᠬᠦᠷᠬᠦ ᠳᠤ ᠳᠠᠭᠠᠭᠠᠮᠠᠯ ᠶᠠᠭ ᠬᠤᠨᠢᠨ ᠮᠢᠬ᠎ᠠ ᠵᠠᠬᠢᠶᠠᠯᠠᠵᠤ ᠪᠠᠶᠢᠬᠤ ᠶᠢ ᠣᠯᠵᠤ | ᠰᠣᠨᠣᠰᠪᠠ᠃ | ᠬᠠᠯᠠᠭᠤᠨ ᠲᠣᠭᠤᠭᠠᠨ ᠤ ᠳᠡᠯᠭᠡᠭᠦᠷ 8 ᠵᠢᠯ ᠡᠵᠡᠩᠨᠡᠭᠰᠡᠨ ᠳᠡᠯᠭᠡᠭᠦᠷ ᠤᠨ ᠨᠢᠭᠤᠴᠠ ᠠᠷᠭ᠎ᠠ ᠪᠠᠶᠢᠵᠤ᠂ ᠮᠠᠨ | ᠫᠦᠸᠧᠦᠬᠡᠷ ᠬᠤᠨᠢᠨ ᠤ ᠬᠠᠯᠠᠭᠤᠨ ᠲᠣᠭᠤᠭᠠᠨ ᠤ ᠳᠡᠯᠭᠡᠭᠦᠷ ᠤᠨ ᠶᠡᠷᠦᠩᠬᠡᠶ ᠳᠠᠭᠠᠭᠠᠮᠠᠯ ᠸᠠᠩ ᠸᠧᠨ ᡁᠢ᠄ ︽ᠪᠢᠳᠡ | ᠨᠡᠶᠢᠳᠡᠮ ᠳᠤ ᠪᠠᠨ ᠳᠠᠷᠬᠠᠨ ᠮᠤᠤᠮᠢᠩᠭᠠᠨ ᠤ ᠲᠣᠰ ᠭᠠᠵᠠᠷ ᠤᠨ ᠦᠬᠡᠷ ᠬᠤᠨᠢᠨ ᠮᠢᠬ᠎ᠠ ᠶᠢ ᠬᠡᠷᠡᠭᠯᠡᠨ᠂ ᠠᠮᠲᠠ ᠶᠢᠨ | ᠪᠠᠲᠤᠯᠠᠭ᠎ᠠ ᠬᠠᠩᠭᠠᠵᠤ᠂ ᠲᠦᠭᠦᠬᠡᠶ ᠮᠠᠲ᠋ᠧᠷᠢᠶᠠᠯ ᠪᠣᠯ ᠵᠠᠩᠭᠢᠯᠠᠭ᠎ᠠ ᠪᠣᠯᠤᠨ᠎ᠠ᠃ ᠪᠢᠳᠡ ᠣᠯᠠᠨ ᠮᠠᠯᠴᠢᠳ ᠲᠠᠢ | ᠵᠠᠬᠢᠶᠠᠯᠠᠭ᠎ᠠ ᠲᠣᠭᠲᠠᠵᠤ ᠬᠤᠨᠢᠨ ᠮᠢᠬ᠎ᠠ ᠬᠤᠳᠠᠯᠳᠤᠨ ᠠᠪᠴᠤ᠂ ᠭᠡᠬᠦ ᠳᠤ ᠪᠠᠨ ᠵᠠᠬ᠎ᠠ ᠳᠡᠯᠭᠡᠭᠦᠷ ᠤᠨ ᠦᠨ᠎ᠡ ᠠᠴᠠ | ᠥᠨᠳᠥᠷ ᠦᠨ᠎ᠡ ᠪᠠᠷ ᠬᠤᠳᠠᠯᠳᠤᠨ ᠠᠪᠴᠤ᠂ ᠰᠠᠷ᠎ᠠ ᠪᠦᠷᠢ ᠪᠠᠷᠤᠭ 1500 ᠵᠢᠩ ᠣᠷᠴᠢᠮ ᠬᠡᠷᠡᠭᠯᠡᠵᠦ ᠪᠠᠶᠢᠨ᠎ᠠ᠂ | ᠳᠠᠷᠤᠢ ᠳᠥᠴᠢ ᠲᠠᠪᠢᠨ ᠬᠤᠨᠢ ᠪᠣᠯᠣᠨ᠎ᠠ᠃ ᠡᠨᠡ ᠬᠦ ᠠᠷᠭ᠎ᠠ ᠮᠠᠶ᠋ᠢᠭ ᠨᠢ ᠨᠢᠭᠡ ᠲᠠᠯ᠎ᠠ ᠪᠠᠷ ᠪᠠᠷᠠᠭ᠎ᠠ ᠶᠢᠨ | ᠢᠷᠡᠯᠲᠡ ᠶᠢᠨ ᠭᠦᠢᠴᠡᠳ ᠪᠥᠭᠡᠳ ᠲᠣᠭᠲᠠᠭᠤᠨ ᠪᠠᠶᠢᠬᠤ ᠶᠢ ᠪᠠᠲᠤᠯᠠᠵᠤ᠂ ᠮᠢᠬᠠᠨ ᠤ ᠶᠠᠰᠤ ᠴᠢᠨᠠᠷ ᠢ ᠪᠠᠲᠤᠯᠠᠨ᠂ | ᠵᠣᠴᠢᠳ ᠲᠤ ᠵᠢᠩᠬᠢᠨᠢ ᠳᠠᠷᠬᠠᠨ ᠮᠤᠤᠮᠢᠩᠭᠠᠨ ᠤ ᠲᠠᠯ᠎ᠠ ᠨᠤᠲᠤᠭ ᠤᠨ ᠬᠤᠨᠢ ᠶᠢ ᠠᠮᠲᠠᠯᠠᠭᠤᠯᠵᠤ᠂ ᠨᠥᠭᠦᠭᠡ | ᠲᠠᠯ᠎ᠠ ᠪᠠᠷ ᠮᠠᠯᠴᠢᠳ ᠢ ᠬᠠᠪᠰᠤᠷᠤᠨ ᠣᠷᠣᠯᠭ᠎ᠠ ᠶᠢ ᠨᠢ ᠳᠡᠭᠡᠭᠰᠢᠯᠡᠭᠦᠯᠵᠦ ᠴᠢᠳᠠᠨ᠎ᠠ︾ ᠭᠡᠵᠦ ᠬᠡᠯᠡᠪᠡ᠃ | ᠪᠢᠳᠡ ᠮᠠᠨ ᠫᠦᠸᠧ ᠦᠬᠡᠷ ᠬᠤᠨᠢᠨ ᠤ ᠬᠠᠯᠠᠭᠤᠨ ᠲᠣᠭᠤᠭᠠᠨ ᠤ ᠳᠡᠯᠭᠡᠭᠦᠷ ᠤᠨ ᠶᠡᠷᠦᠩᠬᠡᠶ ᠳᠠᠭᠠᠭᠠᠮᠠᠯ ᠸᠠᠩ | ᠸᠧᠨ ᡁᠢ ᠶᠢ ᠳᠠᠭᠠᠵᠤ ᠪᠠᠶ᠋ᠬᠠᠤᠪᠤᠭ᠎ᠠ ᠶᠢᠨ ᠤᠯᠠᠭᠠᠨᠴᠠᠪ ᠤᠨ ᠭᠠᠴᠠᠭᠠᠨ ᠤ ᠶᠤᠸᠠᠢ ᠵᠢᠶᠠᠨ ᠵᠢᠶᠦ᠋ᠨ ᠤ ᠮᠠᠯᠵᠢᠯ ᠤᠨ | ᠲᠠᠯᠠᠪᠠᠢ ᠳᠤ ᠬᠦᠷᠴᠦ᠂ ᠲᠠᠷᠭᠤ ᠰᠠᠶᠢᠲᠠᠢ ᠬᠤᠨᠢᠳ ᠰᠣᠩᠭᠤᠭᠳᠠᠬᠤ ᠪᠠᠷ ᠬᠦᠯᠢᠶᠡᠵᠦ ᠪᠠᠶᠢᠨ᠎ᠠ᠃ ᠶᠤᠸᠠᠢ ᠵᠢᠶᠠᠨ | ᠵᠢᠶᠦ᠋ᠨ ᠪᠠᠶᠠᠷ ᠬᠦᠷ ᠲᠠᠢ ᠪᠠᠷ ᠰᠣᠩᠭᠤᠭᠳᠠᠭᠰᠠᠨ ᠬᠤᠨᠢ ᠶᠢ ᠲᠡᠷᠭᠡᠨ ᠳᠤ ᠲᠡᠭᠡᠭᠡᠨ ᠴᠢᠩᠭᠠᠭᠠᠨ ᠶᠠᠪᠣᠭᠤᠯᠪᠠ᠂ ︽ | ᠪᠢ ᠪᠣᠯᠤᠨ ᠸᠠᠩ ᠶᠡᠷᠦᠩᠬᠡᠢ ᠳᠠᠭᠠᠭᠠᠮᠠᠯ ᠵᠠᠬᠢᠶᠠᠯᠠᠭ᠎ᠠ ᠶᠢᠨ ᠮᠣᠳᠧᠯ ᠢᠶᠠᠷ ᠳᠥᠷᠪᠡ ᠲᠠᠪᠤᠨ ᠵᠢᠯ ᠬᠠᠮᠲᠤᠷᠠᠵᠤ᠂ ᠲᠡᠳᠡ | ᠵᠠᠬᠢᠶᠠᠯᠠᠭ᠎ᠠ ᠬᠠᠩᠭᠠᠵᠤ᠂ ᠪᠢ ᠬᠤᠨᠢᠨ ᠮᠢᠬ᠎ᠠ ᠬᠠᠩᠭᠠᠨ᠎ᠠ᠃ ᠡᠨᠡ ᠬᠦ ᠮᠣᠳᠧᠯ ᠨᠢ ᠮᠢᠨᠦ ᠡᠮᠦᠨᠡᠬᠢ ᠥᠪᠡᠰᠦᠪᠡᠨ | ᠪᠣᠷᠣᠯᠠᠭᠤᠯᠬᠤ ᠲᠠᠢ ᠠᠳᠠᠯᠢᠳᠬᠠᠪᠠᠯ᠂ ᠪᠣᠷᠣᠯᠠᠭᠤᠯᠤᠯᠲᠠ ᠨᠢ ᠲᠣᠭᠲᠠᠮᠠᠯ ᠢᠶᠠᠷ ᠪᠠᠷᠠᠬᠤ ᠦᠭᠡᠢ᠂ ᠣᠷᠣᠯᠭ᠎ᠠ ᠨᠢ ᠴᠦ | ᠨᠡᠮᠡᠭᠳᠡᠭᠰᠡᠨ ᠪᠠᠶᠢᠨ᠎ᠠ᠃ ᠪᠢ ᠣᠳᠣ 200 ᠭᠠᠷᠤᠢ ᠬᠤᠨᠢ ᠲᠡᠵᠢᠭᠡᠵᠦ ᠪᠠᠶᠢᠨ᠎ᠠ᠂ ᠬᠤᠨᠢ ᠬᠡᠲᠦᠷᠬᠡᠢ ᠠᠷᠪᠢᠨ | ᠲᠡᠵᠢᠭᠡᠬᠦ ᠴᠢᠬᠤᠯᠠ ᠦᠭᠡᠢ᠂ ᠣᠷᠣᠯᠭ᠎ᠠ ᠨᠢ ᠪᠠᠲᠤᠯᠭ᠎ᠠ ᠲᠠᠢ᠂ ᠨᠤᠲᠤᠭ ᠪᠡᠯᠴᠢᠭᠡᠷ ᠤᠨ ᠳᠠᠷᠤᠯᠲᠠ ᠴᠤ ᠪᠠᠭᠠᠰᠴᠤ᠂ | ᠨᠢᠭᠡ ᠯᠠ ᠳᠣᠣᠷ᠎ᠠ ᠭᠤᠷᠪᠠ ᠶᠢ ᠪᠦᠲᠦᠭᠡᠭᠰᠡᠨ ᠪᠠᠶᠢᠨ᠎ᠠ᠃ ᠵᠠᠬᠢᠶᠠᠯᠭ᠎ᠠ ᠶᠢᠨ ᠮᠣᠳᠧᠯ ᠨᠢ ᠶᠡᠭᠡ ᠰᠠᠢᠨ ᠪᠠᠶᠢᠨ᠎ᠠ︾ | ᠭᠡᠪᠡ᠃ | ᠡᠶᠢᠮᠦᠷᠭᠦᠦ ᠶᠠᠪᠣᠳᠠᠯ ᠠᠴᠠ ᠡᠮᠦᠨ᠎ᠡ ︽ᠭᠡᠷ᠎ᠡ︾ ᠶᠢ ᠪᠢᠴᠢᠵᠦ᠂ ᠪᠠᠷᠠᠭ᠎ᠠ ᠬᠤᠷᠢᠶᠠᠬᠤ ᠳᠤ ︽ᠵᠠᠬᠢᠶᠠᠯᠠᠭ᠎ᠠ︾ | ᠶᠢᠨ ᠠᠷᠭ᠎ᠠ ᠮᠠᠶ᠋ᠢᠭ ᠲᠤ ᠲᠦᠰᠢᠭᠯᠡᠨ᠂ ᠳᠠᠷᠢᠵᠤ ᠲᠡᠵᠢᠭᠡᠨ ᠦᠷᠡᠵᠢᠭᠦᠯᠬᠦ ᠪᠣᠷᠣᠯᠠᠭᠤᠯᠤᠯᠲᠠ ᠳᠤ ᠬᠦᠴᠢᠷᠳᠡᠯ ᠥᠬᠡᠶ | ᠪᠣᠯᠭᠠᠵᠤ᠂ ᠪᠠᠶᠠᠵᠢᠬᠤ ᠵᠠᠮ ᠢ ᠣᠯᠠᠨ ᠲᠦᠮᠡᠨ ᠤ ᠬᠡᠷ ᠤᠨ ᠡᠭᠦᠳᠡᠨ ᠳᠤ ᠬᠦᠷᠲᠡᠯ᠎ᠡ ᠤᠷᠲᠤᠳᠬᠠᠵᠤ᠂ ᠮᠠᠯᠴᠢᠨ | ᠲᠠᠷᠢᠶᠠᠴᠢᠨ ᠤ ᠳᠠᠷᠢᠵᠤ ᠲᠡᠵᠢᠭᠡᠬᠦ ᠢᠳᠡᠪᠬᠢᠵᠢᠯ ᠢ ᠬᠠᠮᠤᠭ ᠤᠨ ᠶᠡᠭᠡ ᠬᠡᠮᠵᠢᠶ᠎ᠡ ᠪᠠᠷ ᠳᠠᠶᠢᠴᠢᠯᠠᠨ᠎ᠠ᠃ | ᠴᠠᠭ ᠦᠶ᠎ᠡ ᠶᠢᠨ ᠲᠠᠰᠤᠷᠠᠯᠲᠠ ᠦᠭᠡᠢ ᠬᠥᠭᠵᠢᠨ ᠲᠡᠭᠦᠯᠳᠡᠷᠵᠢᠭᠦᠯᠬᠦ ᠶᠢ ᠳᠠᠭᠠᠯᠳᠤᠨ᠂ ᠠᠵᠤ ᠦᠢᠯᠡᠰ ᠢ | ᠬᠥᠭᠵᠢᠭᠦᠯᠦᠨ ᠮᠠᠨᠳᠤᠭᠤᠯᠬᠤ ᠳᠤ ︽ᠭᠠᠭᠴᠠᠭᠠᠷ ᠲᠡᠮᠡᠴᠡᠬᠦ︾ ᠳᠤ ᠲᠦᠰᠢᠭᠯᠡᠵᠦ ᠪᠣᠯᠬᠤ ᠦᠭᠡᠢ᠃ ᠠᠵᠤ | ᠠᠬᠤᠶᠢᠯᠠᠯ ᠯᠤᠭ᠎ᠠ ᠰᠠᠨᠠᠭᠠᠴᠢᠯᠠᠭ᠎ᠠ ᠠᠴᠠ ᠪᠠᠨ ᠪᠣᠷᠣᠯᠠᠭᠤᠯᠭ᠎ᠠ ᠶᠢᠨ ᠵᠠᠬᠢᠶᠠᠯᠠᠭ᠎ᠠ ᠶᠢᠨ ᠬᠠᠭᠤᠳᠠᠰᠤ ᠶᠢ ᠡᠷᠢᠯᠬᠢᠯᠡᠵᠦ᠂ | ᠳᠣᠲᠣᠭᠠᠳᠤ ᠳᠤ ᠪᠠᠨ ᠲᠠᠶᠢᠴᠢᠯᠠᠨ ᠵᠢᠯᠤᠭᠤᠳᠴᠤ ᠪᠠᠶᠢᠭᠠᠳ ᠬᠠᠮᠲᠤᠷᠠᠯᠴᠠᠨ ᠪᠦᠯᠦᠭᠯᠡᠨ ᠬᠥᠭᠵᠢᠭᠦᠯᠵᠦ᠂ | ᠦᠢᠯᠡᠳᠪᠦᠷᠢᠯᠡᠯ ᠪᠣᠷᠣᠯᠠᠭᠤᠯᠭ᠎ᠠ ᠶᠢᠨ ᠠᠭᠤᠰᠤᠯᠴᠠᠯ ᠢ ᠭᠦᠨᠵᠡᠭᠡᠶᠢᠷᠡᠭᠦᠯᠦᠨ ᠥᠷᠭᠡᠳᠬᠡᠵᠦ᠂ ᠨᠠᠩ ᠣᠯᠠᠨ ︽ | ᠵᠠᠬᠢᠶᠠᠯᠠᠭ᠎ᠠ ᠶᠢᠨ ᠬᠠᠭᠤᠳᠠᠰᠤ︾ ᠪᠠᠷ ᠳᠠᠮᠵᠢᠭᠤᠯᠤᠨ ᠬᠡᠯᠬᠢᠶ᠎ᠡ ᠶᠢ ᠤᠷᠲᠤᠳᠬᠠᠨ ᠬᠥᠭᠵᠢᠭᠦᠯᠬᠦ ᠶᠢ ᠳᠠᠶᠢᠴᠢᠯᠠᠵᠤ᠂ | ᠠᠵᠤ ᠠᠬᠤᠶᠢᠯᠠᠯ ᠤᠨ ᠬᠥᠭᠵᠢᠯᠲᠡ ᠳᠤ ᠬᠥᠭᠦᠷᠭᠡ ᠲᠠᠯᠪᠢᠵᠤ᠂ ᠣᠯᠠᠨ ᠲᠦᠮᠡᠨ ᠪᠠᠶᠠᠵᠢᠨ ᠴᠢᠨᠡᠭᠡᠯᠢᠭᠵᠢᠬᠦ ᠳᠤ ᠵᠠᠮ | ᠡᠷᠢᠯᠬᠢᠯᠡᠵᠦ᠂ ᠠᠵᠤ ᠦᠢᠯᠡᠰ ᠢ ᠬᠥᠭᠵᠢᠭᠦᠯᠦᠨ ᠮᠠᠨᠳᠤᠭᠤᠯᠬᠤ ᠪᠠᠷ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠶᠢ ᠠᠬᠢᠭᠤᠯᠬᠤ ᠬᠡᠷᠡᠭᠲᠡᠢ᠃ |