ᠪᠤᠯᠤᠩ ᠨᠡᠭᠡᠭᠡᠬᠦ ᠦᠭᠡ | ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠠᠬᠢ ᠪᠤᠢ ᠪᠣᠯᠭᠠᠬᠤ | ᠭᠤᠣᠯ ᠰᠢᠵᠢᠮ ᠢ ᠪᠦᠬᠦ ᠲᠠᠯ᠎ᠠ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠲᠠᠷᠬᠠᠨ ᠮᠤᠤᠮᠢᠩᠭᠠᠨ ᠤ ᠤᠮᠠᠷᠠᠲᠤ | ᠬᠢᠯᠢ ᠶᠢᠨ ᠰᠣᠶᠣᠯ ᠤᠨ ᠡᠯᠪᠡᠭ ᠪᠠᠶᠠᠯᠢᠭ ᠠᠭᠤᠯᠤᠭᠳᠠᠬᠤᠨ ᠢ ᠭᠦᠨᠵᠡᠭᠡᠢ ᠠᠭᠤᠳᠠᠯᠤᠨ ᠳᠡᠯᠭᠡᠨ ᠦᠵᠡᠭᠦᠯᠬᠦ ᠶᠢᠨ | ᠲᠥᠯᠥᠭᠡ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ | ᠨᠢᠭᠡᠳᠦᠮᠡᠯ ᠹᠷᠣᠨᠲ ᠤᠨ ᠬᠡᠯᠲᠡᠰ᠂ ᠤᠳᠬ᠎ᠠ ᠤᠷᠠᠯᠢᠭ ᠤᠨ ᠬᠤᠯᠪᠣᠭ᠎ᠠ᠂ ᠤᠯᠤᠰ ᠲᠦᠷᠦ ᠶᠢᠨ ᠵᠥᠪᠯᠡᠯᠭᠡᠨ ᠤ ᠰᠠᠨᠠᠯ | ᠳᠤᠷᠠᠳᠤᠯᠭ᠎ᠠ ᠶᠢᠨ ᠰᠣᠶᠣᠯ ᠲᠡᠦᠬᠡ ᠶᠢᠨ ᠵᠥᠪᠯᠡᠯ ᠬᠠᠮᠲᠤᠷᠠᠨ ︽ᠮᠢᠨᠦ ᠲᠠᠷᠬᠠᠨ ᠮᠤᠤᠮᠢᠩᠭᠠᠨ ᠤ ᠬᠤᠪᠢ ᠵᠠᠶᠠᠭ᠎ᠠ︾ | ᠶᠢ ᠡᠬᠢᠯᠡᠭᠦᠯᠵᠦ᠂ ᠡᠬᠡ ᠪᠢᠴᠢᠭ ᠡᠯᠰᠡᠬᠦ ᠳᠡᠭᠡᠨ ︽ᠪᠠᠭᠠᠲᠤᠷ ᠳᠠᠷᠬᠠᠨ ᠮᠤᠤᠮᠢᠩᠭᠠᠨ︾ ᠸᠢᠴᠠᠲ ᠤᠨ ᠤᠯᠠᠨ | ᠨᠡᠶᠢᠲᠡ ᠶᠢᠨ ᠲᠠᠪᠴᠠᠩ ᠳᠤ ᠨᠡᠶᠢᠲᠡᠯᠡᠭᠰᠡᠨ ᠠᠴᠠ ᠨᠠᠭᠠᠰᠢ᠂ ᠪᠦᠬᠦ ᠤᠯᠤᠰ ᠤᠨ ᠡᠯ᠎ᠡ ᠭᠠᠵᠠᠷ ᠤᠨ ᠵᠣᠬᠢᠶᠠᠯᠴᠢ | ᠪᠣᠯᠤᠨ ᠤᠳᠬ᠎ᠠ ᠵᠣᠬᠢᠶᠠᠯ ᠤᠨ ᠪᠠᠭ᠋ᠠᠲᠠᠳ ᠤᠨ ᠢᠳᠡᠪᠬᠢᠲᠡᠢ ᠬᠦᠷᠢᠶᠡᠯᠡᠯ ᠢ ᠣᠯᠵᠠᠢ᠃ ᠣᠬᠤᠷᠬᠠᠨ ᠠᠷᠪᠠᠨ ᠡᠳᠦᠷ | ᠤᠨ ᠬᠤᠭᠤᠴᠠᠭᠠᠨ ᠳᠤ ᠪᠢᠳᠡ ᠵᠠᠭᠤ ᠭᠠᠷᠤᠢ ᠬᠤᠪᠢ ᠡᠬᠡ ᠪᠢᠴᠢᠭ ᠢ ᠬᠦᠯᠢᠶᠡᠨ ᠠᠪᠴᠤ᠂ ᠵᠣᠬᠢᠶᠠᠭᠴᠢ ᠥᠪᠥᠷ | ᠮᠣᠩᠭᠤᠯ᠂ ᠱᠠᠨᠳᠦ᠋ᠩ᠂ ᠭᠤᠸᠠᠩᠳᠦ᠋ᠩ᠂ ᠵᠢᠶᠠᠩᠰᠦ᠂ ᠬᠤᠪᠧᠶ᠂ ᠭᠠᠨᠰᠦ᠂ ᠱᠠᠨ ᠰᠢ ᠵᠡᠷᠭᠡ ᠪᠦᠬᠦ ᠤᠯᠤᠰ ᠤᠨ | ᠡᠯ᠎ᠡ ᠭᠠᠵᠠᠷ ᠲᠤ ᠲᠠᠷᠬᠠᠵᠤ ᠪᠠᠶᠢᠨ᠎ᠠ᠃ ᠵᠢᠩᠬᠢᠨᠢ ᠪᠠᠷ ᠰᠣᠩᠭᠤᠭᠳᠠᠭᠰᠠᠨ ᠨᠡᠷᠡᠰ ᠢ ᠨᠡᠶᠢᠲᠡᠯᠡᠬᠦ ᠠᠴᠠ ᠡᠮᠦᠨ᠎ᠡ᠂ | ᠪᠢᠳᠡ ᠬᠡᠰᠡᠭ ᠰᠢᠯᠢᠳᠡᠭ ᠡᠬᠡ ᠪᠢᠴᠢᠭ ᠢ ᠰᠣᠩᠭᠤᠨ ︽ᠪᠠᠭᠠᠲᠤᠷ ᠳᠠᠷᠬᠠᠨ ᠮᠤᠤᠮᠢᠩᠭᠠᠨ︾ ᠸᠢᠴᠠᠲ ᠤᠨ ᠣᠯᠠᠨ | ᠨᠡᠶᠢᠲᠡ ᠶᠢᠨ ᠲᠠᠪᠴᠠᠩ ᠳᠤ ᠲᠥᠪᠯᠡᠷᠡᠭᠦᠯᠦᠨ ᠨᠡᠪᠲᠡᠷᠡᠭᠦᠯᠵᠦ ᠠᠩᠬᠠᠷᠤᠯ ᠲᠠᠯᠪᠢᠨ ᠳᠠᠮᠵᠢᠭᠤᠯᠤᠨ ᠨᠡᠶᠢᠲᠡᠯᠡᠭᠡᠷᠡᠢ᠃ | ᠮᠣᠷᠢ ᠪᠤᠯᠤᠨ ᠡᠮᠡᠭᠡᠯ ᠵᠢᠶᠠᠩ ᠽᠢ | ᠤᠭ ᠨᠡᠷ᠎ᠡ ᠨᠢ ᠽᠧᠩ ᠴᠢᠩ ᠱᠧᠩ᠂ ᠡᠷᠡᠭᠳᠡᠢ᠂ 1971 ᠤᠨ ᠤ 7 ᠳ᠋ᠤᠭᠠᠷ ᠰᠠᠷ᠎ᠠ ᠳᠤ ᠵᠢᠶᠠᠩᠰᠢ ᠶᠢᠨ | ᠵᠢᠢ ᠱᠦᠢ ᠳᠤ ᠮᠡᠨᠳᠦᠯᠡᠵᠡᠢ᠃ ︽ᠠᠷᠠᠳ ᠤᠨ ᠤᠳᠬ᠎ᠠ ᠵᠣᠬᠢᠶᠠᠯ︾᠂ ︽10 ᠳ᠋ᠤᠭᠠᠷ ᠰᠠᠷ᠎ᠠ︾᠂ ︽ | ᠪᠡᠭᠡᠵᠢᠩ ᠤᠨ ᠤᠳᠬ᠎ᠠ ᠵᠣᠬᠢᠶᠠᠯ︾᠂ ︽ᠲᠡᠭᠷᠢ ᠶᠢᠨ ᠬᠠᠶᠠᠭ᠎ᠠ︾᠂ ︽ᠵᠦᠩ ᠱᠠᠨ︾ ᠵᠡᠷᠭᠡ ᠰᠡᠳᠬᠦᠯ ᠳᠤ | ᠬᠤᠶᠠᠷ ᠵᠠᠭᠤ ᠭᠠᠷᠤᠢ ᠲᠦᠮᠡᠨ ᠦᠰᠦᠭ ᠨᠡᠶᠢᠲᠡᠯᠡᠭᠳᠡᠪᠡ᠃ ︽ᠬᠥᠬᠡ ᠴᠡᠴᠡᠭᠲᠦ ᠬᠠᠭᠠᠨᠲᠤ ᠤᠯᠤᠰ︾᠂ | ᠨᠠᠶᠢᠷᠠᠭᠤᠯᠤᠯ ︽ᠨᠤᠲᠤᠭ ᠲᠤ ᠪᠠᠨ ᠪᠤᠴᠠᠭᠰᠠᠨ ᠲᠡᠮᠳᠡᠭᠯᠡᠯ︾ ᠵᠡᠷᠭᠡ ᠶᠢ ᠬᠡᠪᠯᠡᠵᠦ᠂ ᠨᠠᠢᠮᠠᠳᠤᠭᠠᠷ ᠬᠤᠭᠤᠴᠠᠭᠠᠨ ᠤ | ᠯᠦ ᠰᠢᠶᠦ᠋ᠨ ᠤ ᠤᠳᠬ᠎ᠠ ᠵᠣᠬᠢᠶᠠᠯ ᠤᠨ ᠱᠠᠩᠨᠠᠯ᠂ ᠳᠣᠯᠣᠳᠤᠭᠠᠷ ᠬᠤᠭᠤᠴᠠᠭᠠᠨ ᠤ ᠯᠦ ᠰᠢᠶᠦ᠋ᠨ ᠤ ᠤᠳᠬ᠎ᠠ | ᠵᠣᠬᠢᠶᠠᠯ ᠤᠨ ᠱᠠᠩᠨᠠᠯ ᠢᠶᠠᠷ ᠨᠡᠷ᠎ᠡ ᠳᠤᠷᠠᠳᠤᠭᠰᠠᠨ ᠵᠡᠷᠭᠡ ᠱᠠᠩᠨᠠᠯ ᠢ ᠬᠦᠷᠲᠡᠪᠡ᠃ ᠳᠤᠮᠳᠠᠳᠤ ᠤᠯᠤᠰ ᠤᠨ | ᠵᠣᠬᠢᠶᠠᠯᠴᠢᠳ ᠤᠨ ᠨᠡᠢᠭᠡᠮᠯᠢᠭ ᠤᠨ ᠪᠦᠬᠦ ᠵᠦᠪᠯᠡᠯ ᠤᠨ ᠭᠡᠰᠢᠭᠦᠨ᠂ ᠳᠤᠮᠳᠠᠳᠤ ᠤᠯᠤᠰ ᠤᠨ ᠵᠣᠬᠢᠶᠠᠯᠴᠢᠳ ᠤᠨ | ᠨᠡᠢᠭᠡᠮᠯᠢᠭ ᠤᠨ ᠨᠠᠢᠷᠠᠭᠤᠯᠤᠯ ᠤᠨ ᠵᠥᠪᠯᠡᠯ ᠤᠨ ᠭᠡᠰᠢᠭᠦᠨ᠂ ᠵᠢᠶᠠᠩᠰᠢ ᠮᠣᠵᠢ ᠶᠢᠨ ᠵᠣᠬᠢᠶᠠᠯᠴᠢᠳ ᠤᠨ ᠨᠡᠢᠭᠡᠮᠯᠢᠭ ᠤᠨ | ᠲᠡᠷᠢᠭᠦᠯᠡᠭᠴᠢ᠃ | ᠮᠣᠷᠢ ᠪᠤᠯᠤᠨ ᠡᠮᠡᠭᠡᠯ | ᠲᠠᠯ᠎ᠠ ᠨᠤᠲᠤᠭ ᠳᠤ ᠬᠦᠷᠦᠮᠡᠭᠴᠡ ᠪᠢ ᠨᠢᠭᠡ ᠠᠰᠠᠭᠤᠳᠠᠯ ᠢ ᠪᠣᠳᠣᠵᠤ ᠶᠠᠪᠣᠪᠠ᠄ ᠴᠣᠬᠤᠮ ᠮᠣᠷᠢᠨᠢ ᠡᠮᠡᠭᠡᠯ ᠢ | ᠪᠦᠲᠦᠭᠡᠭᠰᠡᠨ ᠶᠤᠮ ᠤᠤ᠂ ᠡᠮᠡᠭᠡᠯ ᠨᠢ ᠮᠣᠷᠢ ᠶᠢ ᠪᠦᠲᠦᠭᠡᠭᠰᠡᠨ ᠶᠤᠮ ᠤᠤ︖ | ᠥᠪᠥᠷ ᠮᠣᠩᠭᠤᠯ ᠳᠤ ᠢᠷᠡᠪᠡᠯ ᠬᠡᠵᠢᠶᠡᠳᠡ ᠮᠣᠷᠢ ᠣᠯᠵᠤ ᠦᠵᠡᠬᠦ ᠶᠢ ᠬᠦᠰᠡᠳᠡᠭ᠃ ᠪᠢ ᠪᠣᠯ ᠮᠣᠷᠢ ᠶᠢ | ᠬᠠᠶᠢᠷᠠᠯᠠᠭᠴᠢ᠃ ᠪᠢ ᠮᠣᠷᠢᠨ ᠤ ᠭᠤᠶᠤ᠂ ᠡᠶᠡᠯᠳᠡᠭ ᠵᠥᠭᠡᠯᠡᠨ ᠪᠣᠯᠣᠨ ᠦᠨᠡᠨᠴᠢ ᠰᠢᠳᠤᠷᠭᠤ ᠳᠤ ᠳᠤᠷᠠᠲᠠᠢ᠃ | ᠰᠦᠷ ᠵᠢᠪᠬᠤᠯᠠᠩᠲᠠᠢ ᠲᠣᠯᠣᠭᠠᠢ ᠂ ᠨᠢᠰᠦᠨ ᠳᠡᠭᠳᠡᠭᠰᠡᠨᠠᠳᠤᠭᠤᠨ ᠳᠡᠯ᠂ ᠲᠣᠭᠤᠷᠢᠭ ᠭᠡᠳᠡᠰᠦ᠂ ᠴᠢᠭᠢᠷᠠᠭ ᠬᠥᠯ᠂ | ᠪᠠᠰᠠ ᠲᠡᠷᠡ ᠢᠨᠴᠠᠭᠠᠬᠤ ᠳᠠᠭᠤᠨ — ᠮᠣᠷᠢ ᠪᠣᠯ ᠬᠦᠴᠦ ᠪᠣᠯᠣᠨ ᠭᠤᠸ᠎ᠠ ᠰᠠᠶᠢᠬᠠᠨ ᠤ ᠤᠶᠠᠯᠳᠤᠯ︕ ᠮᠣᠷᠢ ᠳᠤ | ᠳᠠᠭᠢᠨᠢ ᠶᠢᠨ ᠴᠡᠴᠡᠭᠡᠢ ᠲᠠᠢ᠂ ᠲᠡᠭᠦᠨ ᠳᠤ ᠬᠦᠮᠦᠨᠴᠢ ᠴᠢᠨᠠᠷ ᠨᠡᠪᠲᠡᠷᠡᠵᠦ᠂ ᠮᠣᠷᠢ ᠲᠠᠢ ᠨᠠᠶᠢᠵᠠ ᠪᠣᠯᠣᠭᠰᠠᠨ ᠬᠦᠮᠦᠨ | ᠤᠯᠠᠨ ᠪᠠᠶᠢᠨ᠎ᠠ ᠰᠢᠦ︕ ᠮᠣᠷᠢ ᠪᠣᠯ ᠬᠠᠷᠠᠰᠤ ᠢᠳᠡᠬᠦ ᠦᠵᠡᠯ ᠲᠠᠢ ᠠᠮᠢᠳᠠᠨ᠂ ᠡᠨᠡ ᠨᠢ ᠲᠡᠭᠦᠨ ᠢ ᠡᠷᠡᠯᠬᠡᠭ | ᠪᠠᠭᠠᠲᠤᠷᠯᠢᠭ ᠮᠦᠷᠲᠡᠬᠡᠨ ᠢᠷᠠᠭᠤ ᠰᠠᠶᠢᠬᠠᠨ ᠪᠣᠯᠭᠠᠪᠠ᠂ ᠲᠡᠷᠡ ᠶᠠᠭ ᠳᠥᠷᠪᠡᠨ ᠲᠤᠭᠤᠷᠠᠶᠢᠲᠤ ᠠᠮᠢᠲᠠᠨ ᠢᠶᠠᠷ | ᠪᠢᠰᠢᠯᠭᠠᠯ ᠪᠠᠷᠢᠳᠠᠭ ᠳᠡᠭᠡᠳᠦ ᠵᠡᠷᠭᠡ ᠶᠢᠨ ᠬᠥᠮᠥᠨ ᠰᠢᠭ ᠪᠠᠶᠢᠳᠠᠭ᠃ ᠮᠣᠷᠢ ᠮᠠᠰᠢ ᠣᠯᠠᠨ ᠭᠤᠶᠣ ᠦᠯᠢᠭᠡᠷ ᠢ | ᠳᠡᠯᠭᠡᠨ ᠦᠵᠡᠭᠦᠯᠵᠡᠢ᠃ ︽ᠭᠤᠷᠪᠠᠨ ᠤᠯᠤᠰ ᠤᠨ ᠦᠯᠢᠭᠡᠷ︾ ᠲᠤ᠂ ᠯᠢᠦ ᠪᠢᠶᠣᠣ ᠶᠢᠨ ᠬᠠᠲᠤᠨ ᠨᠢ ᠯᠢᠦ ᠪᠧᠢ ᠶᠢ | ᠬᠤᠣᠷᠯᠠᠭᠰᠠᠨ ᠳᠤ᠂ ᠶᠠᠭ ᠯᠠ ᠯᠦ ᠮᠣᠷᠢ ᠲᠡᠭᠦᠨ ᠢ ᠠᠮᠵᠢᠯᠲᠠ ᠲᠠᠢ ᠪᠠᠷ ᠰᠢᠶᠠᠩ ᠶᠠᠩ ᠠᠴᠠ ᠳᠤᠲᠠᠭᠠᠨ ᠭᠠᠷᠭᠠᠵᠤ᠂ | ︽ᠮᠣᠷᠢ ᠭᠤᠷᠤᠬ᠎ᠠ ᠠᠴᠠ ᠬᠠᠷᠠᠶᠢᠭᠰᠠᠨ︾ ᠪᠣᠯᠤᠨ᠎ᠠ᠃ ᠭᠤᠸᠠᠨ ᠢᠤᠢ ᠠᠷᠢᠬᠢ ᠪᠠᠷ ᠬᠤᠸᠠ ᠰᠢᠶᠦᠩ ᠢ | ᠳᠡᠶᠢᠯᠦᠭᠰᠡᠨ ᠨᠢ᠂ ᠪᠠᠰᠠ ᠮᠣᠷᠢᠨ ᠳᠤ ᠲᠦᠰᠢᠭᠯᠡᠵᠦ᠄ ︽ᠬᠤᠩᠬᠤᠨ ᠳᠠᠭᠤ ᠰᠣᠨᠣᠰᠣᠭᠳᠠᠭᠰᠠᠨ ᠳᠤ᠂ ᠭᠤᠸᠠᠨ | ᠢᠤᠢ ᠮᠣᠷᠢ ᠪᠠᠨ ᠤᠨᠤᠵᠤ ᠲᠦᠪᠲᠦ ᠳᠤ ᠢᠷᠡᠨ᠂ ᠭᠠᠷ ᠲᠤ ᠪᠠᠨ ᠪᠠᠷᠢᠭᠰᠠᠨ ᠬᠤᠸᠠ ᠰᠢᠶᠦ᠋ᠩ ᠤᠨ ᠲᠤᠯᠤᠭᠠᠢ ᠶᠢ | ᠨᠢᠭᠡ ᠯᠡ ᠭᠠᠵᠠᠷ ᠲᠤ ᠬᠠᠶᠠᠪᠠ︾᠃ ᠠᠯᠢ ᠣᠯᠠᠨ ᠤᠷᠠᠯᠢᠭ ᠨᠢ᠂ ᠮᠣᠷᠢᠨ ᠠᠴᠠ ᠪᠦᠲᠦᠭᠡᠭᠳᠡᠪᠡ᠂ ᠵᠢᠱᠢᠶᠡᠯᠡᠪᠡᠯ | ᠯᠠᠩ ᠱᠢ ᠨᠢᠩ ᠤᠨ ︽ᠵᠠᠭᠤᠨ ᠠᠵᠢᠨᠠᠢ ᠵᠢᠷᠤᠭ︾᠂ ᠰᠢᠤᠢ ᠪᠧᠢ ᠬᠤᠩ ᠤᠨ ︽ᠨᠠᠢᠮᠠᠨ ᠠᠵᠢᠨᠠᠢ ᠵᠢᠷᠤᠭ︾ ᠵᠢᠴᠢ | ᠺᠢᠨᠣ᠋ ︽ᠪᠠᠶᠢᠯᠳᠣᠭᠴᠢ ᠮᠣᠷᠢ︾᠂ ︽ᠳᠡᠭᠦᠯᠢᠩ ᠮᠣᠷᠢ︾᠂ ᠬᠤᠶᠠᠷ ᠤᠲᠠᠰᠤᠲᠤ ᠬᠤᠭᠤᠷ ᠤᠨ ᠳᠠᠭᠤᠤ ︽ᠮᠣᠷᠢ | ᠤᠷᠤᠯᠳᠤᠬᠤ︾ ᠵᠡᠷᠭᠡ᠃ | ᠪᠢ ᠮᠣᠷᠢᠨ ᠳᠤ ᠳᠤᠷᠠᠲᠠᠢ᠂ ᠭᠡᠲᠡᠯ᠎ᠡ ᠮᠠᠨ ᠤ ᠡᠮᠦᠨᠡᠲᠦ ᠣᠷᠣᠨ ᠳᠤ ᠮᠠᠯ ᠪᠣᠯ ᠬᠤᠪᠣᠷ ᠶᠠᠭᠤᠮ᠎ᠠ ᠪᠣᠯᠣᠨ᠎ᠠ᠃ | ᠡᠮᠦᠨᠡᠲᠦ ᠣᠷᠣᠨ ᠤ ᠨᠤᠲᠤᠭ ᠳᠡᠪᠢᠰᠬᠡᠷ ᠨᠢ ᠥᠨᠳᠥᠷ ᠳᠣᠣᠷ᠎ᠠ ᠲᠡᠭᠰᠢ ᠦᠭᠡᠢ ᠪᠥᠭᠡᠳ ᠭᠤᠤ ᠭᠠᠩᠭ᠎ᠠ ᠠᠷᠪᠢᠨ᠂ | ᠡᠶᠢᠮᠦ ᠠᠴᠠ ᠮᠣᠷᠢᠨ ᠤ ᠳᠣᠪᠲᠣᠯᠬᠤ ᠳᠤ ᠲᠣᠬᠢᠷᠠᠬᠤ ᠦᠭᠡᠢ ᠪᠠᠶᠢᠳᠠᠭ᠃ ᠪᠣᠭᠤᠳᠣ ᠪᠤᠯ ᠮᠣᠷᠢᠨ ᠤ ᠠᠮᠤᠭᠤᠯᠠᠩ | ᠣᠷᠣᠨ᠃ ᠪᠤᠭᠤᠲᠤ ᠳᠤ ᠬᠦᠷᠦᠮᠡᠭᠴᠡ᠂ ᠡᠮᠦᠨᠡᠲᠦ ᠣᠷᠣᠨ ᠤ ᠠᠭᠤᠯᠠ ᠤᠰᠤᠨ ᠳᠤ ᠵᠠᠩᠰᠢᠭᠰᠠᠨ ᠨᠠᠮ᠎ᠠ ᠶᠢ ᠶᠠᠭ | ᠯᠠ ᠢᠯᠢᠭᠦᠷ ᠢᠶᠠᠷ ᠢᠯᠢᠭᠦᠷᠳᠡᠭᠰᠡᠨ ᠶᠤᠮ ᠰᠢᠭ᠋᠂ ᠡᠰᠡᠬᠦᠯ᠎ᠡ ᠨᠢᠭᠡ ᠬᠠᠭᠤᠳᠠᠰᠤ ᠳᠡᠯᠭᠡᠵᠤ ᠲᠠᠯᠪᠢᠭᠰᠠᠨ ᠴᠠᠭᠠᠰᠤ | ᠰᠢᠭ᠋᠂ ᠬᠥᠮᠦᠨ ᠢ ᠲᠡᠷᠡ ᠳᠣᠣᠷ᠎ᠠ ᠨᠢ ᠭᠦᠶᠦᠬᠦ ᠰᠡᠳᠭᠢᠯ ᠲᠦᠷᠦᠭᠳᠡᠭᠦᠯᠦᠭᠰᠡᠨ ᠪᠢᠯᠡ᠃ ᠮᠢᠨᠦ ᠪᠣᠳᠣᠬᠤ ᠪᠠᠷ᠂ | ᠮᠣᠷᠢ ᠲᠠᠢ ᠲᠦᠷᠭᠡᠨ ᠨᠢᠭᠡ ᠤᠳᠠᠭ᠎ᠠ ᠠᠭᠤᠯᠵᠠᠬᠤ ᠴᠠᠭ ᠪᠣᠯᠵᠠᠢ᠃ | ᠪᠤᠭᠤᠲᠤ ᠳᠤ᠂ ᠪᠢ ᠦᠨᠡᠬᠡᠷ ᠮᠠᠰᠢ ᠣᠯᠠᠨ ᠮᠣᠷᠢ ᠲᠠᠢ ᠠᠭᠤᠯᠵᠠᠪᠠ᠃ ᠲᠤᠬᠠᠶᠢᠯᠠᠪᠠᠯ ᠪᠣᠭᠤᠳᠣ ᠬᠤᠲᠠ ᠶᠢᠨ | ᠤᠳᠬ᠎ᠠ ᠤᠷᠠᠯᠢᠭ ᠤᠨ ᠬᠤᠯᠪᠣᠭᠠᠨ ᠤ ᠠᠯᠪᠠᠨ ᠠᠰᠠᠷ ᠲᠤ ᠮᠣᠷᠢᠨ ᠤ ᠲᠤᠬᠠᠢ ᠴᠥᠭᠡᠨ ᠪᠤᠰᠤ ᠭᠡᠷᠡᠯ ᠵᠢᠷᠤᠭ ᠤᠨ | ᠪᠦᠲᠦᠭᠡᠯ ᠢ ᠨᠠᠭᠠᠪᠠ᠃ ᠳᠤᠲᠤᠷᠠᠬᠢ ᠨᠢᠭᠡ ᠵᠢᠷᠤᠭ ᠲᠤ ᠨᠢ᠂ ᠨᠢᠭᠡ ᠲᠤᠯᠤᠭᠠᠢ ᠴᠠᠭᠠᠨ ᠮᠣᠷᠢ ᠨᠢ ᠴᠠᠭᠠᠨ ᠮᠠᠨᠠᠨ ᠳᠤ | ᠪᠦᠷᠬᠦᠭᠳᠡᠭᠰᠡᠨ ᠲᠠᠯ᠎ᠠ ᠨᠣᠲᠤᠭ ᠲᠤ ᠨᠢᠳᠦᠨ ᠬᠠᠷᠠᠴᠠ ᠪᠦᠷᠲᠦᠯᠵᠡᠨ᠂ ᠳᠦᠷᠢ ᠪᠠᠶᠢᠳᠠᠯ ᠵᠣᠪᠠᠨᠢᠩᠭᠤᠢ ᠪᠠᠶᠢᠯ᠎ᠠ᠃ | ᠲᠡᠷᠡ ᠪᠣᠯ ᠮᠣᠷᠢᠨ ᠳᠣᠮᠳᠠᠬᠢ ᠰᠢᠯᠦᠭᠴᠢᠨ ᠮᠥᠨ ᠦᠦ︖ ᠲᠡᠭᠦᠨ ᠢ ᠦᠵᠡᠮᠡᠭᠴᠡ ᠲᠣᠯᠣᠭᠠᠢ ᠶᠢ ᠨᠢ ᠲᠡᠪᠡᠷᠢᠨ | ᠦᠭᠡ ᠬᠡᠯᠡᠶ᠎ᠡ ᠭᠡᠵᠦ ᠰᠠᠨᠠᠨ᠎ᠠ᠃ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠦᠽᠧᠶ ᠳᠤ᠂ ᠪᠢ ᠮᠠᠰᠢ | ᠤᠯᠠᠨ ᠬᠠᠳᠠᠨ ᠵᠢᠷᠤᠭ ᠳᠡᠭᠡᠷᠡᠬᠢ ᠮᠣᠷᠢ ᠶᠢ ᠣᠯᠵᠤ ᠬᠠᠷᠠᠪᠠ᠂ ᠳᠡᠳᠡ ᠲᠣᠪᠴᠢ ᠠᠪᠰᠠᠷᠬᠠᠨ᠂ ᠨᠢᠯᠬᠠᠰᠠᠭ ᠵᠠᠩᠰᠢᠯ | ᠲᠠᠢ᠂ ᠲᠡᠮᠳᠡᠭ ᠲᠠᠢ ᠣᠶᠢᠷᠠᠲᠤᠵᠤ᠂ ᠥᠨᠢ ᠡᠷᠲᠡᠨ ᠤ ᠪᠥᠭᠡᠳ ᠭᠦᠨ ᠵᠤᠵᠠᠭᠠᠨ ᠬᠠᠷᠠᠭᠳᠠᠳᠠᠭ ᠶᠤᠮ᠃ | ᠭᠡᠲᠡᠯ᠎ᠡ ᠪᠢ ᠵᠢᠩᠬᠢᠨᠢ ᠮᠣᠷᠢ ᠲᠠᠢ ᠣᠶᠢᠷᠠᠲᠤᠵᠤ ᠴᠢᠳᠠᠭᠰᠠᠨ ᠦᠭᠡᠢ᠂ ᠡᠨᠡ ᠤᠳᠠᠭᠠᠨ ᠤ ᠬᠠᠷᠠᠮᠰᠠᠯ ᠭᠡᠵᠦ | ᠬᠡᠯᠡᠬᠦ ᠦᠭᠡᠢ ᠪᠠᠶᠢᠬᠤ ᠶᠢᠨ ᠠᠷᠭ᠎ᠠ ᠦᠭᠡᠢ᠃ ᠪᠤᠭᠤᠲᠤ ᠳᠤ᠂ ᠪᠢ ᠤᠷᠢᠯᠭ᠎ᠠ ᠪᠠᠷ ᠨᠢᠭᠡᠨ ᠤᠳᠬ᠎ᠠ ᠵᠣᠬᠢᠶᠠᠯ ᠤᠨ | ᠠᠵᠢᠯᠯᠠᠭ᠎ᠠ ᠳᠤ ᠣᠷᠣᠯᠴᠠᠪᠠ᠂ ᠡᠭᠦᠨ ᠳᠤ ᠪᠦᠭᠦᠳᠡ ᠨᠠᠶᠢᠷᠠᠮᠳᠠᠬᠤ ᠤᠯᠤᠰ ᠤᠨ ᠬᠠᠮᠤᠭ ᠡᠷᠲᠡ ᠨᠢᠭᠡ ᠪᠦᠯᠦᠭ | ᠪᠣᠯᠣᠳ ᠲᠡᠮᠦᠷ ᠤᠨ ᠠᠵᠤ ᠠᠬᠤᠶᠢᠯᠠᠯ ᠤᠨ ᠪᠤᠭᠤᠲᠤ ᠶᠢᠨ ᠪᠣᠯᠣᠳ ᠲᠡᠮᠦᠷ ᠤᠨ ︵ᠪᠦᠯᠦᠭᠯᠡᠯ︶ ᠬᠢᠵᠠᠭᠠᠷᠲᠤ | ᠬᠠᠷᠢᠭᠤᠴᠠᠯᠭᠠᠲᠤ ᠺᠣᠮᠫᠠᠨᠢ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠵᠡᠩᠨᠡᠯᠲᠡ ᠶᠢᠨ | ᠬᠡᠪᠴᠢᠶ᠎ᠡ ᠪᠠᠷ ᠬᠠᠮᠤᠭ ᠤᠨ ᠶᠡᠭᠡ ᠲᠣᠨᠤᠭ ᠲᠥᠬᠦᠭᠡᠷᠦᠮᠵᠢ ᠦᠢᠯᠡᠳᠬᠦ ᠠᠵᠤ ᠠᠬᠤᠶᠢᠯᠠᠯ ᠤᠨ ᠥᠪᠥᠷ ᠮᠣᠩᠭᠤᠯ ᠤᠨ | ᠨᠢᠭᠡᠳᠦᠭᠡᠷ ᠮᠠᠰᠢᠨ ᠮᠧᠬᠠᠨᠢᠭ ᠤᠨ ᠪᠦᠯᠦᠭᠯᠡᠯ ᠤᠨ ᠬᠢᠵᠠᠭᠠᠷᠲᠤ ᠺᠣᠮᠫᠠᠨᠢ ᠵᠢᠴᠢ ᠪᠤᠭᠤᠲᠤ ᠶᠢᠨ ᠬᠠᠲᠤᠨ ᠭᠤᠤᠯ ᠤᠨ | ᠤᠯᠤᠰ ᠤᠨ ᠰᠣᠶᠣᠯ ᠤᠨ ᠴᠡᠴᠡᠷᠯᠢᠭ ᠤᠨ ᠮᠦᠽᠧᠶ᠂ ᠬᠠᠲᠤᠨ ᠭᠤᠤᠯ ᠤᠨ ᠬᠡᠳᠦᠨ ᠦᠰᠦᠭ ᠤᠨ ᠪᠤᠯᠤᠩ ᠵᠡᠷᠭᠡ ᠶᠢ | ᠲᠣᠭᠤᠷᠢᠨ ᠦᠵᠡᠪᠡ᠃ ᠪᠢ ᠲᠠᠯ᠎ᠠ ᠨᠤᠲᠤᠭ ᠲᠠᠢ ᠵᠢᠩᠬᠢᠨᠢ ᠶᠠᠪᠣᠯᠴᠠᠭᠰᠠᠨ ᠴᠠᠭ ᠲᠡᠳᠦᠢ ᠠᠷᠪᠢᠨ ᠪᠢᠰᠢ᠃ ᠳᠠᠷᠬᠠᠨ | ᠮᠤᠤᠮᠢᠩᠭᠠᠨ ᠬᠤᠯᠪᠣᠭᠠᠲᠤ ᠬᠤᠰᠢᠭᠤᠨ ᠤ ᠰᠢᠯᠦᠭ ᠵᠢᠷᠤᠭ ᠤᠨ ᠲᠠᠯ᠎ᠠ ᠨᠤᠲᠤᠭ ᠲᠤ ᠣᠴᠢᠬᠤ ᠨᠢ ᠴᠤ ᠪᠠᠰᠠ | ᠠᠵᠢᠯᠯᠠᠭ᠎ᠠ ᠶᠢᠨ ᠠᠭᠤᠯᠭ᠎ᠠ ᠶᠢᠨ ᠨᠢᠭᠡ ᠪᠣᠯᠤᠨ᠎ᠠ᠂ ᠲᠡᠷᠡ ᠪᠣᠯ ᠲᠠᠯᠠᠪᠠᠢ ᠨᠢ ᠠᠷᠪᠠᠨ ᠲᠦᠮᠡᠨ ᠮᠦ ᠳᠤ ᠬᠦᠷᠦᠭᠰᠡᠨ | ᠪᠠᠶᠢᠭᠠᠯᠢ ᠶᠢᠨ ᠪᠡᠯᠴᠢᠭᠡᠷ ᠪᠣᠯᠤᠨ᠎ᠠ᠂ ᠭᠡᠪᠡᠴᠦ ᠮᠢᠨᠦ ᠲᠡᠨᠳᠡ ᠪᠠᠶᠢᠭᠰᠠᠨ ᠴᠠᠭ ᠨᠢ ᠵᠥᠪᠬᠡᠨ ᠨᠢᠭᠡ ᠦᠳᠡ ᠶᠢᠨ | ᠬᠤᠶᠢᠨ᠎ᠠ ᠪᠣᠯᠤᠨ ᠨᠢᠭᠡ ᠣᠷᠤᠢ᠂ ᠳᠠᠷᠠᠭ᠎ᠠ ᠡᠳᠦᠷ ᠨᠢ ᠪᠢ ᠡᠩᠨᠡᠭᠡ ᠪᠠᠨ ᠳᠠᠭᠠᠵᠤ ᠪᠤᠭᠤᠲᠤ ᠳᠤ ᠪᠠᠨ ᠪᠤᠴᠠᠪᠠ᠃ | ᠪᠢ ᠲᠡᠨᠳᠡ ᠬᠦᠬᠡ ᠲᠩᠷᠢ᠂ ᠴᠡᠩᠬᠡᠷ ᠤᠰᠤ᠂ ᠢᠰᠡᠭᠡᠢ ᠭᠡᠷ᠂ ᠰᠠᠯᠬᠢᠨ ᠲᠡᠷᠭᠡ᠂ ᠣᠪᠣᠭ᠎ᠠ ᠪᠠᠶᠢᠬᠤ ᠶᠢ ᠣᠯᠵᠤ | ᠬᠠᠷᠠᠭᠰᠠᠨ᠂ ᠭᠡᠲᠡᠯ᠎ᠡ ᠵᠦᠪᠬᠡᠨ ᠮᠣᠷᠢ ᠶᠢ ᠣᠯᠵᠤ ᠬᠠᠷᠠᠭᠰᠠᠨ ᠦᠭᠡᠢ᠃ ᠳᠣᠮᠤᠭ ᠶᠠᠷᠢᠶᠠᠨ ᠳᠤ ︽ᠲᠠᠯ᠎ᠠ | ᠨᠤᠲᠤᠭ ᠤᠨ ᠲᠩᠷᠢ ᠶᠢᠨ ᠬᠠᠶᠠᠭᠠᠠᠭᠠᠵᠢᠮ ᠢᠶᠠᠷ ᠭᠡᠷᠡᠯᠲᠦᠵᠦ᠂ ᠨᠢᠭᠡ ᠡᠭᠡᠯᠵᠢ ᠤᠯᠠᠭᠠᠨ ᠨᠠᠷᠠ᠂ ᠠᠳᠤᠭᠤᠨ | ᠰᠦᠷᠦᠭ ᠤᠨ ᠵᠢᠷᠤᠭ ᠳᠣᠮᠳᠠ ᠠᠭᠠᠵᠢᠮ ᠢᠶᠠᠷ ᠮᠠᠨᠳᠤᠬᠤ︾ ᠭᠡᠰᠡᠨ ᠪᠠᠶᠢᠳᠠᠯ ᠢ ᠪᠢ ᠶᠠᠭ ᠦᠵᠡᠬᠦ ᠬᠤᠪᠢ ᠵᠠᠶᠠᠭ᠎ᠠ | ᠪᠠᠶᠢᠬᠤ ᠦᠭᠡᠢ᠃ ᠠ᠂ ᠪᠢ ᠪᠠᠰᠠ ᠮᠣᠷᠢ ᠶᠢ ᠣᠯᠵᠤ ᠬᠠᠷᠠᠭᠰᠠᠨ — ᠪᠤᠴᠠᠬᠤ ᠵᠠᠮ ᠳᠤ ᠪᠠᠨ᠂ ᠭᠤᠷᠪᠠ ᠲᠠᠪᠤᠨ | ᠲᠤᠯᠤᠭᠠᠢ ᠮᠣᠷᠢ ᠲᠠᠯ᠎ᠠ ᠨᠤᠲᠤᠭ ᠲᠤ ᠡᠪᠡᠰᠦ ᠢᠳᠡᠵᠦ ᠪᠠᠶᠢᠪᠠ᠃ ᠭᠡᠪᠡᠴᠦ ᠲᠡᠳᠡᠨ ᠬᠡᠲᠦᠷᠬᠡᠢ ᠬᠤᠯᠠ ᠵᠠᠢ ᠲᠠᠢ | ᠪᠣᠯᠪᠠ᠂ ᠶᠠᠭ ᠬᠡᠶᠢᠰᠪᠦᠷᠢ ᠪᠣᠳᠠᠰ ᠰᠢᠭ᠋᠃ | ᠭᠡᠪᠡᠴᠦ᠂ ᠪᠢ ᠡᠮᠡᠭᠡᠯ ᠢ ᠣᠯᠵᠤ ᠬᠠᠨᠷᠠᠪᠠ᠃ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ | ᠮᠦᠽᠧᠢ ᠳᠤ᠂ ᠲᠡᠳᠡ ᠵᠢᠩᠬᠢᠨᠢ ᠪᠣᠳᠠᠰ ᠢᠶᠠᠷ ᠳᠡᠯᠭᠡᠭᠦᠷᠭᠡ ᠳᠤ ᠦᠵᠡᠭᠦᠯᠭᠡ ᠬᠢᠪᠡ᠃ ᠬᠡᠳᠦᠨ ᠠᠷᠪᠠᠨ ᠮᠣᠷᠢᠨ | ᠡᠮᠡᠭᠡᠯ ᠢ ᠡᠮᠦᠨ᠎ᠡ ᠬᠤᠶᠢᠨ᠎ᠠ ᠵᠢᠭᠰᠠᠭᠠᠨ᠂ ᠨᠢᠭᠡᠨ ᠭᠦᠨ ᠲᠡᠦᠬᠡ ᠶᠢᠨ ᠰᠡᠳᠬᠢᠯᠭᠡ ᠪᠠ ᠬᠤᠷᠴᠠ ᠰᠢᠷᠦᠭᠦᠨ | ᠬᠠᠷᠠᠭᠠᠨ ᠤ ᠳᠠᠭᠠᠷᠢᠯᠲᠠ ᠶᠢᠨ ᠬᠦᠴᠦᠨ ᠲᠠᠢ ᠶᠢᠷᠲᠢᠨᠴᠦ ᠪᠣᠯᠭᠠᠨ ᠪᠦᠷᠢᠯᠳᠦᠭᠦᠯᠪᠡ — | ᠲᠡᠳᠡ ᠪᠣᠯ ᠨᠢᠭᠡ ᠨᠢᠭᠡ ᠪᠢᠴᠢᠬᠠᠨ ᠪᠠᠷᠢᠯᠭ᠎ᠠ᠂ ᠡᠳᠡᠭᠡᠷ ᠨᠢ ᠡᠮᠡᠭᠡᠯ ᠤᠨ ᠮᠣᠳᠣ᠂ ᠡᠮᠡᠭᠡᠯ ᠤᠨ ᠬᠢᠷ᠎ᠠ᠂ | ᠡᠮᠡᠭᠡᠯ ᠤᠨ ᠰᠠᠭᠤᠳᠠᠯ᠂ ᠳᠥᠷᠥᠭᠡ᠂ ᠤᠶᠠᠭ᠎ᠠ ᠳᠡᠭᠡᠰᠦ᠂ ᠭᠥᠯᠢᠮ᠂ ᠰᠢᠷᠭᠤᠭᠤᠯ᠂ ᠡᠮᠡᠭᠡᠯᠭᠥ᠋ᠯᠢᠮ ᠵᠡᠷᠬᠡ ᠪᠠᠷ | ᠬᠠᠮᠲᠤ ᠪᠠᠷ ᠨᠡᠶᠢᠯᠡᠭᠰᠡᠨ ᠨᠠᠷᠢᠯᠢᠭ᠂ ᠭᠦᠨ ᠨᠢᠭᠤᠴᠠ ᠲᠠᠢ ᠪᠦᠲᠦᠴᠡ ᠶᠢᠨ ᠤᠷᠠᠯᠢᠭ᠂ ᠮᠣᠳᠣᠨ ᠤ ᠠᠵᠢᠯ᠂ | ᠬᠠᠳᠬᠤᠮᠠᠯ᠂ ᠭᠦᠷᠦᠮᠡᠯ᠂ ᠲᠡᠮᠦᠷᠯᠢᠭ ᠳᠠᠪᠲᠠᠯᠭ᠎ᠠ ᠵᠡᠷᠭᠡ ᠣᠯᠠᠨ ᠵᠦᠢᠯ ᠤᠨ ᠤᠷᠠᠯᠠᠯ ᠬᠤᠣᠰᠯᠠᠭᠰᠠᠨ ᠵᠢᠵᠢᠭ | ᠬᠡᠯᠪᠡᠷᠢ ᠶᠢᠨ ᠸᠠᠩᠲᠤ ᠤᠯᠤᠰ ᠶᠤᠮ᠃ | ᠲᠡᠳᠡᠭᠡᠷ ᠤᠨ ᠭᠦᠳᠦᠭᠦᠷ ᠬᠤᠲᠣᠭᠤᠷ ᠨᠢ ᠣᠨᠴᠠᠯᠢᠭ ᠲᠠᠢ᠂ ᠭᠠᠷ ᠤᠷᠠᠯᠠᠯ ᠨᠢ ᠪᠣᠳᠣᠯᠢᠶᠠᠨᠲᠠᠢ᠃ ᠲᠡᠷᠡ ᠨᠢ | ᠠᠯᠲᠠ ᠮᠥᠩᠭᠦ ᠪᠠᠷ ᠠᠯᠠᠭᠯᠠᠨ ᠰᠡᠶᠢᠯᠵᠦ᠂ ᠬᠤᠸᠠᠷ ᠰᠡᠶᠢᠯᠵᠦ ᠵᠢᠷᠤᠭᠠᠰᠤ ᠴᠣᠭᠤᠯᠪᠣᠷᠢᠯᠠᠨᠠ᠃ ᠲᠡᠳᠡᠭᠡᠷ ᠤᠨ ᠪᠡᠶ᠎ᠡ | ᠳᠡᠭᠡᠷ᠎ᠡ ᠠᠮᠢᠳᠤ ᠠᠮᠢᠲᠠᠨ᠂ ᠠᠮᠢᠵᠢᠷᠠᠯ ᠤᠨ ᠬᠦᠴᠦᠨ ᠢᠶᠠᠷ ᠪᠢᠯᠬᠠᠮ᠎ᠠ ᠤᠷᠭᠤᠮᠠᠯ᠂ ᠲᠡᠮᠳᠡᠭᠴᠢᠯᠡᠭᠰᠡᠨ ᠵᠢᠷᠤᠭ | ᠳᠦᠷᠰᠦ ᠨᠢ ᠪᠦᠷ ᠡᠷᠲᠡᠨ ᠤ ᠤᠯᠠᠮᠵᠢᠯᠠᠯ ᠠᠴᠠ ᠢᠷᠡᠵᠦ᠂ ᠨᠠᠷᠢᠯᠢᠭ ᠮᠥᠷᠲᠡᠭᠡᠨ ᠰᠦᠷ ᠳᠠᠯᠠᠶᠢᠴᠠᠲᠠᠶ ᠭᠤᠶᠣ | ᠰᠠᠶᠢᠬᠠᠨ ᠰᠢᠰᠲ᠋ᠧᠮ ᠠᠴᠠ ᠢᠷᠡᠯᠲᠡ ᠲᠠᠢ᠃ | ᠲᠡᠳᠡ ᠶᠠᠭᠤᠨ ᠤ ᠡᠮᠦᠨ᠎ᠡ ᠪᠠᠭᠠᠵᠢ ᠬᠡᠷᠡᠭᠰᠡᠯ᠂ ᠹᠢᠽᠢᠺ ᠤᠨ ᠮᠡᠷᠭᠡᠵᠢᠯ ᠲᠠᠢ ᠬᠤᠯᠪᠣᠭᠳᠠᠵᠤ᠂ ᠡᠮᠡᠭᠡᠯ | ᠦᠢᠯᠡᠳᠬᠦ ᠮᠡᠷᠭᠡᠵᠢᠯ ᠢ ᠪᠤᠶ ᠪᠣᠯᠭᠠᠵᠠᠢ᠃ ᠪᠣᠭᠤᠲᠣ ᠶᠢᠨ ᠨᠠᠶᠢᠵᠠ ᠨᠠᠳᠠ ᠳᠤ᠂ ᠮᠣᠩᠭᠤᠯ ᠦᠨᠳᠦᠰᠦᠲᠡᠨ ᠨᠢᠭᠡᠨᠲᠡ | ᠮᠣᠷᠢᠨ ᠡᠮᠡᠭᠡᠯ ᠦᠢᠯᠡᠳᠦᠭᠰᠡᠨ ᠬᠤᠶᠠᠷ ᠮᠢᠩᠭ᠎ᠠ ᠭᠠᠷᠤᠢ ᠵᠢᠯ ᠤᠨ ᠲᠡᠦᠬᠡ ᠲᠠᠢ᠃ ᠮᠣᠩᠭᠤᠯ ᠦᠨᠳᠦᠰᠦᠲᠡᠨ 28 | ᠣᠪᠤᠭ ᠠᠶᠢᠮᠠᠭ ᠲᠠᠢ᠂ ᠡᠶᠢᠮᠦ ᠠᠴᠠ ᠮᠣᠷᠢᠨ ᠡᠮᠡᠭᠡᠯ 28 ᠶᠠᠩᠵᠤ ᠪᠠᠶᠢᠳᠠᠭ᠃ 13 ᠳ᠋ᠤᠭᠠᠷ ᠵᠠᠭᠤᠨ ᠠᠴᠠ | ᠡᠬᠢᠯᠡᠨ ᠮᠣᠩᠭᠤᠯ ᠦᠨᠳᠦᠰᠦᠲᠡᠨ ᠤ ᠡᠯ᠎ᠡ ᠠᠶᠢᠮᠠᠭ ᠪᠦᠯᠦᠭ ᠨᠢ ᠠᠳᠤᠭᠤᠨ ᠤ ᠬᠦᠴᠦᠨ ᠢᠶᠠᠷ ᠠᠶᠠᠯᠠᠬᠤ ᠶᠢᠨ | ᠬᠠᠮᠲᠤ ᠮᠣᠷᠢᠨ ᠡᠮᠡᠭᠡᠯ ᠬᠢᠬᠦ ᠮᠡᠷᠭᠡᠵᠢᠯ ᠢᠶᠠᠨ ᠪᠦᠬᠦ ᠳᠡᠯᠡᠬᠡᠢ ᠳᠤ ᠠᠪᠴᠢᠷᠠᠭᠰᠠᠨ ᠪᠠᠶᠢᠨ᠎ᠠ᠃ | ᠬᠤᠶᠠᠷ ᠮᠢᠩᠭ᠎ᠠ ᠭᠠᠷᠤᠢ ᠵᠢᠯ ᠤᠨ ᠲᠤᠷᠰᠢ᠂ ᠲᠠᠯ᠎ᠠ ᠨᠤᠲᠤᠭ ᠤᠨ ᠬᠦᠮᠦᠰ ᠮᠤᠷᠢ ᠤᠨᠤᠭ᠎ᠠ ᠶᠢ ᠵᠢᠯᠤᠭᠤᠳᠬᠤ | ᠳᠤᠮᠳᠠ ᠪᠠᠨ ᠡᠮᠡᠭᠡᠯ ᠢ ᠡᠭᠦᠳᠦᠭᠰᠡᠨ ᠪᠦᠭᠡᠳ ᠡᠮᠡᠭᠡᠯ ᠲᠠᠢ ᠬᠤᠯᠪᠤᠭ᠎ᠠ ᠲᠠᠢ ᠮᠠᠰᠢ ᠤᠯᠠᠨ ᠵᠠᠩ ᠳᠠᠳᠬᠠᠯ ᠪᠤᠢ | ᠪᠤᠯᠵᠡᠶ᠄ ᠲᠡᠳᠡ ᠮᠣᠷᠢᠨ ᠡᠮᠡᠭᠡᠯ ᠳᠤ ᠬᠠᠨᠲᠠᠯ᠎ᠠ ᠦᠨᠳᠦᠰᠦᠳᠡᠨ ᠤ ᠰᠤᠶᠤᠯ ᠢᠶᠠᠨ ᠳᠡᠯᠭᠡᠨ ᠦᠵᠡᠭᠦᠯᠵᠦ᠂ ᠠᠯᠲᠠ᠂ | ᠮᠦᠩᠭᠦ᠂ ᠭᠠᠤᠯᠢ᠂ ᠮᠢᠩ ᠹᠠᠯᠠᠨ ᠵᠢᠴᠢ ᠡᠯᠪᠡᠭ ᠪᠠᠶᠠᠯᠢᠭ ᠦᠨᠳᠦᠰᠦᠳᠡᠨ ᠤ ᠵᠠᠩ ᠠᠭᠠᠯᠢ ᠲᠠᠢ ᠵᠢᠷᠤᠭ ᠳᠦᠷᠰᠦ ᠪᠠᠷ | ᠵᠠᠰᠠᠨ ᠴᠢᠮᠡᠭᠯᠡᠵᠡᠢ ; ᠡᠮᠡᠭᠡᠯ ᠢ ᠬᠢᠵᠦ ᠳᠠᠭᠤᠰᠬᠠᠪᠠᠯ᠂ ᠰᠠᠶᠢᠨ ᠨᠠᠶᠢᠵᠠ ᠨᠠᠷ ᠪᠠᠶᠠᠷ ᠬᠦᠷᠭᠡᠬᠦ ᠪᠠᠷ ᠢᠷᠡᠵᠦ᠂ ᠬᠠᠳᠠᠭ | ᠡᠷᠭᠦᠨ ᠪᠡᠯᠡᠭ ᠬᠦᠷᠭᠡᠵᠦ᠂ ᠡᠵᠡᠨ ᠨᠢ ᠰᠢᠨ᠎ᠡ ᠮᠣᠷᠢᠨ ᠡᠮᠡᠭᠡᠯ ᠲᠠᠢ ᠠᠵᠢᠨᠠᠢ ᠬᠦᠯᠦᠭ ᠢᠶᠠᠨ ᠤᠨᠤᠨ ᠴᠤᠭ | ᠵᠢᠪᠬᠤᠭ᠎ᠠ ᠪᠠᠳᠠᠷᠠᠩᠭᠤᠢ ᠪᠠᠷ ᠳᠠᠪᠬᠢᠵᠤ᠂ ᠬᠠᠷᠢᠨ ᠢᠷᠡᠭᠰᠡᠨ ᠤ ᠰᠡᠭᠦᠯᠡᠷ ᠬᠠᠳᠠᠭ ᠢᠶᠠᠨ ᠮᠣᠷᠢᠨ ᠡᠮᠡᠭᠡᠯ ᠤᠨ | ᠭᠠᠨᠵᠤᠭ᠎ᠠ ᠳᠡᠭᠡᠷ᠎ᠡ ᠤᠶᠠᠵᠤ᠂ ᠣᠯᠠᠨ ᠲᠠᠢ ᠬᠠᠮᠲᠤ ᠨᠠᠷᠭᠢᠯᠳᠤᠨᠠ ; ᠬᠤᠯᠠ ᠵᠠᠮ ᠬᠥᠭᠡᠪᠡᠯ᠂ ᠮᠣᠷᠢᠨ ᠤ ᠬᠦᠯᠦᠰᠦ | ᠤᠨᠤᠨ ᠳᠠᠭᠤᠰᠬᠤ ᠶᠢ ᠬᠦᠯᠢᠶᠡᠵᠦ᠂ ᠰᠠᠶᠢᠬᠠᠨ ᠠᠮᠠᠷᠠᠭᠰᠠᠨ ᠤ ᠳᠠᠷᠠᠭ᠎ᠠ ᠰᠠᠶ᠋ᠢ ᠡᠮᠡᠭᠡᠯ ᠢ ᠠᠪᠴᠤ ᠪᠣᠯᠣᠨ᠎ᠠ ; ᠳᠡᠳᠡ | ᠨᠢᠯᠬ᠎ᠠ ᠬᠡᠤᠬᠡᠳ ᠶᠢ ᠮᠣᠷᠢᠨ ᠡᠮᠡᠭᠡᠯᠦᠨ ᠳᠡᠭᠡᠭᠦᠷ ᠦᠰᠦᠷᠬᠦ ᠪᠠ ᠮᠣᠷᠢᠨ ᠡᠮᠡᠭᠡᠯ ᠢᠶᠠᠷ ᠨᠠᠭᠠᠳᠬᠤ ᠶᠢ ᠴᠠᠭᠠᠵᠠᠯᠠᠳᠠᠭ᠂ | ᠦᠯᠢᠭᠡᠷ ᠳᠣᠮᠤᠭ ᠲᠤ᠂ ᠮᠣᠷᠢᠨ ᠡᠮᠡᠭᠡᠯ ᠤᠨ ᠳᠡᠭᠡᠭᠦᠷ ᠦᠰᠦᠷᠪᠡᠯ ᠨᠢᠷᠤᠭᠤ ᠲᠤᠯᠭᠠᠭᠤᠷᠢ ᠶᠢ ᠨᠢ ᠰᠢᠷᠠᠭᠳᠠᠭᠤᠯᠤᠨᠠ | ᠭᠡᠳᠡᠭ ᠁ ᠲᠠᠯ᠎ᠠ ᠨᠤᠲᠤᠭ ᠤᠨ ᠬᠦᠮᠦᠰ ᠤᠨ ᠦᠵᠡᠬᠦ ᠪᠠᠷ᠂ ᠡᠮᠡᠭᠡᠯ ᠢ ᠬᠦᠨᠳᠦᠳᠭᠡᠬᠦ ᠨᠢ ᠮᠣᠷᠢ ᠶᠢ | ᠬᠦᠨᠳᠦᠳᠭᠡᠵᠦ᠂ ᠵᠠᠮ᠂ ᠠᠯᠤᠰ ᠭᠠᠵᠠᠷ᠂ ᠬᠤᠷᠲᠣᠴᠠ ᠪᠤᠯᠤᠨ ᠬᠦᠴᠦᠨ ᠢ ᠬᠦᠨᠳᠦᠳᠭᠡᠵᠦ ᠪᠠᠶᠢᠬᠤ ᠶᠠᠪᠤᠳᠠᠯ | ᠪᠣᠯᠣᠨ᠎ᠠ᠃ ᠮᠣᠷᠢᠨ ᠡᠮᠡᠭᠡᠯ ᠲᠡᠳᠡᠨ ᠤ ᠰᠡᠳᠬᠢᠯ ᠳᠤ᠂ ᠪᠠᠭᠠᠲᠤᠷᠯᠢᠭ ᠴᠤᠭ ᠵᠢᠪᠬᠤᠭ᠎ᠠ ᠲᠠᠢ ᠬᠤᠯᠪᠣᠭᠳᠠᠵᠤ᠂ | ᠪᠡᠶ᠎ᠡ ᠶᠢᠨ ᠭᠠᠷᠤᠯ ᠪᠣᠯᠤᠨ ᠪᠠᠶᠢᠷᠢ ᠰᠠᠭᠤᠷᠢ ᠲᠠᠢ ᠬᠤᠯᠪᠣᠭᠳᠠᠵᠤ᠂ ᠬᠦᠴᠦᠨ ᠴᠢᠳᠠᠯ ᠪᠣᠯᠤᠨ ᠰᠠᠶᠢᠨ ᠲᠠᠢ | ᠬᠤᠯᠪᠣᠭᠳᠠᠵᠤ᠂ ᠥᠯᠵᠡᠶᠢᠲᠦ ᠠᠮᠤᠷ ᠠᠮᠤᠭᠤᠯᠠᠩ ᠲᠠᠢ ᠬᠤᠯᠪᠣᠭᠳᠠᠵᠤ᠂ ᠵᠣᠷᠢᠭ ᠰᠠᠨᠠᠭᠠᠨ ᠤ ᠣᠩᠭᠤᠨ ᠰᠢᠲᠦᠭᠡᠨ | ᠲᠠᠢ ᠬᠤᠯᠪᠣᠭᠳᠠᠵᠤ ᠪᠠᠶᠢᠳᠠᠭ ᠁ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠦᠽᠧᠶ ᠳᠤ᠂ ᠪᠢ ᠬᠡᠳᠦᠨ ᠠᠷᠪᠠᠨ ᠮᠣᠷᠢᠨ ᠡᠮᠡᠭᠡᠯ | ᠰᠣᠨᠢᠷᠬᠠᠵᠤ᠂ ᠰᠡᠳᠬᠢᠯ ᠰᠠᠨᠠᠭ᠎ᠠ ᠬᠤᠯᠠ ᠪᠣᠯᠪᠠ᠃ ᠲᠡᠳᠡᠭᠡᠷ ᠨᠢ ᠪᠦᠷ ᠬᠡᠷᠡᠭᠯᠡᠵᠦ ᠥᠩᠭᠡᠷᠡᠭᠰᠡᠨ ᠨᠢ ᠶᠠᠷᠢᠶᠠᠨ | ᠦᠭᠡᠢ᠃ ᠲᠡᠳᠡᠨᠦᠰ ᠤᠨ ᠪᠡᠶ᠎ᠡ ᠳᠣᠣᠷ᠎ᠠ᠂ ᠶᠠᠮᠠᠷ ᠶᠠᠩᠵᠤ ᠶᠢᠨ ᠮᠣᠷᠢ ᠲᠠᠢ ᠪᠠᠶᠢᠭᠰᠠᠨ ᠪᠣᠯ︖ ᠲᠡᠳᠡᠨ ᠤ | ᠡᠮᠡᠭᠡᠯ ᠤᠨ ᠰᠠᠭᠤᠳᠠᠯ ᠳᠡᠭᠡᠷ᠎ᠡ ᠶᠠᠮᠠᠷ ᠬᠥᠮᠥᠨ ᠰᠠᠭᠤᠵᠤ ᠦᠩᠭᠡᠷᠡᠭᠰᠡᠨ ᠪᠤᠢ︖ ᠲᠡᠷᠡ ᠪᠤᠯᠤᠨ ᠲᠡᠭᠦᠨ ᠳᠤ ᠪᠦᠷ | ᠶᠠᠮᠠᠷ ᠵᠠᠩ ᠠᠭᠠᠰᠢ ᠲᠠᠢ ᠪᠠᠶᠢᠵᠤ᠂ ᠪᠠᠰᠠ ᠶᠠᠮᠠᠷ ᠬᠠᠶᠢᠷ᠎ᠠ ᠲᠠᠢ ᠪᠠᠶᠢᠳᠠᠭ ᠪᠤᠢ︖ ᠲᠡᠷᠡ ᠪᠤᠯᠤᠨ ᠲᠡᠷᠡ ᠪᠦᠷ | ᠶᠠᠮᠠᠷ ᠶᠠᠩᠵᠦ ᠶᠢᠨ ᠬᠤᠯᠠ ᠭᠠᠵᠠᠷ ᠲᠤ ᠣᠴᠢᠭᠠᠳ᠂ ᠶᠠᠮᠠᠷ ᠨᠢᠬᠡᠨ ᠣᠷᠣᠨ ᠨᠣᠲᠤᠭ ᠪᠤᠯᠤᠨ ᠲᠡᠭᠷᠢ ᠶᠢᠨ | ᠥᠩᠭᠡ ᠶᠢ ᠦᠵᠡᠵᠦ᠂ ᠶᠠᠮᠠᠷ ᠨᠡᠷᠡᠨ ᠤ ᠭᠡᠷᠡᠯ ᠪᠤᠯᠤᠨ ᠰᠠᠷᠠᠨ ᠤ ᠭᠡᠷᠡᠯ ᠢᠶᠠᠷ ᠭᠡᠷᠡᠯᠲᠦᠭᠦᠯᠦᠭᠰᠡᠨ ᠪᠤᠢ︖ | ᠮᠣᠷᠢ ᠣᠯᠵᠤ ᠬᠠᠷᠠᠭᠠᠳᠤᠢ ᠪᠣᠯᠪᠠᠴᠤ᠂ ᠡᠮᠡᠭᠡᠯ ᠠᠴᠠ ᠪᠣᠯᠵᠤ᠂ ᠮᠣᠷᠢᠨ ᠤ ᠠᠭᠤᠷ ᠠᠮᠢᠰᠬᠤᠯ ᠢ ᠪᠢ ᠰᠡᠷᠡᠵᠦ | ᠣᠯᠵᠠᠢ᠃ ᠬᠡᠳᠦᠨ ᠠᠷᠪᠠᠨ ᠡᠮᠡᠭᠡᠯ ᠤᠨ ᠳᠤᠮᠳᠠ ᠪᠠᠶᠢᠬᠤ ᠳᠤ᠂ ᠲᠤᠭ᠎ᠠ ᠦᠭᠡᠢ ᠣᠯᠠᠨ ᠮᠣᠷᠢᠨ ᠤ ᠬᠤᠭᠤᠷᠣᠨᠳᠣ | ᠪᠠᠶᠢᠬᠤ ᠰᠢᠭ᠋᠃ ᠬᠡᠰᠡᠭ ᠵᠠᠭᠤᠷ᠎ᠠ ᠪᠢ ᠨᠡᠩ ᠢᠯᠠᠩᠭᠤᠶ᠎ᠠ ᠬᠡᠢ ᠰᠣᠨᠣᠷ ᠲᠠᠢ ᠪᠣᠯᠵᠤ — ᠲᠤᠭ᠎ᠠ ᠦᠭᠡᠢ ᠣᠯᠠᠨ | ᠬᠠᠮᠠᠷ ᠲᠣᠷᠭᠢᠬᠤ ᠳᠠᠭᠤᠨ ᠡᠮᠡᠭᠡᠯ ᠤᠨ ᠳᠤᠮᠳᠠ ᠰᠣᠨᠣᠰᠳᠠᠨ᠎ᠠ᠃ | ᠪᠢᠳᠡᠨ ᠤ ᠰᠠᠭᠤᠵᠤ ᠪᠠᠶᠢᠭ᠎ᠠ ᠪᠠᠭᠤᠳᠠᠯ ᠳᠤ᠂ ᠪᠢ ᠪᠠᠰᠠ ᠮᠣᠷᠢᠨ ᠡᠮᠡᠭᠡᠯ ᠢ ᠣᠯᠵᠤ ᠦᠵᠡᠪᠡ᠃ ᠲᠡᠭᠦᠨ ᠢ | ᠶᠡᠭᠡ ᠲᠠᠩᠬᠢᠮ ᠤᠨ ᠨᠢᠭᠡ ᠲᠠᠯ᠎ᠠ ᠶᠢᠨ ᠬᠡᠷᠡᠮ ᠳᠡᠭᠡᠷ᠎ᠡ ᠲᠠᠯᠪᠢᠳᠠᠭ᠃ ᠲᠡᠳᠡᠭᠡᠷᠨᠢ ᠬᠡᠶᠢᠰᠪᠦᠷᠢ ᠵᠢᠷᠤᠭ᠂ ᠪᠡᠶᠡᠲᠦ | ᠤᠷᠠᠯᠢᠭ᠂ ᠪᠠᠰᠠ ᠭᠦᠨ ᠤᠬᠠᠭᠠᠨ ᠪᠠ ᠰᠢᠯᠦᠭ᠃ ᠲᠡᠳᠡ ᠪᠣᠯ ᠴᠢᠮᠡᠭᠡᠦᠭᠡᠢ ᠪᠠᠶᠢᠳᠠᠭ᠂ ᠭᠡᠲᠡᠯ᠎ᠡ ᠪᠢ ᠲᠣᠯᠣᠭᠠᠢ | ᠦᠨᠳᠡᠶᠢᠨ ᠬᠡᠷᠡᠮ ᠬᠠᠷᠠᠬᠤᠯᠠᠷ ᠲᠤᠭ᠎ᠠ ᠲᠣᠮᠰᠢ ᠦᠭᠡᠢ ᠣᠯᠠᠨ ᠮᠣᠷᠢ ᠦᠰᠦᠷᠦᠨ ᠭᠠᠷᠴᠤ ᠢᠷᠡᠨ᠂ ᠪᠦᠬᠦ ᠲᠢᠩᠬᠢᠮ | ᠳᠤ᠂ ᠪᠥᠷ ᠮᠣᠷᠢᠨ ᠲᠤᠭᠤᠷᠠᠢ ᠶᠢᠨ ᠳᠠᠭᠤᠨ ᠪᠠ ᠴᠢᠬᠢ ᠳᠦᠯᠡᠶᠢᠷᠡᠬᠦ ᠢᠨᠴᠠᠭᠠᠬᠤ ᠳᠠᠭᠤ ᠰᠣᠨᠣᠰᠳᠠᠨ᠎ᠠ᠃ ᠮᠢᠨᠦ | ᠦᠵᠡᠬᠦ ᠪᠠᠷ᠂ ᠬᠠᠮᠢᠭ᠎ᠠ ᠡᠮᠡᠭᠡᠯ ᠪᠠᠶᠢᠪᠠᠯ ᠬᠠᠮᠢᠭ᠎ᠠ ᠪᠣᠯ ᠬᠥᠬᠡ ᠣᠭᠲᠠᠷᠭᠤᠢ ᠶᠢᠨ ᠳᠣᠣᠷᠠᠬᠢ ᠲᠠᠯ᠎ᠠ ᠨᠤᠲᠤᠭ᠂ | ᠳᠠᠷᠤᠢ ᠮᠣᠷᠢᠨ ᠤ ᠳᠠᠪᠬᠢᠬᠤ ᠳᠠᠶᠢᠨ ᠤ ᠲᠠᠯᠠᠪᠤᠷ ᠪᠣᠯᠣᠨ᠎ᠠ᠃ | ᠪᠤᠭᠤᠲᠤ ᠳᠤ᠂ ᠪᠢ ᠨᠡᠩ ᠣᠯᠠᠨ ᠡᠮᠡᠭᠡᠯ ᠣᠯᠵᠤ ᠦᠵᠡᠪᠡ᠃ ᠬᠠᠲᠤᠨ ᠭᠤᠣᠯ ᠤᠨ ᠬᠡᠳᠦᠨ ᠦᠰᠦᠭ ᠤᠨ | ᠪᠤᠯᠤᠩ᠂ ᠬᠠᠲᠤᠨ ᠭᠤᠣᠯ ᠤᠨ ᠣᠯᠠᠩᠬᠢ ᠨᠢ ᠶᠠᠭ ᠯᠠ ᠨᠢᠭᠡ ᠲᠣᠯᠣᠭᠠᠢ ᠡᠷᠭᠢᠵᠦ ᠬᠠᠷᠠᠭᠰᠠᠨ ᠠᠳᠤᠭᠤ ᠰᠢᠭ᠋᠂ | ᠭᠤᠣᠯ ᠤᠨ ᠬᠤᠶᠠᠷ ᠲᠠᠯ᠎ᠠ ᠶᠢᠨ ᠨᠣᠭᠤᠭᠠᠨ ᠭᠤᠣᠯ ᠤᠨ ᠡᠷᠭᠢ ᠪᠣᠯ ᠡᠮᠡᠭᠡᠯ ᠪᠣᠯᠤᠨ᠎ᠠ᠃ ᠪᠤᠭᠤᠲᠤ ᠶᠢᠨ ᠪᠤᠯᠤᠳ | ᠲᠡᠮᠦᠷ ︵ᠪᠦᠯᠦᠭᠯᠡᠯ︶ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠦᠢᠯᠡᠳᠪᠦᠷᠢ ᠶᠢᠨ ᠲᠠᠰᠤᠭ ᠲᠤ᠂ | ᠪᠤᠴᠠᠯᠤᠮ᠎ᠠ ᠬᠠᠯᠠᠭᠤᠨ᠂ ᠤᠯᠠᠭᠠᠨ ᠲᠡᠮᠦᠷ ᠨᠢ ᠶᠠᠭ ᠯᠠ ᠳᠣᠭᠰᠢᠨ ᠵᠦᠷᠢᠭᠦᠦ ᠮᠣᠷᠢ ᠰᠢᠭ᠋᠂ ᠲᠡᠷᠡ | ᠦᠢᠯᠡᠳᠪᠦᠷᠢ ᠶᠢᠨ ᠲᠠᠰᠤᠭ ᠤᠨ ᠵᠠᠮ ᠳᠡᠭᠡᠷ᠎ᠡ ᠳᠠᠪᠬᠢᠵᠤ᠂ ᠪᠤᠭᠤᠲᠤ ᠶᠢᠨ ᠪᠤᠯᠤᠳ ᠲᠡᠮᠤᠷ ᠤᠨ ᠺᠣᠮᠫᠠᠨᠢ ᠨᠢ ᠪᠣᠯᠣᠳ | ᠤᠨ ᠤᠨᠤᠭᠰᠠᠨ ᠮᠣᠷᠢᠨ ᠡᠮᠡᠭᠡᠯ ᠪᠣᠯᠣᠨ᠎ᠠ᠃ ᠥᠪᠥᠷ ᠮᠣᠩᠭᠤᠯ ᠤᠨ ᠨᠢᠭᠡᠳᠦᠭᠡᠷ ᠮᠠᠰᠢᠨ ᠮᠧᠬᠠᠨᠢᠭ ᠤᠨ | ᠪᠦᠯᠦᠭᠯᠡᠯ ᠤᠨ ᠬᠢᠵᠠᠭᠠᠷᠲᠤ ᠺᠣᠮᠫᠠᠨᠢ ᠶᠢᠨ ᠲᠡᠶᠢᠮᠦ ᠤᠯᠠᠨ ᠲᠦᠭᠡᠷᠢᠯ ᠦᠩᠭᠡᠳᠦ ᠬᠤᠪᠴᠠᠰᠤ ᠡᠮᠦᠰᠦᠭᠰᠡᠨ | ᠪᠠᠶᠢᠯᠳᠤᠭᠠᠨ ᠤ ᠲᠡᠷᠭᠡ ᠨᠢ ᠶᠠᠭᠠᠬᠢᠭᠠᠳ ᠨᠢᠭᠡ ᠲᠣᠯᠣᠭᠠᠢ ᠪᠤᠯᠴᠢᠩ ᠢᠶᠠᠷ ᠳᠦᠭᠦᠷᠡᠩ ᠪᠠᠶᠢᠯᠳᠤᠭᠠᠨ ᠤ ᠮᠣᠷᠢ ᠪᠢᠰᠢ | ᠪᠣᠢ᠂ ᠥᠪᠥᠷ ᠮᠣᠩᠭᠤᠯ ᠤᠨ ᠨᠢᠭᠡᠳᠦᠭᠡᠷ ᠮᠠᠰᠢᠨ ᠮᠧᠬᠠᠨᠢᠭ ᠤᠨ ᠪᠦᠯᠦᠭᠯᠡᠯ ᠪᠣᠯ ᠪᠠᠶᠢᠯᠳᠤᠭᠠᠨ ᠤ ᠮᠣᠷᠢ ᠶᠢᠨ | ᠨᠢᠷᠤᠭᠤᠨ ᠳᠡᠭᠡᠷᠡᠬᠢ ᠡᠮᠡᠭᠡᠯ ᠪᠣᠯᠤᠨ᠎ᠠ᠃ | ᠬᠤᠶᠠᠷ ᠠᠵᠤ ᠠᠬᠤᠶᠢᠯᠠᠯ ᠤᠨ ᠣᠳᠣ ᠶᠢᠨ ᠬᠡᠮᠵᠢᠶ᠎ᠡ᠂ ᠬᠦᠷᠢᠶ᠎ᠡ ᠬᠡᠪᠴᠢᠶ᠎ᠡ ᠪᠣᠯᠤᠨ ᠬᠦᠭᠵᠢᠯᠲᠡ ᠶᠢᠨ | ᠬᠤᠷᠳᠤᠴᠠ ᠶᠢ ᠰᠣᠨᠣᠰᠤᠭᠠᠳ ᠮᠢᠨᠦ ᠨᠢᠳᠦᠨ ᠡᠮᠦᠨ᠎ᠡ ᠲᠦᠮᠡᠨ ᠠᠭᠲᠠ ᠳᠠᠪᠬᠢᠬᠤ ᠵᠢᠷᠤᠭ ᠲᠣᠳᠣᠷᠠᠪᠠ᠃ | ᠪᠣᠭᠤᠳᠣ ᠶᠢᠨ ᠬᠦᠮᠦᠰ ᠠᠯᠢ ᠡᠷᠲᠡ ᠬᠠᠮᠤᠭ ᠤᠨ ᠲᠠᠨᠢᠯ ᠮᠣᠷᠢᠨ ᠤ ᠪᠠᠨ ᠪᠡᠶ᠎ᠡ ᠠᠴᠠ ᠠᠵᠤ ᠠᠬᠤᠶᠢᠯᠠᠯ ᠤᠨ | ᠬᠥᠭᠵᠢᠯᠲᠡ ᠶᠢᠨ ᠨᠢᠭᠤᠴᠠ ᠶᠢ ᠣᠯᠤᠭᠰᠠᠨ ᠮᠠᠭᠠᠳ᠃ ᠪᠤᠭᠤᠲᠤ ᠶᠢᠨ ᠪᠤᠯᠤᠳ ᠲᠡᠮᠤᠷ ᠤᠨ ᠺᠣᠮᠫᠠᠨᠢ ᠶᠢᠨ ᠠᠵᠤ | ᠠᠬᠤᠶᠢᠯᠠᠯ ᠤᠨ ᠵᠣᠷᠢᠭ ᠰᠠᠨᠠᠭ᠎ᠠ ᠪᠣᠯ ︽ᠰᠢᠨᠲᠠᠷᠠᠰᠢ ᠦᠭᠡᠢ᠂ ᠥᠪᠡᠷ ᠢ ᠪᠠᠨ ᠳᠠᠪᠠᠭ᠋ᠣ︾ ᠪᠣᠯᠣᠨ᠎ᠠ᠂ ᠥᠪᠥᠷ | ᠮᠣᠩᠭᠤᠯ ᠤᠨ ᠨᠢᠭᠡᠳᠦᠭᠡᠷ ᠮᠠᠰᠢᠨ ᠮᠧᠬᠠᠨᠢᠭ ᠤᠨ ᠪᠦᠯᠦᠭᠯᠡᠯ ᠤᠨ ᠠᠵᠤ ᠠᠬᠤᠶᠢᠯᠠᠯ ᠤᠨ ᠵᠣᠷᠢᠭ ᠰᠠᠨᠠᠭ᠎ᠠ ᠪᠣᠯ ︽ | ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠵᠦ᠂ ᠴᠢᠳᠠᠮᠠᠭᠠᠢ ᠪᠠᠷ ᠪᠣᠭᠤᠮᠲᠠ ᠰᠢᠪᠲᠤᠯᠵᠤ᠂ ᠡᠷᠡᠯᠬᠡᠭᠯᠡᠨ | ᠤᠷᠤᠭᠰᠢᠯᠠᠵᠤ᠂ ᠡᠭᠦᠷᠢᠳᠡ ᠲᠡᠷᠢᠭᠦᠨ ᠢ ᠲᠡᠮᠡᠴᠡᠬᠦ︾ ᠶᠠᠪᠤᠳᠠᠯ ᠪᠣᠯᠤᠨ᠎ᠠ᠃ ︽ᠰᠢᠨᠲᠠᠷᠠᠰᠢ ᠦᠭᠡᠢ᠂ ᠦᠪᠡᠷ ᠢ ᠪᠠᠨ | ᠲᠠᠪᠠᠵᠦ ︾ ᠪᠣᠯᠣᠨ ︽ᠡᠷᠡᠯᠭᠡᠭᠯᠡᠨ ᠤᠷᠤᠭᠰᠢᠯᠠᠵᠤ᠂ ᠡᠭᠦᠷᠢᠲᠡ ᠲᠡᠷᠢᠭᠦᠨ ᠢ ᠲᠡᠮᠡᠴᠡᠬᠦ︾ ᠭᠡᠲᠡᠭ ᠨᠢ᠂ | ᠶᠠᠭᠠᠬᠢᠭᠠᠳ ᠮᠣᠷᠢᠨ ᠤ ᠵᠤᠷᠢᠭ ᠰᠠᠨᠠᠭᠠᠨ ᠤ ᠬᠤᠷᠢᠶᠠᠩᠭᠤᠶᠢᠯᠠᠯ᠂ ᠡᠮᠡᠬᠡᠯ ᠤᠨ ᠵᠤᠷᠢᠭ ᠰᠠᠨᠠᠭᠠᠨ ᠤ ᠦᠷᠭᠦᠯᠵᠢᠯᠡᠯ | ᠪᠢᠰᠢ ᠪᠣᠢ︖ | ᠢᠩᠭᠢᠵᠦ ᠬᠡᠯᠡᠪᠡᠯ᠂ ᠪᠢ ᠪᠤᠭᠤᠲᠤ ᠳᠤ ᠪᠠᠶᠢᠭ᠎ᠠ ᠬᠡᠳᠦᠨ ᠡᠳᠦᠷ ᠤᠨ ᠳᠣᠲᠣᠷ᠎ᠠ᠂ ᠭᠠᠵᠠᠷ ᠪᠣᠯᠭᠠᠨ ᠳᠤ | ᠮᠣᠷᠢ ᠶᠢ ᠦᠵᠡᠵᠦ᠂ ᠴᠠᠭ ᠮᠦᠴᠡ ᠦᠭᠡᠢ ᠮᠣᠷᠢᠨᠡᠮᠡᠭᠡᠯ ᠤᠨ ᠳᠡᠭᠡᠷ᠎ᠡ ᠤᠨᠤᠵᠤ ᠪᠠᠶᠢᠭᠰᠠᠨ ᠭᠡᠵᠦ ᠬᠡᠯᠡᠵᠦ ᠪᠣᠯᠣᠨ᠎ᠠ | ᠃ |