ᠮᠢᠨᠦ ᠳᠠᠷᠬᠠᠨ ᠮᠤᠤᠮᠢᠩᠭᠭᠠᠨ ᠤ ᠬᠤᠪᠢ ᠵᠠᠶᠠᠭ᠎ᠠ — ᠯᠢ ᠳ᠋ᠠ ᠸᠧᠢ᠄ ᠲᠦᠰᠦᠭᠡᠯᠡᠨ ᠪᠤᠳᠤᠯᠲᠠ ᠶᠢᠨ ᠲᠠᠯ᠎ᠠ ᠭᠠᠵᠠᠷ
ᠨᠡᠶᠢᠲᠡᠯᠡᠭᠰᠡᠨ ᠴᠠᠭ᠄
2025/4/10
ᠪᠤᠯᠤᠩ ᠨᠡᠭᠡᠭᠡᠬᠦ ᠦᠭᠡ      ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠠᠬᠢ ᠪᠤᠢ ᠪᠣᠯᠭᠠᠬᠤ ᠭᠤᠣᠯ ᠰᠢᠵᠢᠮ ᠢ ᠪᠦᠬᠦ ᠲᠠᠯ᠎ᠠ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠲᠠᠷᠬᠠᠨ ᠮᠤᠤᠮᠢᠩᠭᠠᠨ ᠤ ᠤᠮᠠᠷᠠᠲᠤ ᠬᠢᠯᠢ ᠶᠢᠨ ᠰᠣᠶᠣᠯ ᠤᠨ ᠡᠯᠪᠡᠭ ᠪᠠᠶᠠᠯᠢᠭ ᠠᠭᠤᠯᠤᠭᠳᠠᠬᠤᠨ ᠢ ᠭᠦᠨᠵᠡᠭᠡᠢ ᠠᠭᠤᠳᠠᠯᠤᠨ ᠳᠡᠯᠭᠡᠨ ᠦᠵᠡᠭᠦᠯᠬᠦ ᠶᠢᠨ ᠲᠥᠯᠥᠭᠡ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ ᠨᠢᠭᠡᠳᠦᠮᠡᠯ ᠹᠷᠣᠨᠲ ᠤᠨ ᠬᠡᠯᠲᠡᠰ᠂ ᠤᠳᠬ᠎ᠠ ᠤᠷᠠᠯᠢᠭ ᠤᠨ ᠬᠤᠯᠪᠣᠭ᠎ᠠ᠂ ᠤᠯᠤᠰ ᠲᠦᠷᠦ ᠶᠢᠨ ᠵᠥᠪᠯᠡᠯᠭᠡᠨ ᠤ ᠰᠠᠨᠠᠯ ᠳᠤᠷᠠᠳᠤᠯᠭ᠎ᠠ ᠶᠢᠨ ᠰᠣᠶᠣᠯ ᠲᠡᠦᠬᠡ ᠶᠢᠨ ᠵᠥᠪᠯᠡᠯ ᠬᠠᠮᠲᠤᠷᠠᠨ ︽ᠮᠢᠨᠦ ᠲᠠᠷᠬᠠᠨ ᠮᠤᠤᠮᠢᠩᠭᠠᠨ ᠤ ᠬᠤᠪᠢ ᠵᠠᠶᠠᠭ᠎ᠠ︾ ᠶᠢ ᠡᠬᠢᠯᠡᠭᠦᠯᠵᠦ᠂ ᠡᠬᠡ ᠪᠢᠴᠢᠭ ᠡᠯᠰᠡᠬᠦ ᠳᠡᠭᠡᠨ ︽ᠪᠠᠭᠠᠲᠤᠷ ᠳᠠᠷᠬᠠᠨ ᠮᠤᠤᠮᠢᠩᠭᠠᠨ︾ ᠵᠢᠷᠭᠢᠶ᠎ᠡ ᠶᠢᠨ ᠤᠯᠠᠨ ᠨᠡᠶᠢᠲᠡ ᠶᠢᠨ ᠲᠠᠪᠴᠠᠩ ᠳᠤ ᠨᠡᠶᠢᠲᠡᠯᠡᠭᠰᠡᠨ ᠠᠴᠠ ᠨᠠᠭᠠᠰᠢ᠂ ᠪᠦᠬᠦ ᠤᠯᠤᠰ ᠤᠨ ᠡᠯ᠎ᠡ ᠭᠠᠵᠠᠷ ᠤᠨ ᠵᠣᠬᠢᠶᠠᠯᠴᠢ ᠪᠣᠯᠤᠨ ᠤᠳᠬ᠎ᠠ ᠵᠣᠬᠢᠶᠠᠯ ᠤᠨ ᠪᠠᠭ᠋ᠠᠲᠠᠳ ᠤᠨ ᠢᠳᠡᠪᠬᠢᠲᠡᠢ ᠬᠦᠷᠢᠶᠡᠯᠡᠯ ᠢ ᠣᠯᠵᠠᠢ᠃ ᠣᠬᠤᠷᠬᠠᠨ ᠠᠷᠪᠠᠨ ᠡᠳᠦᠷ ᠤᠨ ᠬᠤᠭᠤᠴᠠᠭᠠᠨ ᠳᠤ ᠪᠢᠳᠡ ᠵᠠᠭᠤ ᠭᠠᠷᠤᠢ ᠬᠤᠪᠢ ᠡᠬᠡ ᠪᠢᠴᠢᠭ ᠢ ᠬᠦᠯᠢᠶᠡᠨ ᠠᠪᠴᠤ᠂ ᠵᠣᠬᠢᠶᠠᠭᠴᠢ ᠨᠢ ᠥᠪᠥᠷ ᠮᠣᠩᠭᠤᠯ᠂ ᠱᠠᠨᠳᠦ᠋ᠩ᠂ ᠭᠤᠸᠠᠩᠳᠦ᠋ᠩ᠂ ᠵᠢᠶᠠᠩᠰᠦ᠂ ᠬᠤᠪᠧᠶ᠂ ᠭᠠᠨᠰᠦ᠂ ᠱᠠᠨ ᠰᠢ ᠵᠡᠷᠭᠡ ᠪᠦᠬᠦ ᠤᠯᠤᠰ ᠤᠨ ᠡᠯ᠎ᠡ ᠭᠠᠵᠠᠷ ᠲᠤ ᠲᠠᠷᠬᠠᠵᠤ ᠪᠠᠶᠢᠨ᠎ᠠ᠃ ᠵᠢᠩᠬᠢᠨᠢ ᠪᠠᠷ ᠰᠣᠩᠭᠤᠭᠳᠠᠭᠰᠠᠨ ᠨᠡᠷᠡᠰ ᠢ ᠨᠡᠶᠢᠲᠡᠯᠡᠬᠦ ᠠᠴᠠ ᠡᠮᠦᠨ᠎ᠡ᠂ ᠪᠢᠳᠡ ᠬᠡᠰᠡᠭ ᠰᠢᠯᠢᠳᠡᠭ ᠡᠬᠡ ᠪᠢᠴᠢᠭ ᠢ ᠰᠣᠩᠭᠤᠨ ︽ᠪᠠᠭᠠᠲᠤᠷ ᠳᠠᠷᠬᠠᠨ ᠮᠤᠤᠮᠢᠩᠭᠠᠨ︾ ᠸᠢᠴᠠᠲ ᠤᠨ ᠣᠯᠠᠨ ᠨᠡᠶᠢᠲᠡ ᠶᠢᠨ ᠲᠠᠪᠴᠠᠩ ᠳᠤ ᠲᠥᠪᠯᠡᠷᠡᠭᠦᠯᠦᠨ ᠨᠡᠪᠲᠡᠷᠡᠭᠦᠯᠵᠦ᠂ ᠠᠩᠬᠠᠷᠤᠯ ᠲᠠᠯᠪᠢᠨ ᠳᠠᠮᠵᠢᠭᠤᠯᠤᠨ ᠨᠡᠶᠢᠲᠡᠯᠦᠭᠡᠷᠡᠢ᠃      ᠲᠦᠰᠦᠭᠡᠯᠡᠨ ᠪᠤᠳᠤᠯᠲᠠ ᠶᠢᠨ ᠲᠠᠯ᠎ᠠ ᠨᠤᠲᠤᠭ   ᠯᠢ ᠳ᠋ᠠ ᠸᠧᠢ      1986 ᠣᠨ ᠳᠤ ᠲᠦᠷᠦᠵᠦ᠂ ᠣᠳᠣ ᠳ᠋ᠠᠯᠢ ᠳᠤ ᠨᠣᠳᠤᠭ ᠲᠠᠢ᠃ ᠳᠤᠮᠳᠠᠳᠤ ᠤᠯᠤᠰ ᠤᠨ ᠵᠤᠬᠢᠶᠠᠯᠴᠢ ᠶᠢᠨ ᠨᠡᠶᠢᠭᠡᠮᠯᠢᠭ ᠤᠨ ᠭᠡᠰᠢᠭᠦᠨ᠃ ᠬᠤᠶᠠᠷ ᠵᠠᠭᠤᠨ ᠲᠦᠮᠡᠨ ᠦᠰᠦᠭ ᠤᠨ ᠪᠦᠲᠦᠭᠡᠯ ᠲᠠᠢ᠂ ︽ᠵᠠᠯᠠᠭᠤᠴᠤᠳ ᠤᠨ ᠤᠳᠬ᠎ᠠ ᠵᠣᠬᠢᠶᠠᠯ︾᠂ ︽ᠨᠠᠶᠢᠷᠠᠭᠤᠯᠤᠯ︾᠂ ︽ᠬᠠᠩᠰᠢ︾᠂ ︽ᠲᠩᠷᠢ ᠶᠢᠨ  ᠬᠠᠶᠠᠭ᠎ᠠ︾᠂ ︽ᠳ᠋ᠠ ᠢ ᠤᠳᠬ᠎ᠠ ᠵᠣᠬᠢᠶᠠᠯ︾᠂ ︽  ᠶᠡᠭᠡ ᠭᠡᠷ︾᠂ ︽ᠰᠠᠶᠢᠬᠠᠨ‌ᠤᠳᠬ᠎ᠠ ᠵᠤᠬᠢᠶᠠᠯ︾ ︽ᠦᠨᠳᠦᠰᠦᠲᠡᠨ ᠤ ᠤᠳᠬ᠎ᠠ ᠵᠣᠬᠢᠶᠠᠯ︾᠂ ︽ᠴᠠᠭ ᠦᠶ᠎ᠡ ᠶᠢᠨ ᠤᠳᠬ᠎ᠠ ᠵᠣᠬᠢᠶᠠᠯ︾᠂ ︽ᠭᠤᠸᠠᠩᠵᠧᠦ ᠶᠢᠨ ᠤᠷᠠᠯᠠᠯ︾᠂ ︽ᠪᠠᠢ ᠬᠤᠸᠠ ᠵᠧᠦ︾᠂ ︽ᠪᠠᠷᠠᠭᠤᠨ ᠬᠡᠰᠡᠭ︾᠂ ︽ᠬᠤᠨᠠᠨ ᠤ ᠤᠳᠬ᠎ᠠ ᠵᠣᠬᠢᠶᠠᠯ︾᠂ ︽ᠨᠠᠶᠢᠷᠠᠭᠤᠯᠤᠯ ᠰᠡᠳᠬᠦᠯ︾᠂ ︽ᠨᠠᠶᠢᠷᠠᠭᠤᠯᠤᠯ ᠤᠨ ᠭᠠᠳᠠᠭᠠᠳᠤ ᠳᠤ ᠵᠣᠷᠢᠭᠤᠯᠤᠭᠰᠠᠨ ᠬᠡᠪᠯᠡᠯ︾ ᠵᠡᠷᠭᠡ ᠨᠣᠮ ᠠᠴᠠ ᠦᠵᠡᠭᠰᠡᠭᠡᠷ ᠢᠷᠡᠪᠡ᠃ ︽ᠨᠢᠭᠤᠴᠠ ᠶᠢᠷᠲᠢᠨᠴᠦ︾ ︽ᠶᠡᠭᠡ ᠭᠤᠣᠯ︾ ᠪᠣᠯᠤᠨ ︽ᠣᠢ ᠰᠠᠨᠠᠮᠵᠢ ᠶᠢᠨ ᠣᠷᠳᠣ︾ ᠵᠡᠷᠭᠡ ᠨᠠᠶᠢᠷᠠᠭᠤᠯᠤᠯ ᠢ ᠬᠡᠪᠯᠡᠭᠦᠯᠦᠭᠰᠡᠨ ᠪᠠᠶᠢᠨ᠎ᠠ᠃ ᠠᠷᠪᠠᠨ ᠬᠤᠶᠠᠳᠤᠭᠠᠷ ᠬᠤᠭᠤᠴᠠᠭᠠᠨ ᠤ ᠪᠦᠬᠦ ᠤᠯᠤᠰ ᠤᠨ ᠴᠥᠭᠡᠨ ᠲᠣᠭᠠᠲᠤ ᠦᠨᠳᠦᠰᠦᠲᠡᠨ ᠤ ᠠᠵᠢᠨᠠᠶ ᠬᠦᠯᠦᠭ ᠱᠠᠩᠨᠠᠯ᠂ ᠭᠤᠷᠪᠠᠳᠤᠭᠠᠷ ᠬᠤᠭᠤᠴᠠᠭᠠᠨ ᠤ ᠰᠠᠨ ᠮᠣᠣ ᠨᠠᠶᠢᠷᠠᠭᠤᠯᠤᠯ ᠤᠨ ᠱᠠᠩᠨᠠᠯ᠂ ᠶᠦᠨᠨᠠᠨ ᠤ ᠤᠳᠬ᠎ᠠ ᠵᠣᠬᠢᠶᠠᠯ ᠤᠨ ᠱᠠᠩᠨᠠᠯ᠂ ᠶᠦᠨᠨᠠᠨ ᠤ ᠤᠳᠬ᠎ᠠ ᠵᠣᠬᠢᠶᠠᠯ ᠡᠭᠦᠳᠦᠨ ᠪᠦᠲᠦᠭᠡᠬᠦ ᠣᠨ ᠤ ᠰᠢᠯᠢᠳᠡᠭ ᠪᠦᠲᠦᠭᠡᠯ ᠤᠨ ᠱᠠᠩᠨᠠᠯ᠂ ᠳ᠋ᠢᠶᠠᠨ ᡂᠢ ᠶᠢᠨ ᠤᠳᠬ᠎ᠠ ᠵᠣᠬᠢᠶᠠᠯ ᠤᠨ ᠱᠠᠩᠨᠠᠯ᠂ ︽ᠬᠠᠲᠤᠨ ᠭᠤᠤᠯ ᠤᠨ ᠤᠳᠬ᠎ᠠ ᠵᠣᠬᠢᠶᠠᠯ︾ ᠶᠢᠨ ᠬᠤᠣᠰ ᠵᠢᠯ ᠤᠨ ᠱᠠᠩᠨᠠᠯ ᠵᠡᠷᠭᠡ ᠶᠢ ᠬᠦᠷᠲᠡᠪᠡ᠃      ᠲᠡᠷᠡ ᠦᠶ᠎ᠡ ᠳᠤ ᠪᠢᠳᠡ ᠪᠤᠭᠤᠲᠤ ᠶᠢᠨ ᠪᠤᠯᠤᠳ ᠲᠡᠮᠤᠷ ᠤᠨ ᠪᠦᠯᠦᠭᠯᠡᠯ ᠳᠤ ᠪᠠᠶᠢᠵᠦ᠂ ᠤᠯᠠᠭᠠᠨ ᠪᠤᠯᠤᠳ ᠡᠭᠦᠰᠭᠡᠭᠦᠷ ᠨᠢ ᠬᠠᠲᠠᠭᠠᠯᠲᠠ ᠶᠢᠨ ᠳᠤᠮᠳᠠ ᠲᠦᠷᠭᠡᠨ ᠤᠷᠤᠭᠰᠢᠯᠠᠨ᠎ᠠ᠃ ᠲᠤᠬᠠᠢ ᠶᠢᠨ ᠦᠶ᠎ᠡ ᠳᠤ ᠪᠢᠳᠡ ᠮᠤᠨᠢ ᠠᠭᠤᠯᠠ ᠶᠢ ᠦᠩᠭᠡᠷᠡᠨ ᠲᠠᠯ᠎ᠠ ᠨᠤᠲᠤᠭ ᠲᠤ ᠣᠴᠢᠬᠤ ᠪᠠᠷ ᠪᠠᠶᠢᠨ᠎ᠠ᠃ ᠭᠠᠩ ᠲᠡᠮᠦᠷ ︵ᠬᠠᠲᠠᠭᠤ︶ ᠬᠢᠭᠡᠳ ᠨᠤᠲᠤᠭ ᠪᠡᠯᠴᠢᠭᠡᠷ ︵ᠵᠥᠭᠡᠯᠡᠨ︶ ᠨᠢ ᠴᠢᠩᠭ᠎ᠠ ᠬᠠᠷᠢᠴᠠᠭᠤᠯᠤᠯ ᠪᠣᠯᠵᠠᠢ᠃ ᠪᠢᠳᠡ ᠮᠤᠨᠢ ᠠᠭᠤᠯᠠ ᠳᠡᠭᠡᠷ᠎ᠡ ᠬᠠᠳᠠᠨ ᠵᠢᠷᠤᠭ  ᠶᠢ ᠣᠯᠵᠤ ᠬᠠᠷᠠᠭᠰᠠᠨ ᠪᠢᠰᠢ᠂ ᠬᠠᠷᠢᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠦᠽᠧᠢ᠃ ᠲᠩᠷᠢ ᠭᠠᠵᠠᠷ ᠤᠨ ᠳᠤᠮᠳᠠ ᠪᠣᠯᠣᠨ ᠭᠡᠷ ᠳᠤᠲᠤᠷ᠎ᠠ ᠬᠠᠳᠠᠨ ᠵᠢᠷᠤᠭ ᠢ ᠣᠯᠵᠤ ᠬᠠᠷᠠᠬᠤ ᠨᠢ ᠯᠠᠪ ᠠᠳᠠᠯᠢ ᠦᠭᠡᠢ ᠶᠤᠮ᠃ ᠲᠠᠯ᠎ᠠ ᠨᠤᠲᠤᠭ ᠲᠤ ᠬᠠᠳᠠᠨ ᠵᠢᠷᠤᠭ ᠦᠵᠡᠭᠰᠡᠨ ᠪᠠᠶᠢᠳᠠᠯ᠂ ᠵᠥᠪᠬᠡᠨ ᠳᠦᠷᠰᠦᠯᠡᠨ ᠪᠣᠳᠤᠯᠲᠠ ᠬᠢᠵᠦ ᠳᠡᠶᠢᠯᠦᠨ᠎ᠡ᠃ ᠵᠠᠷᠢᠮ ᠬᠠᠳᠠᠨ ᠤ ᠵᠢᠷᠤᠭ ᠢ ᠳᠠᠭᠤᠷᠢᠶᠠᠬᠤ ᠪᠤᠶᠤ ᠵᠢᠷᠤᠭᠯᠠᠵᠤ᠂ ᠨᠢᠳᠦᠨ ᠡᠮᠦᠨᠡᠬᠢ ᠮᠦᠽᠧᠢ ᠳᠤ ᠬᠢᠬᠠᠨ ᠣᠷᠣᠭᠤᠯᠵᠠᠢ᠃ ᠴᠠᠭ ᠬᠤᠭᠤᠴᠠᠭ᠎ᠠ᠂ ᠣᠢ ᠰᠠᠨᠠᠮᠵᠢ ᠪᠠ ᠲᠦᠰᠦᠭᠡᠯᠡᠨ ᠪᠣᠳᠤᠯᠲᠠ ᠨᠢ ᠪᠠᠰᠠ ᠮᠦᠽᠧᠢ ᠳᠤ ᠲᠠᠯᠪᠢᠭᠳᠠᠨ᠂ ᠭᠡᠷᠡᠯ ᠪᠠ ᠰᠡᠭᠦᠳᠡᠷ ᠤᠨ ᠦᠢᠯᠡᠳᠦᠯ ᠳᠣᠣᠷ᠎ᠠ᠂ ᠴᠠᠭ ᠬᠤᠭᠤᠴᠠᠭᠠᠨ ᠤ ᠰᠢᠯᠦᠭ ᠰᠤᠳᠤᠯᠤᠯ ᠤᠨ ᠤᠳᠬ᠎ᠠ ᠠᠭᠤᠯᠭ᠎ᠠ ᠲᠠᠢ ᠪᠣᠯᠤᠭᠰᠠᠨ ᠪᠠᠶᠢᠨ᠎ᠠ᠃ ᠬᠠᠳᠠᠨ ᠵᠢᠷᠤᠭ ᠤᠨ ᠤᠳᠬ᠎ᠠ ᠠᠭᠤᠯᠭ᠎ᠠ ᠪᠣᠯᠤᠨ  ᠨᠢᠭᠤᠴᠠ ᠳᠠᠯᠳᠠ ᠰᠢᠨᠵᠢ ᠪᠠᠶᠢᠳᠠᠯ ᠨᠢ ᠰᠤᠶᠤᠯ ᠤᠨ ᠪᠠᠶᠢᠴᠠᠭᠠᠯᠲᠠ ᠪᠣᠯᠤᠨ ᠰᠤᠳᠤᠯᠭ᠎ᠠ ᠬᠢᠭᠰᠡᠳ ᠤᠨ ᠰᠡᠳᠬᠢᠯ ᠳᠣᠭᠳᠣᠯᠣᠭᠤᠯᠣᠨ ᠬᠥᠬᠢᠭᠦᠨ ᠨᠠᠷᠭᠢᠯᠳᠤᠪᠠ᠃ 1927 ᠣᠨ ᠳᠤ ᠰᠸᠧᠳᠧᠨ ᠤ ᠬᠠᠭᠤᠴᠢ ᠰᠤᠳᠤᠯᠤᠭᠴᠢᠳ ᠪᠧᠶᠢᠭᠧᠮᠠᠨ ᠮᠣᠨᠢ ᠠᠭᠤᠯᠠᠨ ᠤ ᠠᠭᠤᠯᠠᠨ ᠬᠤᠷᠮᠣᠢ ᠳᠤ ᠬᠠᠳᠠᠨ ᠵᠢᠷᠤᠭ ᠢ ᠣᠯᠵᠤ ᠮᠡᠳᠡᠬᠦ ᠦᠶ᠎ᠡ ᠶᠢᠨ ᠳᠣᠭᠳᠣᠯᠣᠭᠰᠠᠨ ᠢ ᠪᠢᠳᠡ ᠲᠥᠰᠥᠭᠡᠯᠡᠵᠦ ᠪᠣᠯᠣᠨ᠎ᠠ᠃ ᠮᠢᠨᠦ ᠰᠡᠳᠭᠢᠯ ᠪᠠᠰᠠ ᠮᠠᠰᠢ ᠳᠣᠭᠳᠣᠯᠪᠠ᠃ ᠨᠠᠳᠠ ᠳᠤ ᠠᠪᠴᠤ ᠬᠡᠯᠡᠪᠡᠯ᠂ ᠲᠡᠳᠡᠭᠡᠷ ᠬᠠᠳᠠᠨ ᠵᠢᠷᠤᠭ ᠨᠢ ᠨᠠᠳᠠ ᠳᠤ ᠥᠭᠡᠷ᠎ᠡ ᠨᠢᠭᠡ ᠵᠦᠢᠯ ᠤᠨ ᠪᠣᠳᠤᠯᠬᠢᠯᠠᠯ ᠪᠠ ᠭᠤᠶᠤ ᠰᠠᠶᠢᠨ ᠤ ᠲᠠᠭᠠᠰᠢᠶᠠᠯ ᠶᠢ ᠦᠭᠭᠦᠭᠰᠡᠨ ᠶᠤᠮ᠂ ᠭᠤᠣᠯᠳᠠᠯᠭ᠎ᠠ ᠨᠢ ᠪᠣᠳᠤᠯᠬᠢᠯᠠᠬᠤ ᠪᠣᠯᠣᠨ᠎ᠠ᠃ ᠲᠡᠷᠭᠡᠨ ᠬᠦᠷᠳᠦ᠂ ᠢᠷᠪᠢᠰ᠂ ᠣᠳᠣᠨ ᠴᠣᠭᠴᠠ᠂ ᠲᠤᠭᠤᠷᠠᠢ ᠲᠠᠮᠠᠭ᠎ᠠ᠂ ᠵᠠᠮ᠂ ᠯᠦ ᠨᠢ ᠸᠧᠨ᠂ ᠠᠩᠴᠢᠳ᠂ ᠪᠥᠵᠢᠭᠴᠢᠨ᠂ ᠮᠠᠯᠴᠢᠨ᠂ ᠲᠡᠮᠡᠭᠡ᠂  ᠴᠢᠨ᠋ᠸ᠎ᠠ᠂ ᠪᠤᠭᠤ᠂ ᠠᠳᠤᠭᠤᠨ ᠰᠦᠷᠦᠭ᠂ ᠦᠬᠡᠷ ᠰᠦᠷᠦᠭ᠂ ᠵᠡᠭᠡᠷ᠎ᠡ᠂ ᠠᠩ ᠠᠩᠨᠠᠵᠤ᠂ ᠲᠠᠬᠢᠯᠭ᠎ᠠ ᠪᠣᠯᠬᠤ ᠨᠢ ᠲᠡᠳᠡᠭᠡᠷ ᠬᠠᠳᠠᠨ ᠵᠢᠷᠤᠭ ᠤᠨ ᠠᠭᠤᠯᠭ᠎ᠠ ᠪᠣᠯᠤᠨ᠎ᠠ᠂ ᠲᠡᠷᠡ ᠪᠣᠯ ᠳᠠᠯᠡᠬᠡᠢ ᠶᠢᠨ ᠵᠢᠷᠤᠭᠠᠰᠤ ᠪᠤᠯᠤᠨ ᠳᠦᠷᠰᠦ ᠪᠣᠯᠣᠨ᠎ᠠ᠃ ᠡᠨᠡ ᠨᠢ ᠲᠠᠯ᠎ᠠ ᠨᠤᠲᠤᠭ ᠲᠤ ᠣᠷᠣᠰᠢᠵᠤ ᠪᠠᠶᠢᠭᠰᠠᠨ ᠶᠤᠮ᠂ ᠵᠠᠷᠢᠮ ᠨᠢ ᠲᠠᠯ᠎ᠠ ᠨᠤᠲᠤᠭ ᠤᠨ ᠭᠦᠨ ᠳᠤ ᠵᠠᠮᠬᠠᠷᠠᠵᠠᠢ᠃ ᠲᠡᠷᠭᠡᠨ ᠬᠦᠷᠳᠦ᠂ ᠢᠷᠪᠢᠰ ᠪᠣᠯᠤᠨ ᠣᠳᠣᠨ ᠴᠤᠭᠴᠠ᠂ ᠡᠨᠡ ᠨᠢ ᠲᠡᠭᠦᠨ ᠤ ᠳᠣᠲᠣᠷᠠᠬᠢ ᠨᠢᠭᠡ ᠬᠠᠳᠠᠨ ᠵᠢᠷᠤᠭ᠂ ᠠᠩᠴᠢᠨ ᠪᠣᠯᠤᠨ ᠴᠢᠨ᠋ᠸ᠎ᠠ ᠪᠣᠯ᠂ ᠥᠭᠡᠷ᠎ᠡ ᠨᠢᠭᠡ ᠬᠠᠳᠠᠨ ᠵᠢᠷᠤᠭ᠂ ᠲᠤᠭᠤᠷᠠᠢ ᠲᠠᠮᠠᠭ᠎ᠠ᠂ ᠵᠠᠮ ᠪᠣᠯᠤᠨ ᠯᠦ ᠨᠢ ᠸᠧᠨ ᠪᠠᠰᠠ ᠨᠢᠭᠡ ᠬᠠᠳᠠᠨ ᠵᠢᠷᠤᠭ ᠪᠣᠯᠤᠨ᠎ᠠ᠃ ᠪᠢ ᠨᠢᠭᠡ ᠨᠢᠭᠡ ᠬᠠᠳᠠᠨ ᠵᠢᠷᠤᠭ ᠤᠨ ᠡᠮᠦᠨ᠎ᠡ ᠵᠣᠭᠰᠤᠪᠠ᠃ ᠨᠢᠭᠡᠨᠲᠡ ᠴᠠᠭ ᠬᠤᠭᠤᠴᠠᠭᠠᠨ ᠳᠤ ᠨᠢᠭᠤᠭᠳᠠᠵᠤ ᠪᠠᠶᠢᠭᠰᠠᠨ ᠤᠷᠠᠯᠢᠭᠴᠢᠳ ᠡᠳᠡᠭᠡᠷ ᠡᠯᠧᠮᠧᠨᠲ ᠢ ᠳᠦᠷᠰᠦᠯᠡᠨ ᠪᠣᠳᠣᠵᠤ ᠨᠡᠶᠢᠯᠡᠭᠦᠯᠪᠡ᠃      ᠲᠡᠳᠡᠨ ᠢ ᠵᠢᠭᠰᠠᠭᠠᠨ ᠭᠠᠷᠭᠠᠭᠰᠠᠨ ᠤ ᠳᠠᠷᠠᠭ᠎ᠠ᠂  ᠪᠢ ᠪᠠᠰᠠ ᠲᠦᠰᠦᠭᠡᠯᠡᠨ ᠪᠣᠳᠣᠬᠤ ᠪᠠᠷ ᠳᠠᠮᠵᠢᠨ ᠮᠠᠯᠴᠢᠨ ᠪᠤᠯᠤᠨ ᠢᠷᠪᠢᠰ᠂ ᠮᠠᠯᠴᠢᠨ ᠪᠤᠯᠤᠨ ᠪᠤᠭᠤ᠂ ᠠᠩᠴᠢᠳ ᠪᠣᠯᠤᠨ ᠠᠳᠤᠭᠤᠨ ᠰᠦᠷᠦᠭ᠂  ᠲᠠᠬᠢᠯᠭ᠎ᠠ᠂ ᠲᠡᠮᠳᠡᠭ ᠤᠳ ᠪᠣᠯᠤᠨ ᠣᠳᠣᠨ ᠴᠤᠭᠴᠠ ᠵᠡᠷᠭᠡ ᠶᠢ ᠨᠡᠶᠢᠯᠡᠭᠦᠯᠦᠨ᠂ ᠳᠡᠯᠡᠬᠡᠢ ᠶᠢᠷᠲᠢᠨᠴᠦ ᠨᠢ ᠡᠯ᠎ᠡ ᠵᠦᠢᠯ ᠤᠨ ᠪᠦᠯᠦᠭ ᠤᠨ ᠪᠦᠲᠦᠴᠡ ᠳᠤ ᠡᠯᠪᠡᠭ ᠪᠠᠶᠠᠯᠢᠭ ᠪᠥᠭᠡᠳ ᠨᠢᠭᠤᠴᠠᠭᠠᠢ ᠪᠣᠯᠭᠠᠬᠤ ᠭᠡᠵᠦ ᠰᠠᠨᠠᠵᠤ ᠪᠠᠶᠢᠨ᠎ᠠ᠃ ᠪᠢ ᠲᠤᠭ᠎ᠠ ᠲᠣᠮᠰᠢ ᠦᠭᠡᠢ ᠵᠦᠢᠯ ᠤᠳ ᠢ ᠨᠡᠢᠯᠡᠭᠦᠯᠵᠡᠢ᠂ ᠲᠡᠳᠡᠭᠡᠷ ᠵᠢᠮ᠎ᠡ ᠶᠣᠰᠣ ᠦᠭᠡᠢ ᠯᠣᠭᠢᠭ ᠦᠭᠡᠢ ᠨᠡᠶᠢᠯᠡᠮᠡᠯ ᠤᠨ ᠳᠤᠮᠳᠠ᠂ ᠶᠢᠷᠲᠢᠨᠴᠦ ᠶᠢᠨ ᠲᠤᠬᠠᠢ ᠵᠠᠷᠢᠮ ᠨᠢᠭᠤᠴᠠ ᠨᠢ ᠳᠠᠯᠳᠠ ᠨᠢᠭᠤᠭᠳᠠᠵᠤ ᠪᠠᠢᠨ᠎ᠠ᠃ ᠪᠢ ᠲᠠᠬᠢᠯᠭᠠᠴᠢᠨ ᠪᠣᠯᠤᠨ ᠢᠷᠪᠢᠰ ᠢ ᠨᠡᠶᠢᠯᠡᠭᠦᠯᠵᠦ᠂ ᠪᠠᠯᠠᠷᠬᠠᠢ  ᠲᠠᠬᠢᠯᠭᠠᠴᠢᠨ᠂ ᠲᠣᠳᠣᠷᠬᠠᠢ ᠢᠷᠪᠢᠰ ᠪᠣᠯ ᠪᠦᠷ ᠳᠠᠩ ᠲᠤᠭ᠎ᠠ ᠪᠠᠷ ᠬᠠᠨᠳᠤᠵᠤ ᠪᠠᠶᠢᠨ᠎ᠠ᠂ ᠬᠡᠷᠪᠡ ᠡᠨᠡ ᠪᠦᠯᠦᠭ ᠳᠠᠬᠢᠨ ᠣᠳᠣᠨ ᠮᠡᠴᠢᠳ ᠲᠤ ᠣᠷᠣᠪᠠᠯ᠂ ᠳᠡᠯᠡᠬᠡᠢ ᠶᠢᠷᠲᠢᠨᠴᠦ ᠨᠢ ᠭᠡᠭᠡᠨ ᠡᠳᠦᠷ ᠠᠴᠠ ᠬᠠᠷᠠᠩᠭᠤᠢ ᠪᠣᠯᠵᠤ ᠬᠤᠪᠢᠷᠠᠨ᠎ᠠ᠂ ᠴᠠᠭ ᠮᠦᠴᠡ ᠨᠢ ᠬᠤᠷᠰᠢᠮᠠᠯ ᠤᠨ ᠳᠣᠮᠳᠠ ᠲᠦᠷᠭᠡᠨ ᠤᠷᠤᠭᠰᠢᠯᠠᠵᠤ ᠂ ᠶᠠᠭ ᠯᠠ ᠬᠤᠷᠰᠢᠯᠴᠠᠬᠤ ᠵᠠᠭᠤᠷ᠎ᠠ ᠡᠳᠦᠷ ᠪᠣᠯᠤᠨ ᠬᠠᠷᠠᠩᠭᠤᠢ ᠰᠥᠨᠢ ᠶᠢᠨ ᠬᠤᠪᠢᠷᠠᠯᠲᠠ ᠶᠢ ᠪᠡᠶᠡᠯᠡᠭᠦᠯᠵᠦ ᠴᠢᠳᠠᠨ᠎ᠠ᠃  ᠣᠳᠣᠨ ᠴᠣᠭᠴᠠ ᠢᠯᠡᠷᠡᠬᠦ ᠦᠶᠡᠰ ᠲᠤ ᠢᠷᠪᠢᠰ ᠤᠨ ᠬᠠᠷᠠᠴᠠ ᠨᠢ ᠥᠳᠬᠡᠨ ᠬᠠᠷ᠎ᠠ ᠰᠥᠨᠢ ᠶᠢ ᠰᠢᠪᠲᠤ ᠴᠢᠴᠢᠵᠦ᠂ ᠲᠠᠬᠢᠯᠭᠠᠴᠢᠨ ᠨᠢ ᠮᠠᠯᠴᠢᠨ ᠪᠣᠯᠣᠨ ᠬᠤᠪᠢᠷᠠᠵᠤ᠂ ᠡᠰᠡᠬᠦᠯ᠎ᠡ ᠲᠠᠯ᠎ᠠ ᠨᠤᠲᠤᠭ ᠲᠤ ᠢᠷᠡᠭᠰᠡᠨ ᠪᠤᠰᠤᠳ ᠬᠥᠮᠥᠰ᠂ ᠠᠭᠤᠷ ᠠᠮᠢᠰᠬᠤᠯ ᠨᠢ ᠪᠠᠴᠢᠮᠳᠠᠨ ᠰᠠᠨᠳᠤᠷᠴᠤ ᠡᠬᠢᠯᠡᠪᠡ᠂ ᠬᠡᠷᠪᠡ ᠠᠩᠴᠢᠳ ᠢ ᠣᠷᠣᠭᠤᠯᠪᠠᠯ᠂ ᠳᠡᠯᠡᠬᠡᠢ ᠶᠢᠷᠲᠢᠨᠴᠦ ᠶᠢᠨ ᠨᠢᠭᠤᠴᠠ ᠳᠠᠯᠳᠠ ᠭᠠᠵᠠᠷ ᠲᠤ ᠳᠣᠭᠰᠢᠨ‌‍ᠪᠠᠶᠢᠳᠠᠯ ᠨᠢᠭᠤᠭᠳᠠᠵᠤ ᠪᠠᠶᠢᠪᠠ᠃ ᠮᠠᠯᠴᠢᠨ᠂ ᠬᠤᠨᠢᠨ ᠰᠦᠷᠦᠭ ᠪᠣᠯᠤᠨ ᠴᠢᠨ᠋ᠸ᠎ᠠ ᠶᠢᠨ ᠰᠦᠷᠦᠭ ᠢ ᠨᠡᠶᠢᠯᠡᠭᠦᠯᠪᠡᠯ᠂ ᠡᠳᠦᠷ ᠳᠣᠲᠣᠮ ᠤᠨ ᠪᠠᠶᠢᠳᠠᠯ ᠳᠤ ᠨᠢᠭᠡ ᠵᠦᠢᠯ  ᠤᠨ ᠪᠣᠯᠤᠯᠴᠠᠭ᠎ᠠ ᠲᠠᠢ᠃ ᠴᠢᠨ᠋ᠸ᠎ᠠ ᠶᠢᠨ ᠰᠦᠷᠦᠭ ᠰᠡᠮᠡᠬᠡᠷ ᠬᠤᠨᠢᠨ ᠰᠦᠷᠦᠭ ᠢ ᠠᠯᠠᠬᠤ ᠨᠢ ᠡᠮᠦᠨ᠎ᠡ ᠢᠯᠡᠷᠡᠵᠦ ᠦᠩᠭᠡᠷᠡᠪᠡ᠃ ᠭᠡᠲᠡᠯ᠎ᠡ ᠳᠡᠯᠡᠬᠡᠢ ᠶᠢᠨ ᠵᠠᠷᠢᠮ‌‍ᠪᠣᠳᠠᠰ ᠰᠡᠮᠡᠬᠡᠷ ᠬᠤᠪᠢᠷᠠᠯᠲᠠ ᠡᠭᠦᠰᠦᠭᠰᠡᠨ ᠤ ᠳᠠᠷᠠᠭ᠎ᠠ᠂ ᠲᠡᠳᠡᠭᠡᠷ ᠬᠦᠮᠦᠰ ᠢ ᠨᠢᠳᠦ ᠬᠦᠯᠢᠷᠡᠭᠦᠯᠵᠦ ᠠᠮᠠ ᠠᠩᠭᠠᠶᠢᠯᠭᠠᠬᠤ ᠶᠠᠪᠣᠳᠠᠯ ᠰᠠᠶ᠋ᠢ ᠶᠡᠷᠦ ᠳᠤ ᠪᠠᠨ ᠡᠭᠦᠰᠳᠡᠭ᠃ ᠬᠡᠷᠪᠡ ᠭᠠᠵᠠᠷ ᠨᠢ ᠨᠥᠭᠦᠭᠡ ᠨᠢᠭᠡ ᠦᠨᠳᠦᠷ  ᠡᠷᠭᠦᠭᠳᠡᠴᠡ ᠲᠠᠯ᠎ᠠ ᠳᠤ ᠲᠠᠯᠪᠢᠪᠠᠯ᠂ ᠢᠷᠪᠢᠰ ᠢ ᠴᠠᠭᠠᠨ ᠢᠷᠪᠢᠰ ᠪᠠᠷ ᠰᠣᠯᠢᠨ ᠂ ᠴᠢᠨ᠋ᠸ᠎ᠠ ᠶᠢᠨ ᠰᠦᠷᠦᠭ ᠢ ᠦᠨᠦᠴᠢᠨ ᠴᠢᠨ᠋ᠸ᠎ᠠ ᠪᠠᠷ ᠰᠣᠯᠢᠬᠤ ᠳᠤ ᠬᠤᠨᠢᠨ ᠰᠦᠷᠦᠭ ᠣᠭᠵᠣᠮ ᠬᠦᠳᠡᠯᠦᠨ᠂ ᠲᠡᠳᠡ ᠴᠠᠭᠠᠨ ᠢᠷᠪᠢᠰ ᠤᠨ ᠠᠮᠢᠰᠬᠤᠯ ᠢ ᠣᠯᠵᠤ ᠦᠨᠦᠷᠯᠡᠨ᠂ ᠴᠠᠭᠠᠨ ᠢᠷᠪᠢᠰ ᠤᠨ ᠰᠡᠭᠦᠳᠡᠷ ᠢ ᠣᠯᠵᠣ ᠬᠠᠷᠠᠪᠠ᠂ ᠮᠠᠯᠴᠢᠳ ᠪᠠᠰᠠ ᠳᠠᠭᠤ ᠪᠠᠨ ᠳᠣᠣᠷ᠎ᠠ ᠪᠣᠯᠭᠠᠵᠣ᠂ ᠨᠡᠩ ᠴᠤ ᠦᠭᠡ ᠳᠤᠤᠭᠠᠷᠬᠤ ᠪᠠᠨ ᠪᠣᠯᠢᠪᠠ  ᠴᠠᠭᠠᠨ ᠢᠷᠪᠢᠰ ᠲᠡᠳᠡᠨ ᠳᠤ ᠠᠪᠴᠦ ᠬᠡᠯᠡᠪᠡᠯ ᠰᠠᠬᠢᠭᠤᠯᠰᠤᠨ ᠤ ᠴᠢᠨᠠᠷᠲᠠᠢ ᠠᠮᠢ ᠪᠣᠯᠣᠨ᠎ᠠ᠃ ᠲᠡᠷᠡ ᠬᠦ ᠴᠠᠰᠤᠲᠤ ᠥᠨᠳᠦᠷᠯᠢᠭ ᠲᠤ᠂ ᠪᠢᠳᠡ ᠪᠠᠰᠠ ᠴᠠᠰᠤᠨ ᠢᠷᠪᠢᠰ ᠲᠠᠢ ᠰᠠᠨᠠᠮᠰᠠᠷ ᠦᠭᠡᠢ ᠤᠴᠠᠷᠠᠬᠤ ᠶᠢ ᠪᠣᠳᠣᠵᠤ ᠪᠠᠶᠢᠨ᠎ᠠ᠂ ᠴᠠᠭᠠᠨ ᠢᠷᠪᠢᠰ ᠪᠠᠷᠠᠭ᠎ᠠ ᠦᠭᠡᠢ ᠪᠣᠯᠲᠠᠯ᠎ᠠ ᠠᠷᠢᠯᠪᠠ᠂ ᠴᠠᠭᠠᠨ ᠢᠷᠪᠢᠰ ᠮᠠᠯᠴᠢᠨ ᠤ ᠶᠠᠷᠢᠶᠠᠨ ᠳᠣᠮᠳᠠ ᠨᠡᠩ ᠨᠢᠭᠤᠴᠠᠭᠠᠢ ᠪᠣᠯᠵᠤ᠂ ᠨᠢᠭᠤᠴᠠᠭᠠᠢ ᠳᠤ ᠪᠠᠨ ᠶᠠᠭ ᠯᠠ ᠣᠷᠣᠰᠢᠵᠤ ᠥᠩᠭᠡᠷᠡᠭᠰᠡᠨ ᠦᠭᠡᠢ ᠰᠢᠭ᠂ ᠭᠡᠲᠡᠯ᠎ᠡ ᠲᠡᠷᠡ ᠦᠨᠡᠨ ᠣᠷᠣᠰᠢᠵᠤ ᠪᠠᠶᠢᠭᠰᠠᠨ᠂ ᠪᠠᠰᠠ ᠴᠤ ᠴᠠᠰᠤᠨ ᠱᠤᠭᠤᠮ ᠢᠶᠠᠷ ᠶᠠᠪᠤᠵᠤ ᠪᠠᠶᠢᠭᠰᠠᠨ ᠶᠤᠮ᠃      ᠴᠠᠰᠤᠲᠤ ᠥᠨᠳᠦᠷᠯᠢᠭ ᠠᠴᠠ ᠨᠢᠳᠦᠨ ᠡᠮᠦᠨᠡᠬᠢ ᠲᠠᠯ᠎ᠠ ᠳᠤ ᠬᠦᠷᠲᠡᠯ᠎ᠡ᠃ ᠮᠠᠯᠴᠢᠨ ᠪᠣᠯᠣᠨ ᠪᠤᠭᠤ ᠨᠣᠮᠣᠬᠠᠳᠬᠠᠬᠤ᠂ ᠲᠡᠷᠡ ᠲᠠᠯ᠎ᠠ ᠨᠤᠲᠤᠭ ᠤᠨ ᠵᠡᠭᠦᠨ ᠳᠤ ᠣᠴᠢᠬᠤ ᠭᠡᠰᠡᠨ ᠶᠤᠮ᠃ ᠵᠠᠷᠢᠮ ᠨᠠᠢᠵᠠ ᠨᠠᠷ ᠲᠡᠳᠡᠭᠡᠷ ᠪᠤᠭᠤ ᠨᠣᠮᠣᠬᠠᠳᠬᠠᠭᠰᠠᠨ ᠭᠠᠵᠠᠷ ᠲᠤ ᠤᠴᠢᠭᠠᠳ᠂ ᠶᠠᠭ ᠪᠤᠶᠢᠲᠤᠭ ᠨᠢ ᠤᠨᠠᠭᠰᠠᠨ ᠨᠣᠮᠣᠬᠠᠳᠬᠠᠭᠰᠠᠨ ᠪᠤᠭᠤ ᠶᠢ ᠣᠯᠵᠣ ᠬᠠᠷᠠᠪᠠ᠂ ᠲᠡᠳᠡᠨ ᠭᠠᠵᠠᠷ ᠲᠡᠭᠡᠷ᠎ᠡ ᠬᠡᠪᠳᠡᠵᠤ᠂ ᠠᠮᠢᠰᠭᠤᠭ᠎ᠠ  ᠴᠢᠬᠤᠯᠳᠠᠨ᠂ ᠪᠤᠶᠢᠲᠤᠭ ᠨᠢ ᠣᠨᠠᠭᠰᠠᠨ ᠶᠠᠪᠣᠴᠠ ᠶᠢᠨ ᠵᠣᠪᠠᠨᠢᠯ ᠢ ᠲᠡᠰᠪᠦᠷᠢᠯᠡᠵᠦ ᠪᠠᠶᠢᠬᠤ ᠰᠢᠭ᠂ ᠡᠳᠡᠭᠡᠷ ᠦᠵᠡᠭᠳᠡᠯ ᠢ ᠪᠢ ᠵᠦᠪᠬᠡᠨ ᠪᠤᠰᠤᠳ ᠤᠨ ᠲᠤᠭᠠᠴᠢᠯᠳᠠ ᠪᠠᠷ ᠳᠠᠮᠵᠢᠬᠤ ᠪᠣᠶᠣ ᠵᠠᠯᠭᠠᠵᠤ ᠲᠦᠰᠦᠭᠡᠯᠡᠨ ᠪᠣᠳᠤᠬᠤ ᠳᠤ ᠲᠦᠰᠢᠭᠯᠡᠨ᠎ᠡ᠃ ᠪᠢ ᠠᠳᠡ ᠳᠠᠷᠤᠢ ᠲᠦᠰᠦᠭᠡᠯᠡᠨ ᠪᠣᠳᠤᠯᠲᠠ ᠶᠢᠨ ᠴᠢᠬᠤᠯᠠ ᠴᠢᠨᠠᠷ ᠢ ᠴᠢᠬᠤᠯᠠᠴᠢᠯᠠᠬᠤ ᠶᠢᠨ ᠲᠥᠯᠦᠭᠡ᠂ ᠪᠠᠰᠠ ᠪᠣᠳᠠᠲᠤ ᠳᠠᠭᠠᠨ ᠲᠦᠰᠢᠭᠯᠡᠵᠦ ᠲᠦᠰᠦᠭᠡᠯᠡᠨ ᠪᠣᠳᠣᠬᠤ ᠶᠢᠨ ᠴᠢᠬᠤᠯᠠ ᠭᠡᠳᠡᠭ ᠢ ᠲᠠᠨᠢᠵᠤ ᠣᠯᠤᠭᠰᠠᠨ ᠶᠤᠮ᠃ ᠪᠢ ᠪᠠᠰᠠ ᠦᠷᠭᠦᠯᠵᠢᠯᠡᠨ ᠨᠡᠶᠢᠯᠡᠭᠦᠯᠦᠶ᠎ᠡ ᠭᠡᠵᠦ ᠪᠣᠳᠤᠵᠤ ᠪᠠᠶᠢᠨ᠎ᠠ᠂ ᠲᠡᠷᠡ ᠪᠣᠯ ᠮᠥᠽᠸᠢ ᠶᠢᠨ ᠳᠣᠲᠣᠷ᠎ᠠ ᠣᠯᠵᠣ ᠬᠠᠷᠠᠭᠰᠠᠨ ᠠᠳᠠᠯᠢ ᠪᠣᠰᠤ ᠨᠡᠶᠢᠯᠡᠮᠡᠯ ᠪᠣᠯᠣᠨ᠎ᠠ᠂ ᠲᠡᠶᠢᠮᠦ ᠪᠦᠲᠦᠴᠡ ᠨᠢ ᠮᠣᠨᠢ ᠠᠭᠤᠯᠠ ᠶᠢᠨ ᠵᠠᠷᠢᠮ ᠬᠠᠳᠠᠨ ᠵᠢᠷᠤᠭ ᠳᠡᠭᠡᠷ᠎ᠡ ᠡᠷᠲᠡ ᠳᠠᠭᠤᠰᠴᠢᠭᠰᠠᠨ ᠮᠠᠭᠠᠳ᠃ ᠬᠠᠳᠠᠨ ᠤ ᠵᠢᠷᠤᠭ ᠤᠨ ᠣᠷᠣᠰᠢᠵᠤ ᠪᠠᠶᠢᠭ᠎ᠠ ᠨᠢ ᠲᠦᠭᠡᠮᠡᠯ ᠶᠤᠮ᠂ ᠲᠡᠷᠡ ᠪᠣᠯ ᠥᠭᠡᠷ᠎ᠡ ᠨᠢᠭᠡ ᠮᠦᠽᠧᠢ᠂ ᠮᠣᠨᠢ ᠠᠭᠤᠯᠠ ᠶᠢᠨ ᠳᠣᠣᠷ᠎ᠠ ᠪᠢᠰᠢ᠂ ᠬᠠᠷᠢᠨ ᠪᠤᠭᠤᠲᠤ ᠳᠤ᠂ ᠲᠡᠨᠳᠡ ᠠᠳᠠᠯᠢᠬᠠᠨ ᠨᠢᠭᠡ ᠬᠡᠰᠡᠭ ᠬᠠᠳᠠᠨ ᠵᠢᠷᠤᠭ ᠪᠠᠶᠢᠨ᠎ᠠ᠃ ᠬᠠᠳᠠᠨ ᠵᠢᠷᠤᠭ ᠨᠢ ᠪᠦᠳᠦᠭᠦᠪᠴᠢ᠂ ᠪᠠᠯᠠᠷᠬᠠᠢ᠂ ᠲᠡᠷᠡ ᠨᠢ ᠪᠠᠯᠠᠷᠬᠠᠢ ᠪᠣᠯᠣᠨ ᠳᠥᠬᠦᠮᠬᠡᠨ ᠢᠶᠠᠷ ᠶᠢᠷᠲᠢᠨᠴᠦ ᠳᠤ ᠲᠡᠮᠳᠡᠭᠯᠡᠯ ᠬᠢᠭᠡᠳ ᠲᠥᠰᠥᠭᠡᠯᠡᠨ ᠪᠣᠳᠣᠵᠣ ᠪᠠᠶᠢᠨ᠎ᠠ᠃ ᠪᠢᠳᠡ ᠲᠡᠳᠡᠭᠡᠷ ᠪᠠᠯᠠᠷᠬᠠᠢ ᠪᠣᠯᠤᠨ ᠳᠥᠭᠦᠮ ᠢ ᠣᠯᠵᠤ ᠦᠵᠡᠬᠦ ᠦᠶ᠎ᠡ ᠳᠤ᠂ ᠳᠡᠯᠡᠬᠡᠶ ᠶᠢᠷᠲᠢᠨᠴᠦ ᠬᠠᠷᠢᠨ ᠬᠢᠵᠠᠭᠠᠷᠯᠠᠰᠢ ᠦᠭᠡᠢ ᠲᠣᠳᠣᠷᠬᠠᠶ ᠪᠣᠯᠵᠤ ᠪᠠᠶᠢᠨ᠎ᠠ᠂ ᠪᠢᠳᠡ ᠴᠢᠨᠠᠭᠰᠢᠯᠠᠪᠠᠯ ᠲᠡᠷᠡ ᠮᠦᠽᠧᠶ ᠳᠤ ᠦᠵᠡᠭᠳᠡᠯ ᠪᠦᠬᠦᠨ ᠢ ᠳᠠᠬᠢᠨ ᠰᠡᠷᠭᠦᠭᠡᠵᠦ᠂ ᠪᠢᠳᠡ ᠲᠡᠳᠡᠭᠡᠷ ᠤᠲᠠᠰᠤ ᠶᠢ ᠳᠠᠬᠢᠨ ᠡᠪᠬᠡᠵᠦ᠂ ᠲᠡᠳᠡᠭᠡᠷ ᠬᠠᠳᠠᠨ ᠵᠢᠷᠤᠭ ᠤᠨ ᠠᠮᠢ ᠨᠠᠰᠤ ᠶᠢ ᠰᠡᠳᠤᠭ᠍ᠰᠡᠨ ᠳᠤ᠂ ᠲᠡᠳᠡ ᠬᠠᠳᠠᠨ ᠵᠢᠷᠤᠭ ᠠᠴᠠ ᠠᠯᠬᠤᠨ ᠪᠠᠭᠤᠵᠤ ᠢᠷᠡᠭᠡᠳ ᠲᠠᠯ᠎ᠠ ᠨᠤᠲᠤᠭ ᠤᠨ ᠭᠦᠨ ᠬᠡᠰᠡᠭ ᠲᠤ ᠭᠦᠶᠦᠵᠦ ᠡᠬᠢᠯᠡᠯ᠎ᠡ᠃      ᠪᠢᠳᠡ ᠬᠠᠳᠠᠨ ᠵᠢᠷᠤᠭ ᠳᠡᠭᠡᠷᠡᠬᠢ ᠵᠠᠷᠢᠮ ᠠᠮᠢ ᠨᠠᠰᠤ ᠰᠢᠭ᠋ ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠲᠠᠯ᠎ᠠ ᠳᠤ ᠵᠢᠩᠬᠢᠨᠢ ᠢᠯᠡᠷᠡᠪᠡ᠃ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠲᠠᠯ᠎ᠠ ᠨᠤᠲᠤᠭ ᠪᠣᠯ ᠭᠤᠶᠤ ᠰᠠᠶᠢᠬᠠᠨ᠂ ᠲᠡᠷᠡ ᠲᠠᠯ᠎ᠠ ᠨᠤᠲᠤᠭ ᠨᠢ ᠰᠢᠯᠦᠭ ᠵᠢᠷᠤᠭ ᠤᠨ ᠲᠠᠯ᠎ᠠ ᠨᠤᠲᠤᠭ ᠭᠡᠳᠡᠭ᠂ ᠠᠯᠤᠰ ᠬᠢᠵᠠᠭᠠᠷ ᠦᠭᠡᠢ ᠥᠷᠭᠡᠨ ᠠᠭᠤᠳᠠᠮ ᠲᠠᠯ᠎ᠠ ᠪᠣᠯᠤᠨ᠎ᠠ᠃ ᠲᠥᠰᠥᠭᠡᠯᠡᠯ ᠳᠤᠮᠳᠠ ᠪᠢᠳᠡ ᠪᠠᠰᠠ ᠲᠠᠯ᠎ᠠ ᠨᠤᠲᠤᠭ ᠳᠡᠭᠡᠷ᠎ᠡ ᠣᠳᠣᠨ ᠮᠡᠴᠢᠳ ᠢ ᠬᠠᠷᠠᠨ᠎ᠠ᠂ ᠭᠡᠷᠡᠯ ᠰᠠᠴᠤᠷᠠᠭᠰᠠᠨ ᠣᠳᠣᠨ ᠮᠡᠴᠢᠳ ᠳᠥᠷᠪᠡᠨ ᠲᠠᠯ᠎ᠠ ᠠᠴᠠ ᠮᠠᠨᠤᠰ ᠢ ᠬᠦᠷᠢᠶᠡᠯᠡᠨ᠎ᠡ᠂ ᠪᠢᠳᠡ ᠲᠡᠳᠡᠭᠡᠷ ᠥᠩᠭᠡ ᠢᠯᠭᠠᠷᠠᠭᠰᠠᠨ ᠵᠦᠢᠯ ᠤᠨ ᠳᠤᠲᠤᠷᠠᠬᠢ ᠨᠢᠭᠡ ᠨᠢ ᠪᠣᠯᠣᠨ᠎ᠠ᠂ ᠭᠡᠲᠡᠯ᠎ᠡ ᠪᠣᠷᠣᠭᠠᠨ ᠣᠷᠣᠭᠰᠠᠨ ᠠᠴᠠ ᠪᠣᠯᠵᠤ᠂ ᠰᠢᠯᠦᠭ ᠵᠢᠷᠤᠭ ᠤᠨ ᠲᠠᠯ᠎ᠠ ᠨᠤᠲᠤᠭ ᠲᠤ ᠤᠷᠮ᠎ᠠ ᠬᠤᠭᠤᠷᠠᠵᠤ ᠬᠡᠰᠡᠭ ᠬᠤᠭᠤᠴᠠᠭ᠎ᠠ ᠠᠯᠳᠠᠭᠠᠳ᠂ ᠵᠥᠪᠬᠡᠨ ᠮᠣᠩᠬᠤᠯ ᠭᠡᠷ ᠲᠡᠭᠡᠨ ᠬᠠᠷᠢᠵᠤ ᠤᠨᠲᠠᠨ᠎ᠠ᠃ ᠬᠠᠷ᠎ᠠ ᠡᠷᠲᠡ ᠶᠢᠨ ᠲᠠᠪᠤᠨ ᠴᠠᠭ ‍ᠤᠨ‌ᠦᠶ᠎ᠡ ᠪᠠᠷ᠂ ᠨᠢᠭᠡ ᠪᠣᠲᠠ ᠭᠡᠷᠡᠯ ᠮᠣᠩᠭᠤᠯ ᠭᠡᠷ ᠤᠨ ᠣᠷᠣᠢ ᠠᠴᠠ ᠮᠣᠩᠭᠤᠯ ᠭᠡᠷ ᠲᠤ ᠣᠷᠣᠨ ᠢᠷᠡᠵᠦ᠂ᠣᠷᠣᠢ ᠠᠴᠠ ᠭᠡᠭᠡ ᠣᠷᠣᠬᠤ ᠨᠢ ᠶᠡᠷᠦ ᠪᠤᠰᠤ ᠶᠢᠨ ᠭᠡᠷᠡᠯ ᠠᠴᠠ ᠪᠣᠯᠵᠤ ᠬᠦᠨᠳᠦ ᠶᠢᠨ ᠬᠡᠮᠵᠢᠶ᠎ᠡ ᠲᠠᠢ ᠪᠣᠯᠣᠭᠰᠠᠨ ᠪᠢᠯᠡ᠃ ᠪᠢ ᠠᠯᠢ ᠡᠷᠲᠡ ᠪᠣᠰᠴᠤ᠂ ᠮᠣᠩᠭᠤᠯ ᠭᠡᠷ ᠠᠴᠠ ᠪᠠᠨ ᠭᠠᠷᠴᠤ᠂ ᠶᠡᠭᠡ ᠲᠡᠷᠭᠡ ᠬᠤᠶᠢᠨ᠎ᠠ ᠬᠤᠶᠢᠨ᠎ᠠ ᠠᠴᠠ ᠪᠠᠨ ᠲᠠᠯ᠎ᠠ ᠨᠤᠲᠤᠭ ᠢᠶᠠᠷ ᠥᠩᠭᠡᠷᠡᠬᠦ ᠶᠢ ᠬᠠᠷᠠᠵᠤ᠂ ᠮᠠᠨᠠᠨ ᠬᠦᠨᠳᠦ ᠪᠠᠶᠢᠵᠣ᠂ ᠡᠨᠡ ᠪᠣᠯ ᠴᠣᠬᠤ ᠬᠤᠷᠣᠬᠠᠶ ᠠᠭᠠᠵᠢᠮ ᠢᠶᠠᠷ ᠠᠶᠠᠷᠬᠠᠨ ᠬᠦᠳᠡᠯᠬᠦ‍ ᠰᠢᠭ᠂ ᠲᠡᠳᠡ ᠲᠦᠢᠯ ᠤᠨ ᠪᠠᠭ᠎ᠠ ᠪᠣᠯᠳᠠᠭ᠃ ᠣᠯᠠᠨ ᠵᠢᠯ ᠤᠨ ᠡᠮᠦᠨ᠎ᠡ᠂ ᠲᠡᠨᠳᠡ ᠠᠴᠠ ᠲᠡᠮᠡᠭᠡᠨ ᠵᠢᠩ ᠦᠩᠭᠡᠷᠡᠪᠡ᠃ ᠮᠠᠨᠠᠨ ᠳᠣᠮᠳᠠ᠂ ᠮᠢᠨᠦ ᠲᠦᠰᠦᠭᠡᠯᠡᠨ ᠪᠣᠳᠤᠬᠤ ᠳᠣᠮᠳᠠ᠂ ᠲᠡᠷᠭᠡᠨ ᠠᠩᠭᠢ ᠪᠣᠯᠣᠨ ᠲᠡᠮᠡᠭᠡᠨ ᠵᠢᠩ ᠤᠨ ᠬᠤᠭᠤᠷᠣᠨᠳᠣ ᠳᠡᠮᠡᠢ ᠢᠯᠭᠠᠭ᠎ᠠ ᠦᠭᠡᠢ᠃ ᠲᠡᠳᠡ ᠮᠠᠨᠠᠨ ᠤ ᠳᠣᠮᠳᠠ  ᠠᠴᠠ ᠥᠭᠡᠷ᠎ᠡ ᠨᠢᠭᠡ ᠮᠠᠨᠠᠨ ᠳᠤ ᠣᠷᠣᠭᠰᠠᠨ ᠪᠠᠶᠢᠨ᠎ᠠ᠃ ᠪᠣᠷᠣᠭᠠᠨ ᠤ ᠤᠰᠤ ᠳᠤᠰᠤᠯᠠᠵᠤ᠂ ᠰᠠᠯᠬᠢ ᠲᠡᠳᠡᠭᠡᠷ ᠨᠠᠪᠲᠠᠭᠠᠷ ᠡᠪᠡᠰᠦ ᠶᠢ ᠦᠯᠢᠶᠡᠭᠡᠳ᠂ ᠪᠢ ᠬᠤᠪᠴᠠᠰᠤ ᠬᠤᠨᠠᠷ ᠢᠶᠠᠨ ᠴᠢᠩᠭ᠎ᠠ ᠣᠷᠢᠶᠠᠵᠤ᠂ ᠦᠷᠭᠦᠯᠵᠢᠯᠡᠨ ᠲᠠᠯ᠎ᠠ ᠨᠤᠲᠤᠭ ᠤᠨ ᠣᠭᠲᠠᠷᠭᠤᠢ ᠶᠢ ᠪᠠᠷᠠᠯᠠᠨ᠂ ᠪᠣᠷᠣᠭᠠᠨ ᠣᠷᠣᠬᠤ ᠦᠶ᠎ᠡ ᠳᠤ᠂ ᠲᠡᠳᠡᠭᠡᠷ ᠠᠴᠢᠶᠠᠨ ᠤ ᠮᠠᠰᠢᠨ ᠨᠠᠮ᠎ᠠ ᠠᠴᠠ ᠤᠯᠠᠮ ᠬᠤᠯᠠᠳᠠᠵᠤ᠂ ᠳᠡᠯᠡᠬᠡᠢ ᠶᠢᠷᠲᠢᠨᠴᠦ ᠶᠠᠭ ᠲᠡᠳᠡᠨ  ᠤ ᠲᠠᠲᠠᠬᠤ ᠶᠢ ᠳᠠᠭᠠᠯᠳᠣᠨ ᠤᠯᠠᠮ ᠠᠭᠤᠳᠠᠮ  ᠪᠤᠯᠵᠤ᠂ ᠬᠥᠮᠥᠨ ᠪᠤᠯᠤᠭᠰᠠᠨ ᠪᠢᠳᠡ ᠤᠯᠠᠮ ᠵᠢᠵᠢᠭ ᠪᠣᠯᠵᠠᠢ᠃ ᠲᠠᠯ᠎ᠠ ᠨᠤᠲᠤᠭ ᠲᠤ᠂ ᠥᠪᠡᠷ ᠤᠨ ᠪᠡᠶ᠎ᠡ ᠪᠠᠨ ᠥᠴᠥᠬᠡᠨ ᠭᠡᠵᠦ ᠴᠢᠩᠭ᠎ᠠ ᠰᠠᠨᠠᠭᠳᠠᠬᠤ ᠪᠣᠯᠤᠨ᠎ᠠ᠃ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠲᠠᠯ᠎ᠠ ᠨᠤᠲᠤᠭ ᠲᠤ᠂ ᠮᠠᠰᠢ ᠤᠯᠠᠨ ᠵᠦᠢᠯ ᠨᠢ ᠲᠥᠰᠦᠭᠡᠯᠡᠨ ᠪᠤᠳᠤᠯᠳᠠ ᠶᠢᠨ ᠶᠢᠷᠲᠢᠨᠴᠦ ᠲᠠᠢ ᠠᠳᠠᠯᠢᠬᠠᠨ᠂ ᠵᠠᠷᠢᠮ ᠵᠦᠢᠯ  ᠨᠢ ᠲᠦᠰᠦᠭᠡᠯᠡᠨ ᠪᠣᠳᠣᠭᠰᠠᠨ ᠲᠠᠢ ᠠᠳᠠᠯᠢ ᠦᠭᠡᠢ᠂ ᠵᠠᠷᠢᠮ ᠲᠥᠰᠦᠭᠡᠯᠡᠨ ᠪᠤᠳᠤᠯᠲᠠ ᠨᠢ ᠬᠦᠴᠦᠨ ᠦᠭᠡᠢ᠂ ᠵᠠᠷᠢᠮ ᠲᠥᠰᠦᠭᠡᠯᠡᠨ ᠪᠤᠳᠤᠯᠲᠠ ᠨᠢ ᠪᠠᠰᠠ ᠪᠣᠳᠠᠲᠤ ᠠᠬᠤᠢ ᠳᠤᠮᠳᠠᠬᠢ ᠲᠠᠯ᠎ᠠ ᠨᠤᠲᠤᠭ ᠲᠤ ᠦᠷᠭᠦᠯᠵᠢᠯᠡᠨ ᠳᠠᠪᠬᠢᠵᠤ᠂ ᠦᠷᠭᠦᠯᠵᠢᠯᠡᠨ ᠳᠤᠤᠷᠠᠳᠤ ᠲᠠᠯ᠎ᠠ ᠠᠴᠠ ᠡᠬᠢᠯᠡᠵᠦ ᠨᠢᠰᠬᠦ ᠬᠦᠴᠦᠨ ᠲᠠᠢ ᠶᠤᠮ᠃ ᠪᠢᠳᠡ ᠮᠠᠯᠴᠢᠳ ᠤᠨ ᠭᠡᠷ ᠲᠤ ᠣᠷᠣᠵᠣ ᠳᠡᠶᠢᠯᠦᠭᠰᠡᠨ ᠦᠭᠡᠢ᠂ ᠮᠠᠯᠴᠢᠳ ᠤᠨ ᠭᠡᠷ ᠨᠢ ᠴᠤ ᠵᠥᠪᠬᠡᠨ ᠮᠦᠽᠧᠶ ᠪᠣᠯᠣᠨ ᠦᠭᠦᠯᠡᠯᠲᠡ ᠳᠤ ᠲᠦᠰᠢᠭᠯᠡᠨ ᠳᠦᠷᠰᠦᠯᠡᠨ ᠪᠣᠳᠣᠵᠤ᠂ ᠬᠤᠨᠢᠨ ᠰᠦᠷᠦᠭ ᠨᠢ ᠨᠢᠭᠤᠭᠳᠠᠭᠰᠠᠨ ᠪᠠᠶᠢᠳᠠᠭ᠂ ᠬᠡᠭᠡᠷ᠎ᠡ ᠲᠠᠯ᠎ᠠ ᠳᠦᠭᠦᠷᠡᠩ ᠬᠤᠨᠢᠨ ᠰᠦᠷᠦᠭ ᠨᠢ ᠴᠦ ᠵᠥᠪᠬᠡᠨ ᠳᠦᠷᠰᠦᠯᠡᠨ ᠪᠣᠳᠣᠭᠰᠠᠨ ᠶᠤᠮ᠂ ᠦᠬᠡᠷ ᠤᠨ ᠰᠦᠷᠦᠭ ᠨᠢ ᠴᠤ ᠳᠠᠯᠳᠠ ᠨᠢᠭᠤᠭᠳᠠᠵᠤ᠂ ᠠᠳᠤᠭᠤᠨ ᠰᠦᠷᠦᠭ ᠨᠢ ᠮᠥᠨ ᠴᠦ ᠲᠠᠯ᠎ᠠ ᠨᠤᠲᠤᠭ ᠤᠨ ᠭᠦᠨ ᠳᠤ ᠳᠠᠯᠳᠠᠯᠠᠭᠳᠠᠵᠤ᠂ ᠭᠦᠨ ᠨᠣᠭᠤᠭᠠᠨ ᠥᠩᠭᠡ ᠨᠢ  ᠮᠦᠨ ᠴᠤ ᠲᠦᠷ ᠴᠠᠭ ᠨᠢᠭᠤᠭᠳᠠᠵᠤ ᠪᠠᠶᠢᠳᠠᠭ᠃ ᠰᠢᠯᠦᠭ ᠵᠢᠷᠤᠭ ᠤᠨ ᠲᠠᠯ᠎ᠠ ᠨᠤᠲᠤᠭ ᠠᠴᠠ ᠪᠤᠴᠠᠬᠤ ᠵᠠᠮ ᠳᠠᠭᠠᠨ ᠴᠦᠬᠡᠨ ᠲᠣᠭᠠᠨ ᠤ ᠦᠬᠡᠷ᠂ ᠮᠣᠷᠢ᠂ ᠬᠤᠨᠢ ᠯᠠ ᠬᠠᠷᠠᠭᠳᠠᠵᠤ᠂ ᠲᠠᠯ᠎ᠠ ᠨᠤᠲᠤᠭ ᠠᠴᠠ ᠡᠪᠡᠰᠦ ᠬᠡᠮᠡᠯᠢᠵᠦ ᠪᠠᠶᠢᠯ᠎ᠠ᠃ ᠮᠦᠽᠧᠢ ᠳᠤ ᠵᠥᠪᠬᠡᠨ ᠬᠠᠳᠠᠨ ᠵᠢᠷᠤᠭ ᠪᠠᠶᠢᠳᠠᠭ ᠪᠢᠰᠢ᠂ ᠪᠠᠰᠠ ᠵᠠᠷᠢᠮ ᠮᠣᠩᠭᠤᠯ ᠠᠳᠣᠭᠤᠨ ᠤ ᠲᠤᠬᠠᠢ ᠦᠵᠡᠭᠦᠯᠦᠯᠭᠡ ᠶᠢᠨ ᠲᠢᠩᠬᠢᠮ ᠲᠡᠳᠦᠢ ᠪᠠᠶᠢᠵᠤ᠂ ᠲᠡᠨᠳᠡ ᠪᠢ ᠮᠣᠷᠢᠨ ᠤ ᠬᠠᠷᠠᠴᠠ ᠶᠢᠨ ᠵᠥᠭᠡᠯᠡᠨ ᠪᠣᠯᠤᠨ ᠭᠦᠨᠵᠡᠭᠡᠢ ᠪᠠᠢᠬᠤ ᠶᠢ ᠣᠯᠵᠤ ᠬᠠᠷᠠᠵᠠᠢ᠂ ᠪᠢ ᠣᠷᠣᠨ ᠵᠠᠢ ᠳᠤ ᠭᠠᠷᠤᠭᠰᠠᠨ ᠪᠤᠷᠤᠭᠤ ᠠᠳᠡᠭᠦᠷᠡᠯ ᠭᠡᠵᠦ ᠪᠣᠳᠣᠵᠤ ᠪᠠᠶᠢᠪᠠ᠃ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠲᠠᠯ᠎ᠠ ᠨᠤᠲᠤᠭ ᠲᠤ ᠲᠡᠳᠡᠭᠡᠷ ᠮᠣᠷᠢ ᠶᠢ ᠦᠵᠡᠭᠡᠳ ᠪᠢ ᠵᠣᠷᠢᠭᠤᠳᠠ ᠲᠡᠳᠡᠨ ᠤ ᠨᠢᠳᠦᠨ ᠬᠠᠷᠠᠴᠠ ᠶᠢ ᠠᠵᠢᠭᠯᠠᠭᠰᠠᠨ ᠳᠤ᠂ ᠦᠨᠡᠬᠡᠷ ᠵᠥᠭᠡᠯᠡᠨ ᠪᠦᠭᠡᠳ ᠭᠦᠨᠵᠡᠭᠡᠢ᠂ ᠨᠢᠭᠡ ᠴᠠᠭ ᠮᠥᠴᠡ ᠳᠤ᠂  ᠪᠢ ᠨᠢᠭᠡ ᠵᠦᠢᠯ ᠤᠨ ᠠᠳᠡᠭᠦᠷᠡᠯ ᠭᠠᠷᠪᠠ᠄ ᠲᠡᠷᠡ ᠪᠣᠯ ᠬᠠᠮᠤᠭ ᠤᠨ ᠰᠠᠶᠢᠨ ᠰᠠᠢᠬᠠᠨ ᠭᠡᠷᠡᠯ ᠮᠦᠨ᠃      ᠠᠵᠢᠯ ᠨᠢᠭᠡᠲᠡᠨ ᠤ ᠬᠡᠯᠡᠬᠦ ᠪᠠᠷ᠂ ᠡᠨᠡ ᠵᠢᠯ ᠨᠢᠭᠡᠨᠲᠡ ᠬᠡᠳᠦᠨ ᠤᠳᠠᠭ᠎ᠠ ᠪᠣᠷᠣᠭᠠᠨ ᠣᠷᠣᠵᠠᠢ᠂ ᠵᠥᠪᠬᠡᠨ ᠴᠠᠭ ᠨᠢ ᠪᠠᠭ᠎ᠠ ᠡᠷᠲᠡ ᠰᠢᠭ᠂ ᠡᠪᠡᠰᠦ ᠪᠠᠰᠠ ᠬᠠᠮᠤᠭ ᠨᠣᠭᠤᠭᠠᠨ ᠴᠠᠭ ᠪᠣᠯᠤᠭ᠎ᠠ ᠦᠭᠡᠢ᠃ ᠡᠪᠡᠰᠦ ᠨᠢ ᠨᠠᠪᠲᠠᠭᠠᠷ ᠪᠣᠭᠤᠨᠢ᠂ ᠲᠦᠰᠦᠭᠡᠯᠡᠨ ᠪᠣᠳᠣᠭᠰᠠᠨ ᠡᠪᠡᠰᠦ ᠨᠢ ᠭᠦᠨ ᠪᠠᠢᠳᠠᠭ᠂ ᠵᠥᠪᠬᠡᠨ ᠰᠠᠯᠬᠢᠨ ᠳᠤ ᠴᠣᠬᠢᠭᠳᠠᠪᠠᠯ ᠰᠠᠶ᠋ᠢ ᠦᠬᠡᠷ ᠬᠤᠨᠢᠨ ᠤ ᠪᠠᠶᠢᠳᠠᠯ ᠠᠳᠠᠯᠢ ᠦᠭᠡᠢ ᠶᠢ ᠣᠯᠵᠣ ᠬᠠᠷᠠᠬᠤ ᠲᠠᠢ ᠠᠳᠠᠯᠢ ᠦᠭᠡᠢ ᠪᠠᠶᠢᠳᠠᠭ᠃ ᠨᠢᠳᠦᠨ ᠡᠮᠦᠨ᠎ᠡ ᠪᠣᠯ ᠮᠠᠨ ᠤ ᠪᠣᠳᠣᠵᠤ ᠥᠩᠭᠡᠷᠡᠭᠰᠡᠨ ᠦᠭᠡᠢ ᠨᠢᠭᠡ ᠵᠦᠢᠯ ᠤᠨ ᠲᠠᠯ᠎ᠠ ᠨᠤᠲᠤᠭ ᠪᠣᠯᠤᠨ᠎ᠠ᠂ ᠡᠨᠡ ᠪᠣᠯ ᠬᠥᠯᠥᠨ ᠪᠤᠶᠢᠷ ᠤᠨ ᠲᠠᠯ᠎ᠠ ᠨᠤᠲᠤᠭ ᠲᠠᠢ ᠠᠳᠠᠯᠢ ᠦᠭᠡᠢ ᠲᠠᠯ᠎ᠠ ᠨᠤᠲᠤᠭ ᠪᠣᠯᠤᠨ᠎ᠠ᠃ ᠲᠩᠷᠢ ᠪᠣᠷᠤᠭ᠎ᠠ ᠣᠷᠣᠯ᠎ᠠ᠃ ᠲᠠᠯ᠎ᠠ ᠨᠤᠲᠤᠭ ᠲᠤ ᠠᠪᠴᠤ ᠬᠡᠯᠡᠪᠡᠯ ᠬᠤᠷ᠎ᠠ ᠪᠣᠷᠣᠭᠠᠨ ᠴᠢᠬᠤᠯᠠ ᠶᠤᠮ᠃ ᠮᠠᠨ ᠤ ᠡᠳᠡᠭᠡᠷ ᠲᠠᠯ᠎ᠠ ᠨᠤᠲᠤᠭ ᠤᠨ ᠬᠦᠰᠡᠯ ᠡᠷᠡᠮᠡᠯᠵᠡᠯ ᠲᠠᠢ ᠬᠥᠮᠦᠰ ᠲᠤ ᠠᠪᠴᠤ ᠬᠡᠯᠡᠪᠡᠯ᠂ ᠲᠡᠷᠡ ᠪᠣᠷᠣᠭᠠᠨ ᠨᠢ ᠡᠴᠦᠰ ᠲᠡᠭᠡᠨ ᠮᠠᠰᠢ ᠬᠠᠷᠠᠮᠰᠠᠯᠲᠠᠢ ᠪᠣᠯᠬᠤ ᠶᠤᠮ᠃ ᠪᠢᠳᠡ ᠲᠠᠯ᠎ᠠ ᠨᠤᠲᠤᠭ ᠲᠤ ᠭᠠᠭᠴᠠᠭᠠᠷ ᠬᠠᠷᠢᠶᠠᠯᠠᠭᠳᠠᠬᠤ ᠲᠡᠷᠡ ᠰᠡᠷᠡᠯ ᠢ ᠰᠡᠷᠡᠵᠦ ᠮᠡᠳᠡᠵᠡᠢ᠂ ᠪᠢᠳᠡᠨ ᠤ ᠬᠥᠮᠥᠨ ᠪᠣᠯᠭᠠᠨ ᠲᠡᠷᠡ ᠳᠡᠯᠡᠬᠡᠢ ᠠᠴᠠ ᠣᠯᠬᠤ ᠭᠡᠵᠦ ᠪᠣᠳᠣᠵᠣ ᠪᠠᠶᠢᠬᠤ ᠵᠦᠢᠯ ᠵᠠᠢ ᠪᠦᠷ ᠠᠳᠠᠯᠢ ᠦᠭᠡᠢ᠃ ᠴᠢ ᠬᠠᠭᠠᠰ ᠥᠨᠳᠥᠷ ᠡᠪᠡᠰᠦ ᠶᠢ ᠰᠠᠯᠭᠠᠶ᠎ᠠ ᠭᠡᠵᠦ ᠪᠣᠳᠣᠵᠤ ᠪᠠᠶᠢᠨ᠎ᠠ᠃ ᠠᠳᠡ ᠪᠠᠶᠢᠬᠤ ᠦᠭᠡᠢ᠃ ᠴᠢ ᠬᠥᠯᠥᠭ ᠢᠶᠠᠨ ᠤᠨᠤᠵᠤ ᠲᠠᠯ᠎ᠠ ᠨᠤᠲᠤᠭ ᠲᠤ ᠭᠦᠶᠦᠶ᠎ᠡ ᠭᠡᠵᠦ ᠰᠠᠨᠠᠨ᠎ᠠ᠂ ᠭᠡᠪᠡᠴᠦ ᠴᠢᠮ᠎ᠠ ᠳᠤ ᠲᠡᠢᠮᠦ ᠵᠣᠷᠢᠭ‌‍ᠰᠥ᠋ᠰᠥ ᠪᠠᠶᠢᠬᠤ ᠦᠭᠡᠢ ᠃ ᠮᠣᠷᠢᠲᠠᠨ ᠠᠳᠡ ᠪᠠᠢᠨ᠎ᠠ᠂ ᠬᠥᠮᠦᠰ ᠲᠡᠷᠡ ᠮᠦᠽᠧᠢ ᠳᠤ  ᠨᠠᠭᠠᠭᠰᠠᠨ ᠰᠡᠭᠦᠳᠡᠷ ᠢ ᠵᠢᠭᠠᠵᠤ᠂ ᠲᠡᠷᠡ ᠪᠣᠯ ᠨᠠᠭᠠᠳᠤᠮ ᠤᠨ ᠬᠤᠷᠠᠯ ᠳᠡᠭᠡᠷ᠎ᠡ ᠨᠢᠭᠡᠨᠲᠡ ᠬᠡᠳᠦᠨ ᠤᠳᠠᠭ᠎ᠠ ᠮᠠᠩᠯᠠᠢᠯᠠᠭᠰᠠᠨ ᠬᠡᠦᠬᠡᠨ᠂ ᠵᠠᠯᠠᠭᠤ ᠡᠮᠡᠭᠲᠡᠢ ᠮᠣᠷᠢᠲᠠᠨ᠂ ᠪᠢ ᠢᠯᠡᠭᠦᠦ ᠬᠡᠳᠦᠨ ᠨᠢᠳᠦ ᠦᠵᠡᠵᠦ᠂ ᠪᠢᠴᠢᠬᠠᠨ ᠬᠡᠤᠬᠡᠨ ᠤ ᠮᠡᠷᠭᠡᠵᠢᠯ ᠪᠠ ᠵᠣᠷᠢᠭ ᠰᠦᠰᠥ ᠶᠢ ᠮᠠᠭᠲᠠᠨ ᠰᠠᠶᠢᠰᠢᠶᠠᠪᠠ᠃ ᠨᠠᠭᠠᠳᠤᠮ ᠤᠨ ᠬᠤᠷᠠᠯ ᠤᠨ ᠬᠥᠷ ᠨᠠᠷᠭᠢᠶᠠᠨ ᠢ ᠴᠤ ᠲᠦᠷ ᠴᠠᠭ ᠳᠦᠷᠰᠦᠯᠡᠨ ᠪᠣᠳᠣᠳᠠᠭ᠃ ᠪᠢ ᠡᠬᠢᠯᠡᠨ ᠥᠪᠡᠷ ᠢ ᠪᠠᠨ ᠲᠠᠯ᠎ᠠ ᠨᠤᠲᠤᠭ ᠲᠠᠢ ᠣᠭᠲᠣ ᠲᠣᠬᠢᠷᠠᠬᠤ ᠦᠭᠡᠢ ᠬᠥᠮᠦᠨ ᠭᠡᠵᠦ ᠰᠡᠷᠡᠵᠦ ᠮᠡᠳᠡᠵᠡᠢ᠂ ᠭᠡᠪᠡᠴᠦ ᠪᠢ ᠲᠠᠯ᠎ᠠ ᠨᠤᠲᠤᠭ ᠢ ᠲᠡᠶᠢᠮᠦ ᠬᠠᠢᠷᠠᠯᠠᠨ᠎ᠠ᠂ ᠪᠢ ᠲᠠᠯ᠎ᠠ ᠨᠤᠲᠤᠭ ᠲᠤ ᠨᠢᠭᠡ ᠤᠳᠠᠭ᠎ᠠ ᠰᠣᠭᠲᠣᠬᠤ ᠬᠡᠮᠵᠢᠶ᠎ᠡ ᠴᠦ ᠪᠠᠶᠢᠬᠤ ᠦᠭᠡᠢ᠂ ᠪᠢ ᠠᠶᠤᠵᠤ ᠡᠮᠢᠶᠡᠨ᠂ ᠲᠣᠭᠤᠷᠢᠨ ᠴᠠᠭᠳᠠᠵᠤ᠂ ᠪᠠᠭ᠎ᠠ ᠪᠣᠷᠣᠭᠠᠨ ᠤ ᠤᠰᠤᠨ ᠳᠤ  ᠠᠲᠤᠷᠢᠨ ᠣᠷᠣᠭᠰᠢᠯᠠᠬᠤ ᠪᠠᠨ ᠪᠣᠯᠢᠪᠠ᠃ ᠪᠢ ᠰᠢᠯᠦᠭ ᠤᠨ ᠲᠠᠯ᠎ᠠ ᠨᠤᠲᠤᠭ ᠲᠤ ᠠᠳᠣᠭᠤ ᠨᠣᠮᠣᠳᠬᠠᠬᠤ ᠶᠢᠨ ᠬᠠᠷᠭᠢᠰ ᠬᠡᠷᠴᠡᠭᠡᠢ ᠶᠢ ᠬᠠᠷᠠᠵᠠᠢ᠂ ᠲᠡᠷᠡ ᠪᠣᠯ ᠬᠥᠮᠦᠨ ᠢ ᠰᠣᠴᠢᠭᠠᠮ᠎ᠠ ᠲᠤᠬᠠᠢ ᠶᠢᠨ ᠲᠠᠯᠠᠪᠤᠷ ᠪᠣᠯᠤᠨ᠎ᠠ᠂ ᠲᠡᠨᠳᠡ ᠮᠠᠰᠢ ᠣᠯᠠᠨ ᠮᠣᠷᠢ ᠪᠠᠶᠢᠨ᠎ᠠ᠂ ᠪᠢ ᠬᠠᠷᠢᠨ ᠭᠠᠭᠴᠠᠭᠠᠷ ᠢᠶᠠᠨ ᠮᠣᠷᠢ ᠦᠭᠡᠢ ᠲᠠᠯ᠎ᠠ ᠨᠤᠲᠤᠭ ᠲᠤ ᠢᠷᠡᠵᠦ᠂ ᠡᠬᠢᠯᠡᠮᠡᠭᠴᠡ ᠪᠠᠷᠠᠭᠠᠨ ᠡᠭᠦᠯᠡ ᠪᠦᠷᠬᠦᠭᠰᠡᠨ ᠡᠳᠦᠷ ᠠᠭᠠᠵᠢᠮ ᠢᠶᠠᠷ ᠴᠡᠯᠮᠡᠭ  ᠪᠣᠯᠪᠠ᠃ ᠲᠠᠯ᠎ᠠ ᠨᠤᠲᠤᠭ ᠤᠨ ᠲᠣᠮᠠᠰ᠂ ᠲᠣᠮᠠᠰ ᠤᠨ ᠰᠢᠯᠦᠭ ᠤᠨ ᠲᠡᠭᠦᠪᠦᠷᠢ᠂ ᠨᠣᠮ ᠤᠨ ᠬᠠᠪᠢᠰᠤ ᠨᠢ ᠲᠠᠯ᠎ᠠ ᠨᠤᠲᠤᠭ ᠲᠤ ᠠᠭᠤᠰᠤᠨ ᠣᠷᠣᠵᠤ᠂ ᠨᠣᠭᠤᠭᠠᠨ ᠡᠪᠡᠰᠦ᠂ ᠰᠢᠷᠠᠯᠠᠭᠰᠠᠨ ᠡᠪᠡᠰᠦ ᠨᠢ ᠪᠦᠷ ᠥᠰᠴᠦ ᠪᠠᠢᠭ᠎ᠠ ᠡᠪᠡᠰᠦ ᠶᠤᠮ᠂ ᠰᠢᠷᠠᠯᠠᠭᠰᠠᠨ ᠡᠪᠡᠰᠦ ᠨᠢ ᠠᠭᠠᠵᠢᠮ ᠢᠶᠠᠷ ᠨᠣᠭᠤᠭᠠᠷᠠᠪᠠᠯ᠂ ᠲᠠᠯ᠎ᠠ ᠨᠤᠲᠤᠭ ᠵᠢᠩᠬᠢᠨᠢ ᠪᠠᠷ ᠨᠣᠭᠤᠭᠠᠷᠠᠭᠰᠠᠨ ᠪᠠᠶᠢᠨ᠎ᠠ᠂ ᠰᠢᠯᠦᠭᠴᠢᠨ ᠲᠣᠮᠠᠰ ᠤᠨ ᠬᠠᠷ᠎ᠠ ᠭᠡᠵᠢᠭᠡ ᠨᠢ ᠲᠠᠯ᠎ᠠ ᠨᠤᠲᠤᠭ ᠤᠨ ᠭᠦᠨ ᠳᠤ ᠡᠷᠦᠢ ᠬᠤᠷᠤᠢ ᠦᠭᠡᠢ ᠪᠣᠯᠵᠤ᠂ ᠰᠢᠯᠦᠭᠴᠢᠨ ᠤ ᠵᠠᠷᠢᠮ ᠰᠢᠯᠦᠭ  ᠨᠢ ᠶᠠᠭ ᠨᠢᠳᠦᠨ ᠡᠮᠦᠨᠡᠬᠢ ᠲᠠᠯ᠎ᠠ ᠨᠤᠲᠤᠭ ᠠᠴᠠ ᠡᠭᠦᠰᠦᠭᠰᠡᠨ ᠶᠤᠮ ᠰᠢᠭ᠋ ᠰᠠᠨᠠᠭᠳᠠᠨ᠎ᠠ᠂ ᠡᠨᠡ ᠬᠦ ᠰᠡᠷᠡᠭᠳᠡᠯ ᠨᠢ‌‍ᠲ᠋ᠦ᠋ᠢᠯ ᠤᠨ ᠰᠣᠨᠢᠷᠬᠠᠯᠲᠠᠢ ᠶᠤᠮ᠃      ᠪᠢᠳᠡᠨ ᠲᠠᠢ ᠬᠠᠮᠲᠤ ᠣᠯᠠᠨ ᠵᠢᠯ ᠬᠠᠮᠲᠤ ᠠᠵᠢᠯᠯᠠᠵᠤ ᠪᠠᠶᠢᠭᠰᠠᠨ ᠨᠢᠭᠡ ᠵᠣᠬᠢᠶᠠᠯᠴᠢ᠂ ᠨᠢᠭᠡᠨᠲᠡ ᠠᠵᠢᠯ ᠠᠴᠠ ᠪᠠᠨ ᠠᠮᠠᠷᠠᠭᠠᠳ ᠣᠯᠠᠨ ᠵᠢᠯ ᠪᠣᠯᠤᠭᠰᠠᠨ ᠪᠣᠯᠪᠠᠴᠤ ᠵᠢᠯ ᠪᠦᠷᠢ ᠪᠡᠭᠡᠵᠢᠩ ᠠᠴᠠ ᠲᠠᠯ᠎ᠠ ᠨᠤᠲᠤᠭ ᠤᠨ ᠭᠦᠨ ᠳᠤ ᠪᠣᠴᠠᠵᠤ ᠬᠡᠰᠡᠭ ᠬᠤᠭᠤᠴᠠᠭ᠎ᠠ ᠪᠣᠯᠤᠨ᠎ᠠ᠂ ᠵᠠᠷᠢᠮ ᠳᠤ ᠪᠠᠨ ᠬᠥᠯᠥᠨ ᠪᠤᠶᠢᠷ ᠤᠨ ᠲᠠᠯ᠎ᠠ ᠨᠤᠲᠤᠭ ᠲᠤ ᠣᠴᠢᠵᠤ᠂ ᠵᠠᠷᠢᠮ ᠳᠤ ᠪᠠᠨ ᠪᠤᠭᠤᠲᠤ ᠶᠢᠨ ᠲᠡᠷᠡ ᠬᠦ ᠲᠠᠯ᠎ᠠ ᠨᠤᠲᠤᠭ ᠪᠠᠶᠢᠬᠤ ᠬᠤᠲᠠ ᠳᠤ ᠣᠴᠢᠨ᠂ ᠵᠠᠷᠢᠮ  ᠳᠤ ᠪᠠᠨ ᠪᠠᠰᠠ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠳᠤ ᠪᠤᠴᠠᠬᠤ ᠪᠣᠯᠤᠨ᠎ᠠ᠃ ᠡᠨᠡ ᠨᠢ ᠪᠠᠷᠤᠭ ᠲᠡᠭᠦᠨ ᠤ ᠤᠭ ᠦᠭᠡ᠂ ᠵᠥᠪᠬᠡᠨ ᠲᠠᠯ᠎ᠠ ᠨᠤᠲᠤᠭ ᠲᠡᠭᠦᠨ ᠳᠤ ᠠᠮᠢ ᠨᠠᠰᠤᠨ ᠤ ᠤᠳᠬ᠎ᠠ ᠠᠭᠤᠯᠭ᠎ᠠ ᠶᠢ ᠮᠡᠳᠡᠷᠡᠭᠦᠯᠦᠨ᠎ᠡ᠃ ᠲᠠᠯ᠎ᠠ ᠨᠤᠲᠤᠭ ᠲᠤ ᠬᠠᠷᠢᠵᠤ ᠢᠷᠡᠨ᠂  ᠲᠠᠯ᠎ᠠ ᠨᠤᠲᠤᠭ ᠤᠨ ᠭᠦᠨ ᠳᠤ ᠮᠣᠷᠢ ᠪᠠᠷ ᠲᠣᠭᠤᠷᠢᠨ ᠴᠠᠭᠳᠠᠵᠤ ᠪᠠᠶᠢᠭᠰᠠᠨ ᠳᠠᠶᠢᠴᠢᠨ ᠨᠠᠶᠢᠵᠠ ᠨᠠᠷ ᠂ ᠦᠷᠭᠦᠯᠵᠢ ᠴᠤᠭᠯᠠᠨ ᠬᠠᠮᠲᠤ ᠪᠠᠷ ᠠᠷᠢᠬᠢ ᠤᠤᠭᠤᠳᠠᠭ᠂ ᠬᠠᠮᠲᠤ ᠪᠠᠷ ᠵᠠᠯᠠᠭᠤ ᠢᠳᠡᠷ ᠦᠶ᠎ᠡ ᠳᠤ ᠪᠠᠨ ᠲᠠᠯ᠎ᠠ ᠨᠤᠲᠤᠭ ᠢᠶᠠᠷ ᠳᠠᠪᠬᠢᠵᠤ ᠪᠠᠶᠢᠭᠰᠠᠨ ᠢᠶᠠᠨ ᠡᠷᠭᠢᠴᠡᠭᠦᠯᠵᠦ᠂ ᠨᠠᠷᠠᠨ ᠤ ᠭᠡᠷᠡᠯ ᠲᠠᠯ᠎ᠠ ᠨᠣᠲᠤᠭ ᠲᠤ ᠬᠡᠮᠬᠡᠷᠡᠵᠦ ᠪᠠᠶᠢᠬᠤ ᠳᠤ᠂ ᠲᠡᠳᠡᠨᠦᠰ ᠮᠠᠯ ᠬᠠᠷᠢᠭᠤᠯᠵᠤ᠂ ᠴᠠᠰᠤ ᠲᠠᠯ᠎ᠠ ᠨᠤᠲᠤᠭ  ᠢ ᠣᠷᠢᠶᠠᠵᠤ ᠪᠠᠶᠢᠬᠤ ᠳᠤ᠂ ᠲᠡᠳᠡᠨᠦᠰ ᠵᠠᠷᠢᠮ ᠮᠠᠯᠴᠢᠳ ᠲᠠᠢ ᠨᠠᠶᠢᠵᠠ ᠨᠥᠬᠦᠳ ᠪᠣᠯᠵᠤ᠂ ᠲᠠᠯ᠎ᠠ ᠨᠤᠲᠤᠭ ᠲᠠᠢ ᠠᠮᠢ ᠨᠠᠰᠤᠨ ᠤ ᠲᠠᠯ᠎ᠠ ᠪᠠᠷ ᠬᠤᠯᠪᠤᠭ᠎ᠠ ᠲᠠᠢ ᠪᠣᠯᠤᠭᠰᠠᠨ ᠳᠤ᠂ ᠠᠮᠢ ᠨᠠᠰᠤ ᠰᠠᠶ᠋ᠢ ᠵᠢᠩᠬᠢᠨᠢ ᠤᠳᠬ᠎ᠠ ᠠᠭᠤᠯᠭ᠎ᠠ ᠲᠠᠢ ᠪᠣᠯᠵᠠᠶ᠃ ᠦᠩᠭᠡᠷᠡᠨ‌ᠣᠳᠣᠭᠰᠠᠨ ᠠᠮᠢᠳᠤᠷᠠᠯ ᠳᠤ ᠲᠦᠢᠯ ᠤᠨ ᠠᠷᠪᠢᠨ ᠣᠮᠣᠭᠰᠢᠯ ᠪᠠᠶᠢᠵᠤ᠂ ᠲᠡᠷᠡ ᠨᠢ ᠬᠥᠮᠥᠨ ᠪᠣᠯ ᠨᠢᠭᠡ ᠨᠠᠰᠤ ᠪᠠᠷ ᠢᠶᠠᠨ ᠤᠶᠢᠯᠭᠠᠵᠤ ᠡᠷᠭᠢᠴᠡᠭᠦᠯᠪᠡᠯ ᠲᠠᠭᠠᠷᠠᠨ᠎ᠠ᠃ ᠪᠢ ᠲᠡᠭᠦᠨ ᠤ ᠥᠩᠭᠡᠷᠡᠭᠰᠡᠨ ᠳᠤ ᠪᠠᠭ᠋ᠠᠷᠬᠠᠵᠤ ᠪᠠᠶᠢᠨ᠎ᠠ᠃ ᠲᠡᠷᠡ᠂ ᠬᠡᠷᠪᠡ ᠳᠠᠶᠢᠨ ᠤ ᠦᠶ᠎ᠡ ᠶᠢᠨ ᠦᠶ᠎ᠡ ᠳᠤ ᠪᠣᠯ ᠲᠡᠳᠡ ᠴᠠᠭ ᠢᠮᠠᠭᠲᠠ ᠠᠮᠢ ᠨᠠᠰᠤᠨ ᠤ ᠵᠣᠪᠠᠭᠤᠷᠢ ᠵᠦᠳᠡᠭᠦᠷᠢ ᠲᠠᠢ ᠪᠠᠶᠢᠳᠠᠭ᠂ ᠬᠡᠳᠦᠶᠢᠪᠡᠷ ᠡᠩᠬᠡ ᠲᠠᠶᠢᠪᠤᠩ ᠤᠨ ᠴᠠᠭ ᠦᠶ᠎ᠡ ᠳᠤ ᠴᠦ ᠭᠡᠰᠡᠨ ᠲᠡᠳᠡ ᠤᠯᠤᠰ ᠤᠨ ᠲᠥᠯᠥᠭᠡ ᠠᠮᠢ ᠪᠡᠶ᠎ᠡ ᠪᠠᠨ ᠵᠣᠷᠢᠭᠤᠯᠬᠤ ᠪᠠᠷ ᠴᠠᠭ ᠢᠮᠠᠭᠲᠠ ᠪᠡᠯᠡᠬᠡᠨ ᠪᠠᠶᠢᠵᠤ᠂ ᠣᠮᠤᠭ ᠪᠠᠭ᠋ᠠᠳᠤᠯᠲᠤ ᠰᠡᠳᠭᠢᠯᠭᠡ ᠪᠠᠨ ᠢᠯᠡᠳᠬᠡᠵᠦ ᠪᠠᠶᠢᠪᠠ᠃ ᠲᠡᠷᠡ ᠶᠠᠪᠤᠨ᠂ ᠲᠡᠳᠡᠨ ᠶᠠᠪᠤᠨ᠂ ᠲᠡᠷᠡ ᠬᠦᠭᠰᠢᠷᠡᠨ᠎ᠡ᠂ ᠲᠡᠳᠡᠨᠦᠰ ᠪᠦᠷ ᠬᠦᠭᠰᠢᠷᠡᠨ᠎ᠡ᠂ ᠪᠤᠰᠤᠳ ᠬᠥᠮᠥᠰ ᠨᠢ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠳᠤ ᠢᠷᠡᠭᠰᠡᠨ ᠪᠢᠯᠡ᠃ ᠲᠡᠷᠡ ᠬᠡᠳᠦ᠋ᠢᠪᠡᠷ ᠲᠠᠯ᠎ᠠ ᠨᠤᠲᠤᠭ ᠲᠤ ᠦᠷᠭᠦᠯᠵᠢ ᠪᠤᠴᠠᠵᠤ ᠢᠷᠡᠬᠦ ᠪᠣᠯᠪᠠᠴᠤ ᠳᠠᠢᠴᠢᠨ ᠨᠥᠬᠦᠳ ᠢᠶᠠᠨ ᠮᠠᠰᠢ ᠴᠥᠭᠡᠨ ᠴᠤᠭᠯᠠᠭᠤᠯᠵᠤ᠂ ᠲᠡᠳᠡᠨᠤᠰ ᠦᠲᠡᠯᠦᠭᠰᠡᠨ ᠤᠴᠢᠷ ᠠᠴᠠ ᠵᠠᠯᠠᠭᠤ ᠶᠢᠨ ᠦᠶ᠎ᠡ ᠰᠢᠭ ᠲᠣᠬᠢᠷᠠᠬᠤ ᠦᠭᠡᠢ ᠪᠣᠯᠣᠭᠰᠠᠨ ᠭᠡᠵᠦ ᠬᠡᠯᠡᠭᠡᠳ ᠠᠮᠠ ᠳᠦᠭᠦᠷᠡᠩ ᠠᠷᠢᠬᠢ ᠤᠤᠭᠤᠵᠤ ᠬᠦᠰᠡᠯᠡᠩ ᠬᠢᠭᠡᠳ ᠬᠦᠰᠡᠯ ᠡᠷᠡᠮᠡᠯᠵᠡᠯ ᠢᠶᠠᠨ ᠶᠡᠭᠡ ᠳᠠᠭᠤᠨ ᠢᠶᠠᠷ ᠢᠯᠡᠷᠬᠡᠶᠢᠯᠡᠪᠡ᠃ ᠲᠡᠷᠡ ᠪᠠᠰᠠ ᠪᠦᠭᠦᠳᠡ ᠶᠢᠨ ᠳᠤᠮᠳᠠ‌ᠨᠠᠰᠤ ᠪᠠᠷ ᠬᠠᠮᠤᠭ ᠪᠠᠭ᠎ᠠ ᠨᠢ ᠪᠤᠯᠤᠨ᠎ᠠ᠃ ᠪᠢ ᠲᠡᠭᠦᠨ ᠢ ᠬᠠᠷᠠᠬᠤ ᠳᠤ᠂ ᠲᠡᠷᠡ ᠥᠪᠡᠷ ᠤᠨ ᠳᠦᠷᠰᠦᠯᠡᠨ ᠲᠣᠭᠠᠴᠢᠭᠰᠠᠨ ᠰᠢᠭ ᠲᠡᠶᠢᠮᠦ ᠬᠥᠭᠰᠢᠷᠡᠭᠰᠡᠨ ᠪᠢᠰᠢ᠃ ᠪᠢᠳᠡᠨ ᠪᠣᠯᠣᠨ ᠲᠡᠭᠦᠨ ᠤ ᠠᠮᠢᠳᠤᠷᠠᠵᠤ ᠥᠩᠭᠡᠷᠡᠭᠰᠡᠨ ᠲᠡᠷᠡ ᠵᠡᠭᠡᠯᠢ ᠭᠤᠳᠤᠮᠵᠢ ᠨᠢ ᠲᠤᠩ ᠣᠶᠢᠷ᠎ᠠ ᠪᠠᠶᠢᠭᠰᠠᠨ ᠪᠣᠯᠪᠠᠴᠤ ᠣᠴᠢᠵᠤ ᠦᠵᠡᠵᠦ ᠳᠡᠶᠢᠯᠦᠭᠰᠡᠨ ᠦᠭᠡᠢ᠂ ᠦᠨᠡᠬᠡᠷ ᠬᠠᠷᠠᠮᠰᠠᠯᠲᠠᠢ᠃      ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠠᠴᠠ ᠰᠠᠯᠤᠭᠠᠳ ᠪᠤᠭᠤᠲᠤ ᠳᠤ ᠢᠷᠡᠪᠡ᠂ ᠪᠢᠳᠡ ᠪᠤᠭᠤᠲᠤ ᠶᠢᠨ ᠮᠦᠽᠧᠢ ᠳᠤ ᠢᠷᠡᠵᠦ᠂ ᠳᠣᠲᠣᠷ᠎ᠠ ᠨᠢ ᠬᠠᠳᠠᠨ ᠵᠢᠷᠤᠭ ᠢ ᠪᠠᠰᠠ ᠨᠢᠭᠡᠨ ᠤᠳᠠᠭ᠎ᠠ ᠣᠯᠵᠤ ᠦᠵᠡᠪᠡ᠃ ᠡᠨᠡ ᠤᠳᠠᠭᠠᠨ ᠤ ᠠᠶᠠᠯᠠᠯ ᠤᠨ ᠮᠥᠷ ᠶᠠᠭᠠᠷᠠᠤ᠂ ᠲᠠᠯ᠎ᠠ ᠨᠤᠲᠤᠭ ᠵᠥᠪᠬᠡᠨ ᠪᠢᠳᠡᠨ ᠳᠤ ᠲᠤᠩ ᠪᠠᠭ᠎ᠠ ᠨᠢᠭᠡ ᠬᠡᠰᠡᠭ ᠢᠶᠠᠨ ᠢᠯᠡᠷᠡᠭᠦᠯᠦᠨ ᠦᠭᠴᠦ᠂ ᠬᠠᠷᠢᠨ ᠲᠠᠰᠤᠷᠠᠯᠲᠠ ᠦᠭᠡᠢ ᠤᠶᠢᠯᠠᠭᠠᠨ ᠡᠷᠭᠢᠴᠡᠭᠦᠯᠬᠦ ᠪᠡᠨ᠎ᠡ ᠲᠠᠢ ᠶᠤᠮ᠃ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠠᠴᠠ ᠰᠠᠯᠤᠨ᠂ ᠪᠤᠭᠤᠲᠤ ᠬᠤᠲᠠ ᠠᠴᠠ ᠰᠠᠯᠵᠤ᠂ ᠲᠠᠯ᠎ᠠ ᠨᠤᠲᠤᠭ ᠤᠨ ᠲᠤᠬᠠᠢ ᠮᠠᠰᠢ ᠣᠯᠠᠨ ᠶᠠᠭᠤᠮ᠎ᠠ ᠶᠢ ᠮᠥᠨ ᠯᠡ ᠵᠦᠪᠬᠡᠨ ᠲᠦᠰᠦᠭᠡᠯᠡᠨ ᠪᠤᠳᠤᠬᠤ ᠳᠤ ᠲᠦᠰᠢᠭᠯᠡᠨ᠎ᠡ᠃
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号