ᠦᠬᠦᠭᠦᠯᠬᠦ ᠨᠣᠷᠮ᠎ᠠ ᠨᠢ 30 % ᠳᠤ ᠬᠦᠷᠴᠦ ᠪᠤᠢ︕ ᠮᠢᠩᠭ᠎ᠠ ᠭᠠᠷᠤᠶ ᠬᠥᠮᠦᠨ ᠬᠠᠯᠳᠠᠪᠤᠷᠢᠯᠠᠬᠳᠠᠪᠠ︕
ᠨᠡᠶᠢᠲᠡᠯᠡᠭᠰᠡᠨ ᠴᠠᠭ᠄
2024/6/24
      ᠶᠠᠫᠣᠨ ᠤ ᠤᠯᠤᠰ ᠤᠨ ᠬᠠᠯᠳᠠᠪᠤᠷᠢᠲᠤ ᠡᠪᠡᠳᠴᠢᠨ ᠤ ᠰᠤᠳᠤᠯᠭᠠᠨ ᠤ ᠭᠠᠵᠠᠷ ᠤᠨ 18 ᠤ ᠡᠳᠦᠷ ᠨᠡᠶᠢᠲᠡᠯᠡᠭᠰᠡᠨ ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ 6 ᠰᠠᠷ᠎ᠠ ᠶᠢᠨ 9 ᠤ ᠡᠳᠦᠷ ᠪᠣᠯᠲᠠᠯ᠎ᠠ᠂ ᠶᠠᠫᠣᠨ ᠤ ᠡᠨᠡ ᠵᠢᠯ ᠤᠨ ᠮᠡᠳᠡᠭᠦᠯᠦᠭᠰᠡᠨ ᠭᠢᠨᠵᠢᠯᠢᠭ ᠪᠥᠮᠪᠥᠭᠡᠨ ᠪᠠᠺᠲ᠋ᠧᠷᠢ ᠠᠴᠠ ᠪᠤᠯᠤᠬᠰᠠᠨ ᠬᠤᠤᠷᠳᠠᠯᠭ᠎ᠠ ᠶᠢᠨ ᠴᠢᠨᠠᠷᠳᠠᠢ ᠱᠣᠺ ᠤᠨ ᠨᠡᠶᠢᠯᠡᠭ ᠬᠡᠮ ︵ᠶᠡᠷᠦ ᠳᠡᠭᠡᠨ ︽ᠬᠥᠮᠦᠨ ᠢᠳᠡᠳᠡᠭ ᠪᠠᠺᠲ᠋ᠧᠷᠢᠳᠦ︾ ᠬᠠᠯᠳᠠᠪᠤᠷᠢᠲᠤ ᠡᠪᠡᠳᠴᠢᠨ ᠭᠡᠳᠡᠭ︶ ᠤᠯᠤᠬᠰᠠᠨ ᠡᠪᠡᠳᠴᠢᠲᠡᠨ ᠤ ᠲᠤᠭ᠎ᠠ ᠨᠡᠶᠢᠲᠡ ᠮᠢᠩᠭ᠎ᠠ ᠶᠢ ᠲᠠᠪᠠᠭᠠᠳ 1019 ᠳᠤ ᠬᠦᠷᠴᠦ᠂ ᠲᠡᠦᠬᠡ ᠶᠢᠨ ᠲᠡᠮᠳᠡᠭᠯᠡᠯ ᠢ ᠡᠬᠦᠳᠴᠡᠢ ᠬᠡᠪᠡ᠃      ᠶᠠᠫᠣᠨ ᠤ ᠤᠯᠤᠰ ᠤᠨ ᠬᠠᠯᠳᠠᠪᠤᠷᠢᠲᠤ ᠡᠪᠡᠳᠴᠢᠨ ᠤ ᠰᠤᠳᠤᠯᠭᠠᠨ ᠤ ᠭᠠᠵᠠᠷ ᠤᠨ ᠲᠠᠨᠢᠯᠴᠠᠭᠤᠯᠤᠭᠰᠠᠨ ᠢᠶᠠᠷ᠂ ᠭᠢᠨᠵᠢᠯᠢᠭ ᠪᠥᠮᠪᠥᠭᠡᠨ ᠪᠠᠺᠲ᠋ᠧᠷᠢ ᠠᠴᠠ ᠪᠤᠯᠤᠬᠰᠠᠨ ᠬᠤᠤᠷᠳᠠᠯᠭ᠎ᠠ ᠶᠢᠨ ᠴᠢᠨᠠᠷᠳᠠᠢ ᠱᠣᠺ ᠤᠨ ᠨᠡᠶᠢᠯᠡᠭ ᠬᠡᠮ ᠪᠣᠯ ᠨᠢᠭᠡ ᠵᠦᠢᠯ ᠤᠨ ᠭᠡᠨᠡᠳᠲᠡ ᠡᠭᠦᠰᠬᠦ᠂ ᠴᠢᠰᠤ ᠬᠠᠶᠢᠯᠬᠤ ᠴᠢᠨᠠᠷᠲᠠᠶ ᠭᠢᠨᠵᠢᠯᠢᠭ ᠪᠥᠮᠪᠥᠭᠡᠨ ᠪᠠᠺᠲ᠋ᠧᠷᠢ ᠠᠴᠠ ᠪᠤᠯᠵᠤ ᠡᠭᠦᠰᠬᠦ ᠴᠢᠰᠤ ᠦᠵᠢᠷᠡᠬᠦ ᠴᠢᠨᠠᠷᠲᠠᠶ ᠱᠣᠺ ᠪᠣᠯᠤᠨ᠎ᠠ᠃ ᠲᠤᠰ ᠡᠪᠡᠳᠴᠢᠨ ᠤ ᠦᠬᠦᠭᠦᠯᠬᠦ ᠨᠣᠷᠮ᠎ᠠ ᠨᠢ 30 % ᠶᠢ ᠳᠠᠪᠠᠵᠤ ᠪᠠᠶᠢᠳᠠᠭ ᠪᠦᠭᠡᠳ ᠲᠠᠷᠡᠴᠢᠯᠡᠨ ᠭᠠᠷ ᠬᠥᠯ ᠨᠢ ᠦᠬᠦᠵᠢᠬᠦ ᠡᠪᠡᠳᠴᠢᠨ ᠤ ᠰᠢᠨᠵᠢ ᠳᠠᠭᠠᠯᠳᠤᠵᠤ᠂ ᠡᠪᠡᠳᠴᠢᠲᠡᠨ ᠡᠪᠡᠳᠴᠢᠨ ᠤ ᠰᠢᠨᠵᠢ ᠢᠯᠡᠷᠡᠯ ᠲᠠᠢ ᠪᠤᠯᠤᠬᠰᠠᠨ ᠠᠴᠠ ᠠᠪᠤᠭᠠᠳ ᠮᠠᠨᠠᠷᠠᠬᠤ ᠪᠠ ᠣᠯᠠᠨ ᠴᠤᠯᠤ ᠰᠠᠪᠠ ᠨᠢ ᠳᠣᠷᠦ᠋ᠢᠳᠠᠬᠤ ᠪᠣᠯᠲᠠᠯ᠎ᠠ ᠵᠥᠪᠬᠡᠨ 24 ᠠᠴᠠ 48 ᠴᠠᠭ ᠬᠡᠷᠡᠭᠰᠡᠳᠡᠭ᠂ ᠡᠶᠢᠮᠦ ᠠᠴᠠ ᠡᠪᠡᠳᠴᠢᠯᠡᠭᠦᠯᠬᠦ ᠪᠠᠺᠲ᠋ᠧᠷᠢ ᠶᠢ ᠶᠠᠫᠣᠨ ᠳᠤ ︽ᠬᠥᠮᠦᠨ ᠢᠳᠡᠳᠡᠭ ᠪᠠᠺᠲ᠋ᠧᠷᠢ︾ ᠭᠡᠳᠡᠭ᠃      ᠦᠨᠡᠨ ᠳᠡᠭᠡᠨ ᠴᠢᠰᠤ ᠬᠠᠶᠢᠯᠤᠭᠤᠯᠬᠤ ᠭᠢᠨᠵᠢᠯᠢᠭ ᠪᠥᠮᠪᠥᠭᠡᠨ ᠪᠠᠺᠲ᠋ᠧᠷᠢ ᠪᠣᠯ ᠨᠢᠭᠡ ᠵᠦᠢᠯ ᠤᠨ ᠦᠷᠭᠦᠯᠵᠢ ᠬᠠᠷᠠᠭᠳᠠᠳᠠᠭ ᠪᠠᠺᠲ᠋ᠧᠷᠢ ᠮᠥᠨ᠂ ᠵᠢᠯ ᠪᠦᠷᠢ ᠶᠢᠨ ᠡᠪᠦᠯ ᠬᠠᠪᠤᠷ ᠤᠨ ᠤᠯᠠᠷᠢᠯ ᠳᠤ ᠬᠡᠦᠬᠡᠳ ᠤᠨ ᠳᠤᠮᠳᠠ ᠳᠡᠯᠭᠡᠷᠡᠭᠰᠡᠨ ᠭᠢᠨᠵᠢᠯᠢᠭ ᠪᠥᠮᠪᠥᠭᠡᠨ ᠪᠠᠺᠲ᠋ᠧᠷᠢᠲᠤ ᠵᠠᠯᠭᠢᠭᠤᠷ ᠤᠨ ᠦᠷᠪᠢᠰᠦᠯ ᠵᠢᠴᠢ ᠵᠤᠨ ᠨᠠᠮᠤᠷ ᠤᠨ ᠤᠯᠠᠷᠢᠯ ᠳᠤ ᠬᠡᠦᠬᠡᠳ ᠲᠤ ᠠᠮᠠᠷᠬᠠᠨ ᠬᠠᠯᠳᠠᠪᠤᠷᠢᠯᠠᠳᠠᠭ ᠬᠠᠯᠳᠠᠪᠤᠷᠢᠲᠤ ᠢᠳᠡᠭᠡᠲᠦ ᠴᠥᠪᠥᠷᠢᠭᠦᠦ ᠡᠪᠡᠳᠴᠢᠨ ᠪᠠ ᠤᠯᠠᠭᠠᠨ ᠡᠰᠡᠷᠭᠡᠨ᠎ᠡ ᠪᠣᠯ ᠴᠥᠮ ᠴᠢᠰᠤ ᠬᠠᠶᠢᠯᠤᠭᠤᠯᠬᠤ ᠭᠢᠨᠵᠢᠯᠢᠭ ᠪᠥᠮᠪᠥᠭᠡᠨ ᠪᠠᠺᠲ᠋ᠧᠷᠢ ᠠᠴᠠ ᠪᠤᠯᠵᠤ ᠡᠭᠦᠰᠦᠭᠰᠡᠨ ᠡᠪᠡᠳᠴᠢᠨ ᠶᠤᠮ᠃ ᠭᠢᠨᠵᠢᠯᠢᠭ ᠪᠥᠮᠪᠥᠭᠡᠨ ᠪᠠᠺᠲ᠋ᠧᠷᠢ ᠠᠴᠠ ᠪᠤᠯᠤᠬᠰᠠᠨ ᠬᠤᠤᠷᠳᠠᠯᠭ᠎ᠠ ᠶᠢᠨ ᠴᠢᠨᠠᠷᠳᠠᠢ ᠱᠣᠺ ᠤᠨ ᠨᠡᠶᠢᠯᠡᠭ ᠭᠡᠮ ᠪᠣᠯ ᠭᠢᠨᠵᠢᠯᠢᠭ ᠪᠥᠮᠪᠥᠭᠡᠨ ᠪᠠᠺᠲ᠋ᠧᠷᠢ ᠠᠴᠠ ᠪᠤᠯᠵᠤ ᠡᠭᠦᠰᠬᠦ ᠳᠠᠭᠠᠷᠢᠯᠲᠠ ᠶᠢᠨ ᠴᠢᠨᠠᠷᠲᠠᠶ ᠬᠠᠯᠳᠠᠪᠤᠷᠢᠯᠠᠯ ᠤᠨ ᠳᠣᠲᠣᠷᠠᠬᠢ ᠬᠠᠮᠤᠭ ᠤᠨ ᠬᠦᠨᠳᠦ ᠨᠣᠴᠢᠲᠠᠶ ᠲᠥᠷᠥᠯ ᠬᠡᠯᠪᠡᠷᠢ ᠪᠣᠯᠤᠨ᠎ᠠ᠃
 
ᠢᠷᠡᠯᠲᠡ᠄ ᠠᠷᠡᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号