ᠦᠨᠢᠶ᠎ᠡ ᠶᠢ ᠲᠤᠭᠤᠯᠯᠠᠭᠤᠯᠬᠤ ᠳᠤ ᠠᠩᠬᠠᠷᠬᠤ ᠵᠦᠢᠯ
ᠨᠡᠶᠢᠲᠡᠯᠡᠭᠰᠡᠨ ᠴᠠᠭ᠄
2024/6/21
      ᠵᠠᠷᠢᠮ ᠬᠦᠮᠦᠰ ᠦᠨᠢᠶ᠎ᠡ ᠶᠢᠨ ︽ᠬᠦᠴᠢᠷᠳᠡᠵᠤ ᠲᠦᠯᠯᠡᠬᠦ ᠶᠢ ᠬᠦᠩᠭᠡᠯᠡᠨ᠎ᠡ︾ ᠭᠡᠳ ᠶᠠᠭᠠᠷᠠᠵᠤ ᠰᠠᠨᠳᠤᠷᠤᠨ ᠲᠤᠭᠤᠯ ᠤᠨ ᠰᠢᠬᠢᠷ᠎ᠠ ᠨᠢ ᠳᠦᠩᠭᠡᠵᠤ ᠪᠤᠯᠳᠠᠶᠢᠮᠠᠭᠴᠠ ᠳᠠᠲᠠᠵᠤ ᠭᠠᠷᠭᠠᠭᠠᠳ ᠡᠬᠡ ᠲᠦᠯ ᠤᠨ ᠡᠷᠡᠬᠦᠯ ᠮᠡᠨᠳᠦ ᠳᠤ ᠵᠤᠪᠠᠯᠠᠩ ᠤᠴᠠᠷᠠᠭᠤᠯᠳᠠᠭ ᠪᠠᠶᠢᠨ᠎ᠠ᠃ ᠶᠡᠷᠦ ᠶᠢᠨ ᠪᠠᠶᠢᠳᠠᠯ ᠳᠤ ᠦᠨᠢᠶ᠎ᠡ ᠲᠤᠭᠤᠯᠯᠠᠬᠤ ᠢᠯᠡᠷᠡᠯ ᠭᠠᠷᠤᠭᠠᠳ ᠴᠠᠭ ᠭᠠᠷᠤᠢ ᠪᠤᠯᠤᠭᠰᠠᠨ ᠴᠦ ᠬᠠᠮᠢᠶ᠎ᠠ ᠦᠬᠡᠢ᠃ ᠲᠤᠭᠤᠯ ᠤᠨ ᠰᠢᠬᠢᠷ᠎ᠠ ᠨᠢ ᠭᠠᠷᠤᠭᠠᠳ ᠲᠤᠯᠤᠭᠠᠢ ᠨᠢ ᠭᠠᠷᠤᠭᠠᠳᠤᠢ ᠪᠤᠶᠤ ᠲᠤᠯᠤᠭᠠᠢ ᠨᠢ ᠭᠠᠷᠤᠭᠠᠳ ᠰᠢᠬᠢᠷ᠎ᠠ ᠨᠢ ᠭᠠᠷᠤᠭᠠᠳᠤᠢ ᠦᠶ᠎ᠡ ᠳᠤ ᠰᠤᠬᠤᠷ ᠪᠠᠯᠠᠢ ᠪᠠᠷ ᠳᠠᠲᠠᠵᠤ ᠭᠠᠷᠭᠠᠵᠤ ᠪᠤᠯᠬᠤ ᠦᠬᠡᠢ᠃ ᠡᠷᠭᠡᠪᠰᠢ ᠠᠭᠠᠷᠴᠠᠭ ᠤᠨ ᠶᠠᠰᠤ ᠨᠢ ᠰᠤᠯᠠᠷᠠᠵᠤ ᠨᠡᠭᠡᠭᠡᠭᠳᠡᠬᠦ ᠶᠢ ᠬᠦᠯᠢᠶᠡᠬᠦ ᠬᠡᠷᠡᠭᠲᠠᠢ᠂ ᠲᠡᠭᠡᠬᠦ ᠦᠬᠡᠢ ᠪᠤᠯ ᠲᠤᠭᠤᠯ ᠤᠨ ᠲᠤᠯᠤᠭᠠᠢ ᠨᠢ ᠬᠤᠶᠢᠰᠢ ᠡᠷᠬᠢᠬᠦ ᠪᠤᠶᠤ ᠡᠮᠦᠨ᠎ᠡ ᠮᠦᠴᠢ ᠨᠢ ᠠᠷᠤᠨᠰᠢ ᠨᠤᠭᠤᠷᠠᠪᠠᠯ ᠳᠠᠲᠠᠵᠤ ᠭᠠᠷᠭᠠᠬᠤ ᠳᠤ ᠨᠡᠩ ᠬᠦᠴᠢᠷᠳᠡᠬᠦ ᠮᠦᠷᠲᠡᠭᠡᠨ ᠵᠠᠷᠢᠮ ᠳᠠᠭᠠᠨ ᠳᠠᠲᠠᠵᠤ ᠭᠠᠷᠭᠠᠭᠰᠠᠨ ᠲᠤᠭᠤᠯ ᠬᠡᠪᠲᠡᠰᠢ ᠲᠠᠢ ᠪᠠᠨ ᠭᠠᠷᠤᠭᠠᠳ ᠦᠨᠢᠶᠡᠨ ᠤ ᠠᠮᠢ ᠨᠠᠰᠤᠨ ᠳᠤ ᠬᠤᠬᠢᠷᠠᠯ ᠤᠴᠠᠷᠠᠭᠤᠯᠬᠤ ᠪᠤᠯᠤᠨ᠎ᠠ᠃      ᠬᠡᠷᠪᠡ ᠴᠠᠭ ᠭᠠᠷᠤᠢ ᠪᠤᠯᠤᠭᠰᠠᠨ ᠪᠠᠶᠢᠲᠠᠯ᠎ᠠ ᠲᠤᠭᠤᠯᠯᠠᠬᠤ ᠦᠬᠡᠢ ᠪᠤᠯ ᠭᠠᠷᠴᠤ ᠢᠷᠡᠭᠰᠡᠨ ᠰᠢᠬᠢᠷ᠎ᠠ ᠶᠢ ᠨᠢ ᠨᠤᠮᠤᠨ ᠬᠡᠯᠪᠡᠷᠢ ᠲᠠᠢ ᠪᠠᠷ ᠲᠠᠲᠠᠵᠤ᠂ ᠦᠨᠢᠶᠡᠨ ᠤ ᠰᠡᠬᠦᠯ ᠤᠨ ᠤᠭ ᠠᠴᠠ ᠳᠡᠭᠡᠭᠰᠢ ᠨᠢᠭᠡ ᠲᠤᠬᠤᠢ ᠵᠠᠶᠢᠲᠠᠢ ᠭᠠᠵᠠᠷ ᠲᠤ ᠬᠦᠴᠦᠯᠡᠨ ᠲᠠᠲᠠᠨ᠎ᠠ᠃ ᠬᠡᠷᠪᠡ ᠲᠤᠯᠤᠭᠠᠢ ᠨᠢ ᠭᠠᠷᠤᠭᠠᠳ ᠰᠢᠬᠢᠷ᠎ᠠ ᠨᠢ ᠭᠠᠷᠤᠭᠠᠳᠤᠢ ᠪᠤᠯ ᠡᠷᠡᠬᠡᠢ᠂ ᠲᠤᠯᠤᠪᠤᠷ ᠪᠠ ᠳᠤᠮᠳᠠ ᠬᠤᠷᠤᠭᠤ ᠪᠠᠨ ᠦᠨᠢᠶᠡᠨ ᠤ ᠦᠮᠠᠢ ᠳᠤ ᠬᠢᠵᠤ ᠰᠢᠬᠢᠷ᠎ᠠ ᠶᠢ ᠨᠢ ᠲᠠᠲᠠᠵᠤ ᠭᠠᠷᠭᠠᠭᠰᠠᠨ ᠤ ᠳᠠᠷᠠᠭ᠎ᠠ ᠰᠡᠬᠦᠵᠢᠨ ᠭᠡᠰᠡᠭ ᠲᠤ ᠨᠢ ᠲᠠᠷᠤᠪᠠᠯ ᠬᠢᠯᠪᠠᠷᠬᠠᠨ ᠲᠤᠭᠤᠯᠯᠠᠳᠠᠭ᠃      ᠰᠠᠶ᠋ᠢ ᠭᠠᠷᠤᠭᠰᠠᠨ ᠲᠤᠭᠤᠯ ᠤᠨ ᠬᠦᠢᠰᠦ ᠶᠢ ᠳᠠᠰᠤᠯᠬᠤ ᠶᠢ ᠶᠠᠭᠠᠷᠠᠵᠤ ᠪᠤᠯᠬᠤ ᠦᠬᠡᠢ᠃ ᠶᠠᠮᠠᠷᠪᠠ ᠪᠠᠶᠢᠳᠠᠯ ᠲᠤᠤᠷ᠎ᠠ ᠴᠦ ᠭᠡᠳ ᠰᠠᠶ᠋ᠢ ᠭᠠᠷᠤᠭᠰᠠᠨ ᠲᠤᠭᠤᠯ ᠤᠨ ᠬᠦᠢᠰᠦ ᠶᠢ ᠳᠠᠰᠤᠯᠬᠤ ᠬᠡᠵᠤ ᠶᠠᠭᠠᠷᠠᠵᠤ ᠪᠤᠯᠬᠤ ᠦᠬᠡᠢ᠃ ᠡᠬᠡ ᠲᠦᠯ ᠰᠠᠯᠤᠭᠰᠠᠨ ᠤ ᠳᠠᠷᠠᠭ᠎ᠠ ᠦᠪᠡᠷᠳᠡᠭᠡᠨ ᠳᠠᠰᠤᠷᠠᠬᠤ ᠶᠢ ᠬᠦᠯᠢᠶᠡᠬᠦ ᠬᠡᠷᠡᠭᠲᠠᠢ᠃      ᠨᠡᠩ ᠢᠯᠠᠩᠭᠤᠶ᠎ᠠ ᠲᠠᠷᠭᠤ ᠬᠦᠴᠦ ᠪᠠᠷ ᠪᠠᠷᠤᠭᠲᠠᠢ ᠦᠨᠢᠶ᠎ᠡ ᠬᠡᠬᠡᠷ᠎ᠡ ᠭᠠᠳᠠᠨ᠎ᠠ ᠲᠤᠭᠤᠯᠯᠠᠬᠤ ᠳᠤ ᠪᠠᠨ ᠬᠦᠴᠢᠷᠲᠡᠵᠤ᠂ ᠲᠤᠭᠤᠯ ᠤᠨ ᠢᠶᠠᠨ ᠲᠤᠯᠤᠭᠠᠢ ᠶᠢ ᠤᠨᠵᠢᠭᠤᠯᠤᠭᠠᠳ ᠬᠤᠶᠠᠷ ᠴᠠᠭ ᠬᠢᠷᠢᠲᠠᠢ ᠪᠤᠯᠳᠠᠭ ᠴᠦ ᠪᠤᠢ᠃ ᠢᠩᠭᠢᠵᠤ ᠪᠦᠳᠡᠩᠰᠢᠭᠰᠡᠨ ᠲᠤᠭᠤᠯ ᠢ ᠳᠠᠲᠠᠵᠤ ᠭᠠᠷᠭᠠᠭᠰᠠᠭᠠᠷ ᠬᠦᠢᠰᠦ ᠶᠢ ᠨᠢ ᠳᠠᠰᠤᠯᠵᠤ ᠵᠢᠪᠡᠷ ᠦᠵᠡᠬᠦᠯᠪᠡᠯ ᠲᠤᠤᠷ᠎ᠠ ᠪᠠᠨ ᠦᠬᠦᠴᠢᠳᠡᠭ᠃ ᠡᠶᠢᠮᠦ ᠠᠴᠠ ᠲᠤᠭᠤᠯ ᠢ ᠲᠠᠲᠠᠵᠤ ᠭᠠᠷᠭᠠᠭᠰᠠᠨ ᠤ ᠳᠠᠷᠠᠭ᠎ᠠ ᠬᠦᠢᠰᠦ ᠶᠢ ᠨᠢ ᠳᠠᠰᠤᠯᠬᠤ ᠠᠴᠠ ᠬᠢᠴᠢᠶᠡᠵᠤ᠂ ᠲᠤᠭᠤᠯ ᠤᠨ ᠠᠮᠢᠰᠬᠤᠯ ᠢ ᠪᠦᠭᠯᠡᠬᠦ ᠦᠬᠡᠢ ᠪᠠᠷ 10 — 20 ᠰᠧᠺᠦ᠋ᠨ᠋ᠳ᠋ ᠠᠮᠠ ᠶᠢ ᠨᠢ ᠪᠠᠷᠢᠭᠠᠳ ᠵᠢᠪᠡᠷ ᠤᠷᠤᠭᠤ ᠬᠠᠨᠳᠤᠭᠤᠯᠤᠨ ᠬᠡᠪᠲᠡᠭᠦᠯᠦᠨ᠎ᠡ᠃ ᠵᠢᠭᠠᠬᠠᠨᠤᠳᠠᠭᠠᠳ ᠡᠬᠡ ᠪᠠᠷ ᠨᠢ ᠳᠤᠯᠢᠶᠠᠯᠭᠠᠭᠰᠠᠨ ᠲᠤᠭᠤᠯ ᠰᠡᠷᠬᠦᠵᠤ ᠪᠤᠰᠬᠤ ᠬᠡᠵᠤ ᠤᠷᠤᠯᠳᠤᠵᠤ ᠡᠬᠢᠯᠡᠪᠡᠯ ᠰᠠᠶ᠋ᠢ ᠡᠬᠡ ᠶᠢ ᠨᠢ ᠪᠤᠰᠬᠠᠬᠤ ᠪᠤᠶᠤ ᠲᠤᠭᠤᠯ ᠢ ᠨᠢ ᠵᠠᠶᠢᠯᠠᠭᠤᠯᠵᠤ ᠬᠦᠢᠰᠦ ᠶᠢ ᠨᠢ ᠳᠠᠰᠤᠯᠤᠨ᠎ᠠ᠃ 
 
ᠢᠷᠡᠯᠲᠡ᠄ ᠦᠤᠰᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号