ᠬᠤᠷᠤᠬᠠᠢ ᠲᠠᠭᠤᠬᠤ ᠰᠠᠶᠢᠨ ᠡᠪᠡᠰᠦᠨ ᠡᠮ
ᠨᠡᠶᠢᠲᠡᠯᠡᠭᠰᠡᠨ ᠴᠠᠭ᠄
2024/6/21
      1. ᠨᠠᠪᠴᠢᠨ ᠲᠠᠮᠠᠬᠢ᠃ ᠨᠠᠪᠴᠢᠨ ᠲᠠᠮᠠᠬᠢ ᠨᠢ ᠲᠠᠬᠢᠶᠠᠨ ᠤ ᠬᠦᠵᠢ ᠬᠤᠷᠣᠬᠠᠢ ᠶᠢ ᠲᠠᠭᠤᠬᠤ ᠪᠠ ᠭᠡᠷ ᠤᠨ ᠲᠡᠵᠢᠭᠡᠪᠦᠷᠢ ᠶᠢᠨ ᠪᠦᠭᠡᠰᠦ ᠶᠢ ᠠᠯᠠᠬᠤ ᠴᠢᠳᠠᠪᠤᠷᠢ ᠲᠠᠢ᠃ ᠲᠠᠬᠢᠶᠠᠨ ᠤ ᠬᠦᠵᠢ ᠬᠤᠷᠣᠬᠠᠢ ᠶᠢ ᠲᠠᠭᠤᠬᠤ ᠳᠤ᠂ ᠨᠠᠪᠴᠢᠨ ᠲᠠᠮᠠᠬᠢ ᠪᠠᠨ ᠨᠠᠷᠢᠨ ᠲᠠᠯᠬᠠᠳᠠᠭᠠᠳ ᠪᠣᠷᠳᠣᠭᠠᠨ ᠳᠤᠨᠢ 2% ᠢᠶᠠᠷ ᠬᠤᠯᠢᠵᠤ᠂ ᠡᠳᠦᠷ ᠲᠤ ᠬᠤᠶᠠᠷ ᠤᠳᠠᠭ᠎ᠠ᠂ 4 — 5 ᠡᠳᠦᠷ ᠳᠠᠷᠠᠭᠠᠯᠠᠨ ᠲᠡᠵᠢᠭᠡᠨ᠎ᠡ᠃ ᠪᠥᠭᠡᠰᠦ ᠠᠯᠠᠬᠤ ᠳᠤ᠂ ᠣᠰᠣᠨ ᠳᠣᠲᠣᠷ᠎ᠠ 2 — 5% ᠪᠠᠷ ᠬᠢᠵᠦ ᠪᠤᠴᠠᠯᠭᠠᠭᠠᠳ ᠬᠥᠷᠦᠭᠰᠡᠨ ᠤ ᠬᠤᠶᠢᠨ᠎ᠠ ᠪᠡᠶ᠎ᠡ ᠳᠡᠭᠡᠷ᠎ᠡ ᠨᠢ ᠰᠦᠷᠴᠢᠭᠦ ᠪᠤᠶᠤ ᠱᠤᠸᠠᠵᠠᠳᠠᠨ᠎ᠠ᠃      2. ᠪᠢᠩᠯᠠᠩ᠃ ᠲᠠᠬᠢᠶ᠎ᠠ᠂ ᠨᠤᠭᠤᠰᠤ ᠪᠠ ᠭᠠᠯᠠᠭᠤ ᠶᠢᠨ ᠬᠠᠪᠲᠠᠭᠠᠢ ᠴᠠᠭᠠᠨ ᠬᠤᠷᠣᠬᠠᠢ ᠶᠢ ᠲᠠᠭᠤᠬᠤ ᠳᠤ ᠰᠠᠶᠢᠨ᠃ ᠪᠦᠳᠦᠭᠦᠨ ᠲᠠᠬᠢᠶ᠎ᠠ ᠶᠢ ᠡᠮᠨᠡᠬᠦ ᠳᠡᠭᠡᠨ᠂ ᠪᠡᠶ᠎ᠡ ᠶᠢᠨ ᠬᠦᠨᠳᠦ ᠶᠢᠨ ᠺᠢᠯᠣᠭ᠍ᠷᠠᠮ ᠪᠦᠷᠢ ᠳᠤ ᠨᠢᠭᠡ ᠭᠷᠡᠮ ᠪᠤᠴᠠᠯᠭᠠᠵᠤ ᠣᠩᠭᠤᠯᠠᠢ ᠳᠤᠨᠢ ᠴᠢᠳᠬᠤᠨ᠎ᠠ᠃ ᠨᠤᠭᠤᠰᠤ ᠪᠠ ᠭᠠᠯᠠᠭᠤ ᠪᠣᠯ ᠪᠢᠩᠯᠠᠩ ᠳᠤ ᠨᠡᠯᠢᠶᠡᠳ ᠰᠡᠷᠭᠡᠭ ᠪᠣᠯᠬᠤᠷ ᠪᠡᠶ᠎ᠡ ᠶᠢᠨ ᠬᠦᠨᠳᠦ ᠶᠢᠨ ᠺᠢᠯᠣᠭ᠍ᠷᠠᠮ ᠪᠦᠷᠢ ᠳᠤᠨᠢ 0.75 ᠭᠷᠡᠮ ᠢᠶᠠᠷ ᠠᠭᠰᠢᠷᠠᠲᠠᠯ᠎ᠠ ᠪᠤᠴᠠᠯᠭᠠᠭᠠᠳ ᠤᠤᠭᠤᠯᠭᠠᠨ᠎ᠠ᠃ ᠳᠣᠯᠤᠭᠠᠨ ᠬᠤᠨᠤᠭ ᠤᠨ ᠳᠠᠷᠠᠭ᠎ᠠ ᠲᠠᠬᠢᠨ ᠨᠢᠭᠡ ᠤᠳᠠᠭ᠎ᠠ ᠤᠤᠭᠤᠯᠭᠠᠪᠠᠯ ᠪᠦᠷᠢᠮᠦᠰᠦᠨ ᠡᠮᠨᠡᠵᠦ ᠳᠡᠶᠢᠯᠦᠨ᠎ᠡ᠃       3. ᠯᠠᠩᠭᠤᠸᠠ ᠶᠢᠨ ᠦᠷ᠎ᠡ᠃ ᠡᠭᠦᠨ ᠢ ᠨᠠᠷᠢᠨ ᠲᠠᠯᠬᠠᠳᠠᠭᠠᠳ ᠪᠣᠷᠳᠣᠭᠠᠨ ᠳᠣᠲᠣᠷ᠎ᠠ ᠨᠢ ᠬᠤᠯᠢᠵᠤ ᠭᠠᠯᠠᠭᠤᠨ ᠳᠤ ᠢᠳᠡᠭᠦᠯᠪᠡᠯ ᠬᠠᠪᠲᠠᠭᠠᠢ ᠴᠠᠭᠠᠨ ᠬᠤᠷᠣᠬᠠᠢ ᠶᠢ ᠲᠠᠭᠤᠳᠠᠭ᠃ ᠭᠡᠬᠦ ᠳᠡᠭᠡᠨ ᠪᠦᠳᠦᠭᠦᠨ ᠭᠠᠯᠠᠭᠤᠨ ᠳᠤ 50 ᠭᠷᠡᠮ ᠯᠠᠩᠭᠤᠸᠠ ᠶᠢᠨ ᠦᠷ᠎ᠡ ᠶᠢ ᠪᠣᠷᠳᠣᠭᠠᠨ ᠳᠤᠨᠢ ᠬᠤᠯᠢᠵᠤ ᠢᠳᠡᠭᠦᠯᠦᠨ᠎ᠡ᠃       4. ᠹᠦᠯᠮᠢ᠃ ᠹᠥᠯᠮᠢ ᠶᠢᠨ ᠳᠣᠲᠣᠷ᠎ᠠ ᠤᠭᠤᠷᠠᠭ ᠤᠨ ᠢᠰᠬᠡᠭᠦᠷ ᠠᠭᠤᠯᠤᠭᠳᠠᠵᠤ ᠪᠠᠶᠢᠬᠤ ᠪᠣᠯᠬᠤᠷ ᠵᠢᠭᠦᠷᠲᠡᠨ ᠤ ᠬᠠᠪᠲᠠᠭᠠᠢ ᠴᠠᠭᠠᠨ ᠬᠤᠷᠣᠬᠠᠢ ᠶᠢ ᠲᠠᠭᠤᠬᠤ ᠦᠢᠯᠡᠳᠦᠯ ᠲᠠᠢ᠃ ᠪᠦᠳᠦᠭᠦᠨ ᠵᠢᠭᠦᠷᠲᠡᠨ ᠳᠤ 2 — 4 ᠭᠷᠡᠮ ᠹᠥᠯᠮᠢ ᠶᠢ ᠨᠠᠷᠢᠨ ᠲᠠᠯᠬᠠᠳᠠᠭᠠᠳ ᠬᠥᠷᠥᠭᠡᠭᠰᠡᠨ ᠪᠤᠴᠠᠯᠤᠭᠰᠠᠨ ᠤᠰᠤ ᠪᠠᠷ ᠨᠠᠶᠢᠷᠠᠭᠤᠯᠤᠨ ᠤᠤᠭᠤᠯᠭᠠᠨ᠎ᠠ᠃ ᠹᠦᠯᠮᠢ ᠨᠢ ᠬᠠᠯᠠᠭᠤᠨ ᠳᠤ ᠬᠢᠯᠪᠡᠷ ᠵᠠᠳᠠᠷᠠᠳᠠᠭ᠃
 
ᠢᠷᠡᠯᠲᠡ᠄ ᠦᠦᠰᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号