ᠬᠡᠷᠬᠢᠨ ᠬᠠᠷᠠᠭ᠎ᠠ ᠭᠦᠭᠰᠢᠷᠡᠬᠦ ᠶᠢ ᠤᠳᠠᠭᠠᠰᠢᠷᠠᠭᠤᠯᠬᠤ ᠪᠤᠢ︖ ᠮᠡᠷᠭᠡᠵᠢᠯᠲᠡᠨ ᠤ ᠰᠠᠨᠠᠭᠤᠯᠭ᠎ᠠ
ᠨᠡᠶᠢᠲᠡᠯᠡᠭᠰᠡᠨ ᠴᠠᠭ᠄
2024/6/21
      ᠪᠡᠭᠡᠵᠢᠩ ᠶᠡᠭᠡ ᠰᠤᠷᠭᠠᠭᠤᠯᠢ ᠶᠢᠨ ᠠᠷᠠᠳ ᠤᠨ ᠡᠮᠨᠡᠯᠭᠡ ᠶᠢᠨ ᠬᠤᠷᠢᠶᠠᠨ ᠤ ᠨᠢᠳᠦᠨ ᠤ ᠰᠠᠯᠠᠭᠠᠨ ᠤ ᠡᠷᠬᠢᠯᠡᠭᠴᠢ ᠡᠮᠴᠢ‌‍ᠸᠠᠩ ᠺᠠᠶ ᠰᠤᠷᠪᠤᠯᠵᠢᠯᠠᠭ᠎ᠠ ᠬᠦᠯᠢᠶᠡᠬᠦ ᠳᠡᠭᠡᠨ᠄ ︽ᠬᠠᠷᠠᠭ᠎ᠠ ᠬᠦᠭᠰᠢᠷᠡᠬᠦ ᠨᠢ ᠨᠢᠭᠡ ᠵᠦᠢᠯ ᠤᠨ ᠡᠪᠡᠳᠴᠢᠨ ᠪᠢᠰᠢ᠂ ᠬᠠᠷᠢᠨ  ᠨᠢᠭᠡ‌ᠵᠦ᠋ᠢᠯ ᠤᠨ ᠹᠢᠽᠢᠣᠯᠣᠭᠢ ᠶᠢᠨ ᠦᠵᠡᠭᠳᠡᠯ ᠪᠤᠯᠤᠨ᠎ᠠ᠂  ᠶᠡᠷᠦ ᠳᠡᠭᠡᠨ  40  ᠠᠴᠠ  45  ᠨᠠᠰᠤᠨ ᠤ  ᠣᠷᠴᠢᠮ ᠢᠶᠠᠷ  ᠡᠬᠢᠯᠡᠨ‌‍ᠬᠦ᠋ᠭᠰᠢᠷᠡᠳᠡᠭ ᠭᠡᠵᠦ ᠬᠡᠯᠡᠪᠡ᠃ ᠸᠠᠩ  ᠺᠠᠶ᠄  ᠬᠠᠷᠠᠭ᠎ᠠ  ᠬᠦᠭᠰᠢᠷᠡᠬᠦ  ᠶᠢᠨ  ᠬᠡᠮᠵᠢᠶ᠎ᠡ  ᠨᠢ  ᠨᠠᠰᠤ  ᠨᠡᠮᠡᠭᠳᠡᠬᠦ ᠶᠢ  ᠳᠠᠭᠠᠯᠳᠤᠨ‌ᠨᠡᠮᠡᠭᠳᠡᠳᠡᠭ᠂ ᠡᠶᠢᠮᠦ ᠠᠴᠠ  ᠵᠠᠪᠠᠯ  ᠬᠦᠭᠰᠢᠷᠡᠯᠳᠡ  ᠶᠢᠨ  ᠰᠢᠯ  ᠵᠡᠭᠦᠵᠦ  ᠬᠠᠷᠠᠭ᠎ᠠ ᠪᠠᠨ  ᠵᠠᠰᠠᠵᠤ᠂  ᠨᠢᠳᠦᠨ ᠤ  ᠳᠠᠷᠤᠭᠠᠰᠤ‌‍ᠬᠦ᠋ᠨᠳᠦᠷᠡᠬᠦ᠂ ᠲᠣᠯᠣᠭᠠᠶ ᠡᠪᠡᠳᠬᠦ᠂ ᠬᠥᠮᠥᠰᠬᠡ ᠪᠠᠨ ᠵᠠᠩᠭᠢᠳᠬᠤ᠂ ᠬᠠᠷᠠᠭ᠎ᠠ ᠪᠠᠯᠠᠷᠠᠬᠤ ᠵᠡᠷᠭᠡ ᠬᠠᠷᠠᠭᠠᠨ ᠤ ᠶᠠᠳᠠᠷᠠᠯ ᠤᠨ  ᠢᠯᠡᠷᠡᠯ‌ᠭᠠᠷᠬᠤ ᠠᠴᠠ ᠵᠠᠶᠢᠯᠠᠰᠬᠢᠬᠦ ᠭᠡᠷᠡᠭᠳᠡᠢ ᠭᠡᠵᠦ ᠰᠠᠨᠠᠭᠤᠯᠪᠠ᠃             ᠬᠡᠷᠬᠢᠨ ᠬᠠᠷᠠᠭ᠎ᠠ ᠭᠦᠭᠰᠢᠷᠡᠬᠦ ᠶᠢ ᠤᠳᠠᠭᠠᠰᠢᠷᠠᠭᠤᠯᠬᠤ ᠪᠤᠢ︖ ᠡᠭᠦᠨ ᠤ ᠲᠤᠬᠠᠢ  ᠸᠠᠩ  ᠺᠠᠶ  ᠰᠠᠨᠠᠭᠤᠯᠬᠤ ᠳᠠᠭᠠᠨ᠂ᠨᠢᠳᠦ ᠶᠠᠳᠠᠷᠠᠬᠤ ᠠᠴᠠ ᠵᠠᠶᠢᠯᠠᠰᠬᠢᠵᠦ᠂ ᠺᠣᠮᠫᠢᠦ᠋ᠲ᠋ᠧᠷ ᠪᠤᠶᠤ ᠭᠠᠷ ᠤᠲᠠᠰᠤ ᠪᠠᠨ 1 ᠴᠠᠭ  ᠦᠵᠡᠬᠦ  ᠪᠦᠷᠢ  ᠨᠢᠳᠦ ᠪᠠᠨ  10ᠮᠢᠨᠦ᠋ᠲ ᠠᠮᠠᠷᠠᠭᠤᠯᠵᠤ᠂ ᠠᠯᠤᠰ ᠢ ᠪᠠᠷᠠᠯᠠᠬᠤ ᠬᠡᠷᠡᠭᠲᠡᠶ︔ ᠨᠢᠳᠦ ᠬᠡᠷᠡᠭᠯᠡᠬᠦ ᠣᠷᠴᠢᠨ ᠲᠣᠭᠤᠷᠢᠨ ᠢ ᠰᠠᠶᠢᠵᠢᠷᠠᠭᠤᠯᠵᠤ᠂  ᠶᠠᠭᠤᠮ᠎ᠠ‌ᠬᠠᠷᠠᠬᠤ ᠦᠶ᠎ᠡ ᠶᠢᠨ ᠭᠡᠷᠡᠯᠲᠦᠭᠦᠯᠭᠡ ᠶᠢᠨ ᠬᠡᠮᠵᠢᠶ᠎ᠡ ᠶᠢ ᠵᠣᠬᠢᠰᠲᠠᠶ ᠪᠠᠶᠢᠯᠭᠠᠵᠦ᠂ ᠥᠰᠥᠭ ᠨᠢ ᠬᠡᠲᠦ ᠪᠠᠭ᠎ᠠ᠂ ᠪᠠᠯᠠᠷᠬᠠᠶ ᠬᠡᠪᠯᠡᠭᠰᠡᠨ‌ᠨᠣᠮ ᠢ ᠪᠢᠲᠡᠭᠡᠶ ᠤᠩᠰᠢ︔  ᠭᠦᠢᠴᠡᠳ  ᠤᠰᠤ  ᠤᠤᠭᠤᠵᠤ᠂  ᠢᠳᠡᠭᠡᠨ  ᠤᠮᠳᠠᠭᠠᠨ  ᠢᠶᠠᠨ  ᠲᠡᠩᠴᠡᠭᠦᠯᠵᠦ᠂  A᠂  Bᠲᠥᠷᠥᠯ ᠤᠨ ᠸᠢᠲ᠋ᠠᠮᠢᠨ ᠡᠯᠪᠡᠭ  ᠠᠭᠤᠯᠤᠭᠰᠠᠨ  ᠢᠳᠡᠭᠡᠨ᠂  ᠵᠢᠱᠢᠶᠡᠯᠡᠪᠡᠯ  ᠭᠠᠭ᠋ᠠᠢ ᠶᠢᠨ  ᠡᠯᠢᠭᠡ᠂  ᠪᠤᠷᠴᠠᠭ ᠤᠨ  ᠢᠳᠡᠭᠡᠨ᠂ᠥᠨᠳᠡᠭᠡᠨ ᠤ ᠵᠦᠢᠯ ᠵᠡᠷᠭᠡ ᠶᠢ ᠵᠤᠬᠢᠬᠤ ᠬᠡᠮᠵᠢᠶ᠎ᠠ ᠪᠠᠷ ᠢᠳᠡᠬᠦ ᠭᠡᠷᠡᠭᠳᠡᠢ︔ ᠡᠮᠴᠢ ᠶᠢᠨ ᠵᠠᠬᠢᠬᠰᠠᠨ ᠢ ᠵᠢᠷᠤᠮᠯᠠᠵᠤ  ᠨᠢᠳᠦᠨ  ᠡᠮ‌‍ᠭᠡᠷᠡᠭᠯᠡᠬᠦ ᠭᠡᠷᠡᠭᠳᠡᠢ ᠬᠡᠪᠡ᠃ 
 
ᠢᠷᠡᠯᠲᠡ᠄ ᠠᠷᠡᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号