ᠡᠷ᠎ᠡ  ᠡᠮ᠎ᠠ  ᠬᠤᠶᠠᠭᠤᠯᠠ  ᠶᠢ  ᠥᠮᠡᠨ ᠡᠪᠡᠳᠴᠢᠨ ᠢᠶᠠᠷ ᠣᠨᠣᠰᠢᠯᠠᠨ ᠲᠤᠳᠤᠯᠠᠪᠠ︕ ᠡᠮᠴᠢ᠄  ᠪᠢᠲᠡᠭᠡᠢ ᠢᠩᠭᠢᠵᠦ ᠬᠢ︕ ᠭᠡᠵᠦ ᠰᠡᠭᠦᠷᠡᠰᠦ ᠠᠯᠳᠠᠵᠦ ᠬᠡᠯᠡᠯ᠎ᠡ
ᠨᠡᠶᠢᠲᠡᠯᠡᠭᠰᠡᠨ ᠴᠠᠭ᠄
2024/6/11
      ᠣᠶᠢᠷ᠎ᠠ ᠳᠤ᠂ ᠨᠢᠭᠡᠨ ᠡᠷ᠎ᠡ ᠡᠮ᠎ᠠ ᠬᠤᠶᠠᠭᠤᠯᠠ ᠬᠠᠩᠵᠧᠦ ᠶᠢᠨ ᠹᠦ᠋ ᠶᠠᠩ  ᠲᠣᠭᠤᠷᠢᠭ ᠤᠨ  ᠨᠢᠭᠡᠳᠦᠭᠡᠷ  ᠠᠷᠠᠳ ‍ᠤᠨ‌ᠡᠮᠨᠡᠯᠭᠡ ᠶᠢᠨ ᠬᠤᠷᠢᠶ᠎ᠠ ᠳᠤ ᠬᠦᠷᠴᠦ ᠪᠠᠶᠢᠴᠠᠯᠭᠠᠬᠰᠠᠨ ᠳᠤ ᠬᠤᠶᠠᠭᠤᠯᠠ ᠶᠢ ᠬᠤᠲᠣᠷᠢᠩᠬᠠᠶ  ᠭᠡᠳᠡᠰᠦ  ᠰᠢᠯᠤᠭᠤᠨ  ᠭᠡᠳᠡᠰᠦᠨ ᠤ ᠡᠬᠢᠨ ᠤ ᠬᠤᠭᠤᠴᠠᠭᠠᠨ ᠤ ᠥᠮᠡᠨ ᠳᠤ ᠨᠡᠷᠪᠡᠭᠳᠡᠵᠡᠢ ᠭᠡᠵᠦ ᠪᠠᠶᠢᠴᠠᠭᠠᠨ ᠭᠠᠷᠭᠠᠪᠠ᠃         ᠡᠨᠡ ᠡᠷ᠎ᠡ ᠡᠮ᠎ᠠ ᠬᠤᠶᠠᠭᠤᠯᠠ ᠢᠶᠠᠷ ᠵᠢᠱᠢᠶ᠎ᠠ ᠪᠤᠯᠭᠠᠨ  ᠡᠮᠴᠢ  ᠬᠡᠯᠡᠬᠦ  ᠳᠡᠭᠡᠨ᠂  ᠲᠡᠳᠡ  ᠬᠤᠶᠠᠭᠤᠯᠠ   ᠪᠠᠨ  ᠪᠦᠷ‌‍ᠭᠡᠳᠡᠰᠦᠨ ᠤ ᠥᠮᠡᠨ ᠳᠤ ᠨᠡᠷᠪᠡᠭᠳᠡᠭᠰᠡᠨ ᠨᠢ ᠮᠠᠭᠤ ᠢᠳᠡᠭᠡᠨ ᠤᠮᠳᠠᠭᠠᠨ ᠢᠳᠡᠬᠦ ᠳᠠᠳᠬᠠᠯ ᠲᠠᠢ  ᠨᠢ  ᠮᠠᠰᠢ  ᠶᠡᠭᠡ  ᠬᠠᠷᠢᠴᠠᠭ᠎ᠠ ᠬᠤᠯᠪᠤᠭ᠎ᠠ ᠲᠠᠢ ᠬᠡᠪᠡ᠃          ︽ᠡᠨᠡ ᠡᠷ᠎ᠡ ᠡᠮ᠎ᠠ ᠬᠤᠶᠠᠭᠤᠯᠠ ᠶᠢᠨ ᠬᠡᠯᠡᠬᠦ ᠪᠠᠷ᠂  ᠬᠤᠶᠠᠭᠤᠯᠠ ᠪᠠᠨ  ᠢᠳᠡᠭᠡᠨ  ᠤᠮᠳᠠᠭᠠᠨ ᠤ  ᠲᠠᠯ᠎ᠠ ᠪᠠᠷ ᠳᠡᠮᠡᠢ ᠠᠩᠬᠠᠷᠳᠠᠭ ᠦᠭᠡᠢ᠃ ᠡᠩ ᠤᠨ ᠦᠶ᠎ᠠ ᠳᠤ ᠬᠤᠶᠠᠭᠤᠯᠠ ᠪᠠᠨ ᠨᠡᠯᠢᠶᠡᠳ ᠠᠷᠪᠢᠯᠠᠳᠠᠭ ᠪᠠᠶᠢᠵᠤ᠂ ᠨᠢᠭᠡ ᠡᠷᠡᠨ ᠤ ᠬᠤᠭᠤᠯᠠ ᠪᠠᠨ‌ᠢᠳᠡᠵᠦ ᠪᠠᠷᠠᠬᠤ ᠦᠭᠡᠢ ᠪᠤᠯ ᠦᠯᠡᠳᠡᠭᠰᠡᠨ ᠬᠤᠭᠤᠯᠠ ᠪᠠᠨ  ᠬᠥᠯᠳᠡᠭᠡᠭᠦᠷ ᠲᠤ  ᠬᠢᠵᠦ᠂  ᠡᠨᠡ  ᠬᠦ  ᠬᠤᠭᠤᠯᠠ ᠪᠠᠨ  ᠲᠠᠬᠢᠨ ᠢᠳᠡᠵᠦ᠂ ᠵᠠᠷᠢᠮ ᠳᠠᠭᠠᠨ ᠪᠠᠰᠠ ᠦᠯᠡᠳᠡᠭᠰᠡᠨ ᠬᠤᠭᠤᠯᠠ ᠪᠠᠨ ᠰᠢᠨ᠎ᠡ ᠰᠣᠷᠭᠤᠭ ᠨᠣᠭᠤᠭ᠎ᠠ ᠲᠠᠢ ᠬᠠᠮᠲᠤ  ᠬᠠᠭᠤᠷᠴᠤ  ᠢᠳᠡᠳᠡᠭ ᠪᠦᠭᠡᠳ ᠦᠷᠭᠦᠯᠵᠢ ᠨᠢᠭᠡ ᠨᠣᠭᠤᠭ᠎ᠠ ᠶᠢ ᠭᠤᠷᠪᠠᠨ ᠡᠳᠦᠷ ᠢᠳᠡᠳᠡᠭ︾ ᠭᠡᠵᠦ ᠡᠮᠴᠢ ᠬᠡᠯᠡᠪᠡ᠃         ᠳᠠᠪᠤᠰᠤᠯᠠᠭᠰᠠᠨ ᠨᠣᠭᠤᠭ᠎ᠠ  ᠪᠣᠯᠤᠨ ᠬᠤᠨᠤᠭ ᠥᠨᠵᠢᠭᠰᠡᠨ ᠨᠣᠭᠤᠭ᠎ᠠ ᠳᠠᠬᠢ  ᠳᠤᠲᠠᠭᠤ  ᠠᠽᠣᠲ ᠬᠦᠴᠢᠯ ᠤᠨ ᠳᠠᠪᠤᠰᠤᠨ ᠤ ᠠᠭᠤᠯᠤᠭᠳᠠᠴᠠ ᠨᠡᠯᠢᠶᠡᠳ ᠥᠨᠳᠥᠷ ᠪᠠᠶᠢᠳᠠᠭ᠂ ᠬᠡᠮᠵᠢᠶᠡᠨ ᠠᠴᠠ ᠬᠡᠲᠦᠷᠡᠭᠰᠡᠨ ᠳᠤᠲᠠᠭᠤ ᠠᠽᠣᠲ ᠬᠦᠴᠢᠯ ‍ᠤᠨ‌‍ᠲ᠋ᠠᠪᠤᠰᠤ ᠨᠢ ᠬᠥᠮᠦᠨ ᠤ ᠪᠡᠶ᠎ᠡ ᠳᠤ ᠤᠷᠤᠭᠰᠠᠨ ᠤ ᠬᠤᠶᠢᠨ᠎ᠠ᠂ ᠠᠮᠠᠨ ᠬᠥᠨᠳᠡᠶ᠂ ᠬᠤᠳᠣᠭᠤᠳᠣ ᠭᠡᠳᠡᠰᠦ ᠳᠣᠲᠣᠷ᠎ᠠ  ᠤᠭᠤᠷᠠᠭᠲᠤ ᠡᠳ᠋ ᠤᠨ ᠵᠠᠳᠠᠷᠠᠭᠰᠠᠨ ᠪᠦᠲᠦᠭᠡᠭᠳᠡᠬᠦᠨ ᠠᠮᠢᠨ ᠲᠠᠢ ᠨᠡᠶᠢᠯᠡᠭᠡᠳ ᠳᠤᠲᠠᠭᠤ ᠠᠽᠣᠲ ᠬᠦᠴᠢᠯ ᠤᠨ ᠠᠮᠢᠨ  ᠪᠤᠯᠳᠠᠭ᠂ ᠳᠤᠲᠠᠭᠤ ᠠᠽᠣᠲ ᠬᠦᠴᠢᠯ ᠤᠨ ᠠᠮᠢᠨ ᠪᠤᠯ Ⅰᠲᠠᠰ ᠤᠨ ᠥᠮᠡᠨ ᠡᠭᠦᠰᠭᠡᠬᠦ ᠪᠣᠳᠠᠰ ᠪᠤᠯᠬᠤ ᠶᠤᠮ᠂ ᠲᠡᠷᠡ ᠨᠢ ᠤᠯᠠᠭᠠᠨ ᠬᠤᠭᠤᠯᠠᠶ ᠵᠢᠨ‌ᠥᠮᠡᠨ᠂ ᠬᠤᠳᠣᠭᠤᠳᠣᠨ ᠥᠮᠡᠨ᠂ ᠭᠡᠳᠡᠰᠦᠨ ᠤ ᠥᠮᠡᠨ ᠵᠡᠷᠭᠡ ᠳᠡᠭᠡᠳᠦ ᠬᠡᠮᠵᠢᠶᠡᠨ ᠤ ᠠᠶᠤᠯ ᠲᠦᠭᠰᠢᠭᠦᠷᠢ ᠶᠢ ᠡᠭᠦᠰᠭᠡᠳᠡᠭ᠃ ᠡᠶᠢᠮᠦ ᠠᠴᠠ ᠠᠯᠢ ᠴᠢᠳᠠᠬᠤ ᠪᠠᠷ ᠬᠤᠨᠤᠭ ᠥᠨᠵᠢᠭᠰᠡᠨ ᠨᠣᠭᠤᠭ᠎ᠠ ᠶᠢ ᠪᠦᠦ ᠢᠳᠡ︕
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号