ᠥᠮᠡᠨ ᠡᠪᠡᠳᠴᠢᠨ ᠢ ᠢᠳᠡᠵᠦ ᠤᠤᠭᠤᠵᠤ ᠪᠠᠶᠢᠭᠠᠳ ᠤᠯᠤᠬᠰᠠᠨ ᠬᠡᠨ᠎ᠡ ᠤᠤ︖ ᠡᠳᠡᠭᠡᠷ ᠢᠳᠡᠭᠡᠨ ᠥᠮᠡᠨ ᠢ ᠰᠡᠷᠭᠡᠶᠢᠯᠡᠵᠦ ᠲᠠᠶᠢᠯᠤᠨ᠎ᠠ︕
ᠨᠡᠶᠢᠲᠡᠯᠡᠭᠰᠡᠨ ᠴᠠᠭ᠄
2024/6/11
      ᠥᠮᠡᠨ︕ ᠥᠮᠡᠨ ᠡᠭᠦᠰᠭᠡᠬᠦ ᠪᠣᠳᠠᠰ︕ ᠪᠢᠳᠡᠨ ᠤ ᠡᠳᠦᠷ ᠲᠤᠲᠤᠮ ᠤᠨ ᠢᠳᠡᠭᠡᠨ  ᠤᠮᠳᠠᠭᠠᠨ ᠳᠤ  ᠨᠢᠭᠤᠭᠳᠠᠵᠤ ᠪᠠᠶᠢᠨ᠎ᠠ ᠰᠢᠦ᠃              1. ᠢᠳᠡᠵᠦ ᠤᠤᠭᠤᠵᠤ ᠪᠠᠶᠢᠭᠠᠳ ᠤᠯᠤᠬᠰᠠᠨ ᠡᠯᠢᠭᠡᠨ ᠥᠮᠡᠨ             ᠬᠡᠷᠪᠡ  ᠸᠠᠯᠠᠭᠰᠠᠨ᠂ ᠴᠢᠨᠠᠷ ᠬᠤᠪᠢᠷᠠᠭᠰᠠᠨ ᠢᠳᠡᠭᠡᠨ ᠢ  ᠦᠷᠭᠦᠯᠵᠢ  ᠢᠳᠡᠬᠦ  ᠪᠤᠶᠤ  ᠸᠠᠯᠠᠭᠰᠠᠨ  ᠬᠤᠭᠤᠯᠠᠨ ᠤ ᠬᠡᠷᠡᠭᠰᠡᠯ ᠢᠶᠠᠷ ᠬᠤᠭᠤᠯᠠ ᠢᠳᠡᠪᠡᠯ ᠥᠮᠡᠨ ᠡᠭᠦᠰᠭᠡᠬᠦ ᠪᠣᠳᠠᠰ  —  ᠰᠢᠷ᠎ᠠ  ᠬᠥᠷᠥᠩᠭᠡ ᠶᠢᠨ ᠬᠥᠭᠡᠴᠦ ᠶᠢᠨ ᠬᠤᠣᠷᠲᠤ ᠡᠳ᠋(黄曲霉毒素) ᠢ ᠢᠳᠡᠵᠦ ᠮᠡᠳᠡᠨ᠎ᠡ᠃             2. ᠡᠯᠢᠭᠡᠨ ᠤ ᠥᠮᠡᠨ ᠢ ᠰᠡᠷᠭᠡᠶᠢᠯᠡᠬᠦ ᠳᠤ᠂ ᠨᠣᠭᠤᠭᠠᠨ ᠥᠩᠭᠡᠲᠦ ᠢᠳᠡᠭᠡᠨ ᠢᠳᠡᠬᠦ ᠬᠡᠷᠡᠭᠳᠡᠢ              ᠨᠣᠭᠤᠭᠠᠨ ᠥᠩᠭᠡᠲᠦ ᠢᠳᠡᠭᠡᠨ ᠳᠤ  ᠨᠠᠪᠴᠢᠨ ᠤ  ᠨᠣᠭᠤᠭᠠᠨ  ᠡᠳ᠋ ᠤᠨ  ᠮᠣᠯᠧᠺᠦ᠋ᠯ  ᠠᠭᠤᠯᠤᠭᠳᠠᠵᠤ  ᠪᠠᠶᠢᠳᠠᠭ᠂ ᠲᠡᠳᠡᠭᠡᠷ ᠨᠢ ᠡᠯᠢᠭᠡᠨ ᠳᠤ ᠤᠷᠤᠭᠰᠠᠨ ᠤ ᠳᠠᠷᠠᠭ᠎ᠠ ᠰᠢᠷ᠎ᠠ ᠬᠦᠷᠦᠩᠭᠡ ᠶᠢᠨ ᠬᠥᠭᠡᠴᠦ ᠶᠢᠨ ᠬᠤᠣᠷᠲᠤ ᠡᠳ᠋  ᠢ ᠬᠠᠰᠢᠬᠤ ᠦᠢᠯᠡᠳᠦᠯ ᠦᠵᠡᠭᠦᠯᠵᠦ᠂  ᠰᠢᠷ᠎ᠠ  ᠬᠦᠷᠦᠩᠭᠡ ᠶᠢᠨ ᠬᠥᠭᠡᠴᠦ ᠶᠢᠨ ᠬᠤᠣᠷᠲᠤ ᠡᠳ᠋ ᠤᠨ ᠤᠳᠤᠮᠰᠢᠯ ᠤᠨ ᠪᠣᠳᠠᠰ ᠲᠤ  ᠬᠤᠬᠢᠷᠠᠯ‌ᠤᠴᠠᠷᠠᠭᠤᠯᠬᠤ ᠶᠢ ᠬᠤᠷᠢᠭᠯᠠᠳᠠᠭ᠂ ᠡᠶᠢᠮᠦ ᠠᠴᠠ ᠡᠯᠢᠭᠡᠨ ᠥᠮᠡᠨ ᠢ ᠤᠷᠢᠳᠴᠢᠯᠠᠨ  ᠰᠡᠷᠭᠡᠶᠢᠯᠡᠬᠦ  ᠦᠢᠯᠡᠳᠦᠯ  ᠦᠵᠡᠬᠦᠯᠳᠡᠭ ᠶᠤᠮ᠃             3. ᠨᠣᠭᠤᠭᠠᠨ  ᠥᠩᠭᠡᠲᠦ ᠢᠳᠡᠭᠡᠨ  ᠤ ᠲᠤᠳᠤᠷᠠᠬᠢ ᠠᠯᠢᠨ  ᠤ ᠬᠢᠨᠢ ᠨᠠᠪᠴᠢᠨ ᠤ  ᠨᠣᠭᠤᠭᠠᠨ  ᠡᠳ᠋  ᠤᠨ ᠠᠭᠤᠯᠤᠭᠳᠠᠴᠠ ᠥᠨᠳᠥᠷ ᠪᠠᠶᠢᠳᠠᠭ ᠪᠤᠶ︖ ᠥᠩᠭᠡ ᠨᠢ  ᠭᠦᠨ  ᠪᠣᠯ  ᠨᠠᠪᠴᠢᠨ ᠤ  ᠨᠣᠭᠤᠭᠠᠨ ᠡᠳ᠋ ᠤᠨ ᠠᠭᠤᠯᠤᠭᠳᠠᠴᠠ ᠥᠨᠳᠥᠷ ᠪᠠᠶᠢᠳᠠᠭ ᠬᠡᠵᠢ ᠦᠦ︖             ᠠᠷᠠᠢ ᠲᠡᠶᠢᠮᠦ ᠪᠢᠰᠢ ᠶᠤᠮ᠃ ᠵᠢᠮᠢᠰ ᠨᠣᠭᠤᠭ᠎ᠠ ᠶᠢᠨ ᠲᠥᠷᠥᠯ ᠪᠤᠶᠤ ᠭᠤᠸᠠ ᠶᠢᠨ ᠲᠥᠷᠥᠯ ᠤᠨ ᠢᠳᠡᠰᠢᠨ  ᠨᠣᠭᠤᠭ᠎ᠠ ᠶᠢ ᠵᠥᠪᠬᠡᠨ ᠥᠩᠭᠡᠨ ᠲᠠᠯ᠎ᠠ ᠠᠴᠠ ᠨᠢ ᠦᠵᠡᠬᠦ ᠳᠤ ᠮᠠᠰᠢ ᠨᠣᠭᠤᠭᠠᠨ  ᠪᠠᠶᠢᠳᠠᠭ  ᠪᠤᠯᠪᠠᠴᠤ  ᠲᠡᠳᠡᠭᠡᠷ ᠤᠨ  ᠳᠣᠲᠣᠭᠠᠳᠤ ᠶᠢᠨ ᠨᠠᠪᠴᠢᠨ ᠤ ᠨᠣᠭᠤᠭᠠᠨ ᠡᠳ᠋ ᠤᠨ ᠠᠭᠤᠯᠤᠭᠳᠠᠴᠠ ᠨᠢ ᠨᠡᠯᠢᠶᠡᠳ ᠪᠠᠭ᠎ᠠ ᠪᠠᠶᠢᠳᠠᠭ᠂ ᠵᠢᠱᠢᠶᠡᠯᠡᠪᠡᠯ ᠥᠷᠭᠡᠰᠦᠲᠦ ᠬᠡᠮᠬᠡ᠃             1. ᠢᠳᠡᠵᠦ ᠤᠤᠭᠤᠵᠤ ᠪᠠᠶᠢᠭᠠᠳ ᠤᠯᠤᠬᠰᠠᠨ ᠬᠤᠳᠣᠭᠤᠳᠣᠨ ᠥᠮᠡᠨ        ᠴᠥᠭᠡᠨ ᠪᠤᠰᠤ ᠬᠥᠮᠦᠰ ᠬᠤᠭᠤᠯᠠ ᠢᠳᠡᠬᠦ ᠳᠡᠭᠡᠨ ᠪᠦᠷ ᠳᠠᠪᠤᠰᠤᠯᠠᠭᠰᠠᠨ ᠢᠳᠡᠰᠢᠨ ᠨᠣᠭᠤᠭ᠎ᠠ᠂ ᠮᠢᠬᠠᠨ ᠤ ᠲᠥᠷᠥᠯ᠂ᠵᠢᠭᠠᠰᠤᠨ ᠤ ᠲᠥᠷᠥᠯ᠂ ᠵᠢᠱᠢᠶᠡᠯᠡᠪᠡᠯ ᠳᠠᠪᠤᠰᠤᠯᠠᠭᠰᠠᠨ ᠨᠣᠭᠤᠭ᠎ᠠ᠂ ᠳᠠᠪᠤᠰᠤᠯᠠᠭᠰᠠᠨ ᠮᠢᠬ᠎ᠠ᠂ ᠳᠠᠪᠤᠰᠤᠯᠠᠭᠰᠠᠨ ᠵᠢᠭᠠᠰᠤ ᠵᠡᠷᠭᠡ ᠵᠢ‌ᠢᠳᠡᠬᠦ ᠳᠤᠷᠠᠲᠠᠶ  ᠪᠠᠶᠢᠳᠠᠭ᠂  ᠭᠡᠪᠡᠴᠦ  ᠳᠠᠪᠤᠰᠤᠯᠠᠭᠰᠠᠨ  ᠢᠳᠡᠭᠡᠨ ᠳᠤ  ᠠᠭᠤᠯᠤᠭᠳᠠᠬᠤ  ᠳᠤᠲᠠᠭᠤ  ᠠᠽᠣᠲ  ᠬᠦᠴᠢᠯ ‍ᠤᠨ‌‍ᠲ᠋ᠠᠪᠤᠰᠤᠨ ᠤ ᠠᠭᠤᠯᠤᠭᠳᠠᠴᠠ ᠨᠢ ᠨᠡᠯᠢᠶᠡᠳ ᠥᠨᠳᠥᠷ ᠪᠠᠶᠢᠳᠠᠭ᠂ ᠡᠶᠢᠮᠦ ᠳᠤᠲᠠᠭᠤ ᠠᠽᠣᠲ ᠬᠦᠴᠢᠯ ᠤᠨ ᠳᠠᠪᠤᠰᠤ ᠨᠢ ᠬᠦᠮᠦᠨ ᠤ ᠪᠡᠶ᠎ᠡ ᠶᠢᠨ ᠳᠣᠲᠣᠷ᠎ᠠ ᠣᠷᠳᠣ ᠬᠤᠭᠤᠴᠠᠭ᠎ᠠ ᠪᠠᠷ ᠬᠤᠷᠠᠮᠳᠤᠪᠡᠯ ᠥᠮᠡᠨ ᠤᠯᠬᠤ ᠵᠡᠷᠡᠮᠳᠡᠭ ᠪᠣᠯᠭᠠᠬᠤ ᠪᠠ  ᠭᠧᠨ ᠢ  ᠭᠡᠨᠡᠳᠲᠡ ᠬᠤᠪᠢᠷᠠᠭᠤᠯᠬᠤ ᠵᠡᠷᠭᠡ ᠦᠢᠯᠡᠳᠦᠯ ᠦᠵᠡᠬᠦᠯᠵᠦ ᠬᠤᠳᠣᠭᠤᠳᠣᠨ ᠥᠮᠡᠨ ᠤᠯᠤᠭᠤᠯᠳᠠᠭ᠂ ᠡᠨᠡ  ᠨᠢ  ᠬᠤᠳᠣᠭᠤᠳᠣᠨ ᠥᠮᠡᠨ‌ᠤᠯᠤᠭᠤᠯᠳᠠᠭ ︽ᠲᠦᠷᠦᠭᠦᠦ ᠶᠠᠷᠭᠠᠴᠢᠨ︾ ᠤ ᠨᠢᠭᠡ ᠪᠣᠯᠤᠨ᠎ᠠ᠃             2. ᠬᠤᠳᠣᠭᠤᠳᠣᠨ ᠥᠮᠡᠨ ᠢ ᠰᠡᠷᠭᠡᠶᠢᠯᠡᠬᠦ  ᠳᠤ᠂  ᠰᠣᠩᠭᠢᠨ᠎ᠠ ᠶᠢᠨ  ᠲᠥᠷᠥᠯ ᠤᠨ  ᠢᠳᠡᠰᠢᠨ  ᠨᠣᠭᠤᠭ᠎ᠠ  ᠢᠳᠡᠬᠦ ᠭᠡᠷᠡᠭᠳᠡᠢ             ᠰᠣᠩᠭᠢᠨ᠎ᠠ ᠶᠢᠨ ᠲᠥᠷᠥᠯ ᠤᠨ ᠢᠳᠡᠰᠢᠨ ᠨᠣᠭᠤᠭ᠎ᠠ ᠶᠢ ᠦᠷᠭᠦᠯᠵᠢ  ᠢᠳᠡᠪᠡᠯ  ᠬᠤᠳᠣᠭᠤᠳᠣᠨ ᠥᠮᠡᠨ ᠤ ᠡᠭᠦᠰᠬᠦ ᠨᠣᠷᠮ᠎ᠠ ᠨᠢ  ᠲᠡᠳᠦᠶ  ᠳᠤᠤᠷ᠎ᠠ  ᠪᠤᠯᠭᠠᠳᠠᠭ᠃  ᠰᠤᠳᠤᠯᠭᠠᠨ ᠠᠴᠠ  ᠦᠵᠡᠪᠡᠯ᠂  ᠰᠣᠩᠭᠢᠨ᠎ᠠ ᠶᠢᠨ  ᠲᠥᠷᠥᠯ ᠤᠨ ᠢᠳᠡᠰᠢᠨ‌ᠨᠣᠭᠤᠭ᠎ᠠ ᠳᠤ ᠰᠢᠷ᠎ᠠ ᠺᠧᠲ᠋ᠣᠨ (黄酮)᠂  ᠣᠷᠭᠠᠨᠢᠭ ᠬᠦᠬᠦᠷᠲᠦ ᠨᠢᠭᠡᠳᠪᠦᠷᠢ(有机硫化物)ᠵᠡᠷᠭᠡ ᠶᠢ ᠪᠠᠭᠲᠠᠭᠠᠭᠰᠠᠨ ᠮᠠᠰᠢ ᠣᠯᠠᠨ ᠣᠷᠭᠠᠨᠢᠭ ᠪᠣᠳᠠᠰ ᠪᠠᠶᠢᠳᠠᠭ᠂ ᠡᠲᠡᠭᠡᠷ ᠣᠷᠭᠠᠨᠢᠭ ᠪᠣᠳᠠᠰ ᠤᠨ ᠲᠣᠰ ᠪᠡᠶ᠎ᠡ ᠨᠢ ᠥᠮᠡᠨ ᠢ ᠰᠢᠭᠤᠳ ᠬᠤᠷᠢᠭᠯᠠᠬᠤ ᠦᠢᠯᠡᠳᠦᠯ ᠲᠠᠢ ᠶᠤᠮ᠃             3. ᠰᠣᠩᠭᠢᠨ᠎ᠠ ᠶᠢᠨ ᠲᠥᠷᠥᠯ ᠤᠨ ᠢᠳᠡᠰᠢᠨ ᠨᠣᠭᠤᠭ᠎ᠠ ᠭᠡᠳᠡᠭ ᠨᠢ ᠶᠠᠮᠠᠷ ᠶᠠᠮᠠᠷ  ᠨᠣᠭᠤᠭ᠎ᠠ  ᠶᠢ ᠵᠢᠭᠠᠵᠤ ᠪᠠᠶᠢᠬᠤ ᠪᠤᠢ︖             ᠪᠥᠭᠡᠷᠡᠩᠬᠡᠶ  ᠰᠣᠩᠭᠢᠨ᠎ᠠ᠂  ᠰᠣᠩᠭᠢᠨ᠎ᠠ᠂  ᠠᠮᠳᠠᠳᠤ  ᠰᠣᠩᠭᠢᠨ᠎ᠠ᠂  ᠰᠠᠷᠢᠮᠰᠠᠭ᠂  ᠭᠤᠭᠤᠳ ᠵᠡᠷᠭᠡ  ᠨᠢ ᠪᠦᠷ ᠰᠣᠩᠭᠢᠨ᠎ᠠ ᠶᠢᠨ ᠲᠥᠷᠥᠯ ᠳᠤ ᠪᠠᠭᠲᠠᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号