ᠴᠠᠭᠠᠨ ᠰᠠᠷ᠎ᠡ ᠶᠢᠨ ᠠᠷᠪᠠᠨ ᠲᠠᠪᠤᠨ ᠤ ᠥᠯᠵᠡᠶᠢᠳᠤ ᠡᠳᠤᠷ ᠢᠶᠠᠨ ᠪᠠᠶᠠᠷᠯᠠᠨ ᠪᠡᠯᠭᠡᠯᠡᠨᠡᠮ
ᠨᠡᠶᠢᠲᠡᠯᠡᠭᠰᠡᠨ ᠴᠠᠭ᠄
2018-04-02
     3 ᠰᠠᠷ᠎ᠡ ᠶᠢᠨ 2 ᠤ ᠡᠳᠤᠷ ᠮᠠᠨ ᠤ ᠬᠤᠰᠢᠭᠤ 2018 ᠤᠨ ᠤ ᠴᠠᠭᠠᠨ ᠰᠠᠷ᠎ᠡ   ᠶᠢᠨ ᠠᠷᠪᠠᠨ ᠲᠠᠪᠤᠨ ᠤ ᠥᠯᠵᠡᠶᠢᠳᠤ ᠡᠳᠤᠷ ᠢᠶᠠᠨ ᠪᠠᠶᠠᠷᠯᠠᠨ ᠪᠡᠯᠭᠡᠯᠡᠬᠦ ᠥᠳᠡᠰᠢᠯᠡᠭᠡ ᠢᠶᠠᠨ ᠪᠠᠢ ᠯᠢᠩ ᠨᠠᠭᠠᠳᠤᠮ ᠰᠤᠶᠤᠯ ‍ᠤᠨ‌ᠠᠵᠤ ᠥᠢᠯᠡᠰ  ᠤᠨ ᠲᠤᠭᠤᠷᠢᠭ ᠲᠤ ᠥᠪᠡᠳᠡᠭᠰᠢ ᠰᠠᠶᠢᠬᠠᠨ ᠶᠠᠪᠤᠬᠳᠠᠭᠤᠯᠤᠬᠰᠠᠨ ᠪᠠᠶᠢᠨ᠎ᠡ᠃      ᠬᠤᠰᠢᠭᠤ ᠨᠠᠮ ᠤᠨ ᠬᠤᠷᠢᠶᠠᠨ ᠤ ᠱᠥᠵᠢ ᠰᠢᠤᠸᠠᠢ ᠰᠥᠩ᠂ ᠠᠷᠠᠳ ᠤᠨ ᠲᠥᠯᠤᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠭᠢᠯᠡᠭᠴᠢ ᠭᠥᠩ ᠬᠤᠸ᠋ᠨ ᠵᠢᠴᠢ ᠬᠤᠰᠢᠭᠤᠨ ᠤ ᠪᠤᠰᠤᠳ‌ᠤᠳᠤᠷᠢᠳᠤᠯᠭ᠎ᠠ ᠪᠤᠯᠤᠨ ᠪᠥᠬᠦ ᠬᠤᠰᠢᠭᠤᠨ ᠤ ᠠᠷᠠᠳ ᠲᠥᠮᠡᠨ ᠬᠠᠮᠳᠤᠪᠡᠷ ᠥᠳᠡᠰᠢᠯᠡᠭᠡ ᠪᠡᠨ‌‍ᠰᠤᠨᠢᠷᠬᠠᠬᠰᠠᠨ ᠪᠠᠶᠢᠨ᠎ᠡ᠃      ᠪᠠᠢ ᠯᠢᠩ ᠨᠠᠭᠠᠳᠤᠮ ᠰᠤᠶᠤᠯ ᠤᠨ ᠠᠵᠤ ᠥᠢᠯᠡᠰ ᠤᠨ ᠲᠤᠭᠤᠷᠢᠭ ᠲᠤ ᠵᠢᠷᠭᠤᠭᠠᠨ ᠮᠧᠲᠷ ᠥᠨᠳᠤᠷ ᠲᠦᠳᠡᠭ ᠭᠠᠯ ᠲᠦᠷᠡᠯᠵᠡᠨ‌ᠨᠤᠴᠤᠵᠤ᠂ ᠤᠯᠠᠯᠵᠠᠨ ᠪᠠᠳᠠᠷᠠᠬᠤ ᠭᠠᠯ ᠤᠨ ᠬᠡᠶᠢᠮᠤᠷᠢ ᠪᠠᠷ ᠢᠶᠠᠨ ᠪᠥᠭᠦ ᠬᠤᠰᠢᠭᠤᠨ ᠤ ᠡᠯ᠎ᠡ ᠥᠨᠳᠤᠰᠤᠳᠡᠨ ᠤ ᠠᠷᠠᠳ ᠲᠥᠮᠡᠨ ᠤ ᠡᠳᠤᠷ ᠠᠴᠠ ᠡᠳᠤᠷ ᠥᠬᠡᠳᠡᠯᠡᠨ ᠲᠠᠪᠰᠢᠵᠤ ᠭᠥᠭᠵᠢᠵᠤ ᠪᠠᠶᠢᠭ᠎ᠠ ᠶᠢ ᠪᠡᠯᠭᠡᠳᠡᠵᠡᠢ᠃      ᠤᠷᠤᠢ ᠶᠢᠨ ᠲᠤᠯᠤᠭᠠᠨ ᠴᠠᠭ ᠬᠠᠭᠠᠰ ᠲᠤ ᠬᠡᠩᠭᠡᠷᠭᠡ ᠴᠠᠩ ᠤᠨ ᠭᠥᠭᠵᠢᠶᠡᠨᠳᠤ ᠲᠠᠭᠤᠨ ᠢᠶᠠᠷ ᠪᠥᠭᠦ ᠬᠤᠰᠢᠭᠤᠨ ᠤ ᠡᠯ᠎ᠡ ᠠᠵᠤ ᠥᠢᠯᠡᠰ ᠤᠨ ᠨᠢᠬᠡᠴᠡ‌ᠡᠴᠠ ᠢᠷᠡᠭᠰᠡᠨ ᠶᠠᠩᠭᠠᠷ ᠪᠥᠵᠢᠭ ᠤᠨ ᠠᠩᠭᠢ ᠨᠤᠭᠤᠳ ᠨᠢ ᠬᠤᠶᠢᠨ᠎ᠡ ᠬᠤᠶᠢᠨ᠎ᠡ ᠠᠴᠠ ᠪᠠᠨ ᠲᠠᠯᠠᠪᠠᠢ ᠳᠤ ᠤᠷᠤᠵᠤ᠂ ᠥᠩᠭᠡᠳᠤ ᠬᠤᠪᠴᠠᠰᠤ ᠪᠠᠨ ᠡᠮᠤᠰᠤᠨ᠂ ᠤᠷᠠᠨ‌‍ᠰᠠᠶᠢᠬᠠᠨ ᠪᠥᠵᠢᠭ ᠢᠶᠠᠨ ᠡᠷᠭᠦᠵᠤ ᠪᠥᠭᠦ ᠬᠤᠰᠢᠭᠤᠨ ᠤ ᠠᠷᠠᠳ ᠲᠥᠮᠡᠨ ᠤ ᠤᠯᠠᠮᠵᠢᠯᠠᠯᠳᠤ ᠰᠠᠶᠢᠬᠠᠨ‌ᠠᠷᠢᠭᠤᠨ ᠵᠠᠩᠰᠢᠯ ᠢᠶᠠᠷ  ᠢᠶᠠᠨ ᠪᠥᠭᠦ ᠠᠷᠠᠳ ᠤᠨ ᠢᠶᠠᠨ ᠪᠥᠯᠭᠦᠮᠳᠡᠨ‌ᠨᠢᠬᠲᠠᠷᠠᠭᠰᠡᠨ᠂ ᠠᠮᠤᠷ ᠲᠤᠬᠳᠠᠭᠤᠨ‌ᠡᠶ᠎ᠡ ᠨᠠᠶᠢᠷᠠᠮᠳᠠᠬᠤ ᠣᠷᠴᠢᠨ ᠠᠬᠤᠢ  ᠶᠢ ᠬᠠᠷᠠᠭᠤᠯᠵᠤ᠂ ᠮᠥᠨᠴᠤ ᠪᠥᠭᠦ ᠬᠤᠰᠢᠭᠤᠨ ᠤ ᠠᠷᠠᠳ ᠲᠥᠮᠡᠨ ᠤ ᠰᠢᠨ᠎ᠡ ᠨᠢᠬᠡᠨ ᠵᠢᠯ ᠤᠨ ᠬᠠᠮᠤᠭ ᠰᠠᠶᠢᠨ ᠰᠠᠶᠢᠬᠠᠨ ᠭᠥᠰᠡᠯ ᠡᠷᠡᠮᠡᠯᠵᠡᠯ ᠢ ᠢᠯᠡᠳᠭᠡᠭᠰᠡᠨ ᠪᠠᠶᠢᠨ᠎ᠡ᠃      ᠨᠠᠢᠮᠠᠨ ᠴᠠᠭ ᠤᠨ ᠥᠶᠠᠰ ᠢᠶᠠᠷ ᠪᠠᠶᠠᠷ ᠴᠠᠩᠭᠡᠯᠳᠤ ᠠᠶᠠᠯᠭᠤ ᠲᠠᠭᠤᠨ ᠤ ᠲᠤᠮᠳᠠ ᠲᠦᠳᠡᠭ ᠭᠠᠯ ‍ᠤᠨ‌ᠥᠳᠡᠰᠢᠯᠡᠭᠡ ᠵᠢᠩᠭᠢᠨᠢ ᠪᠠᠷ ᠡᠭᠢᠯᠡᠵᠤ᠂ ᠵᠠᠭᠤ ᠭᠠᠷᠤᠢ ᠵᠥᠢᠯ ᠤᠨ ᠬᠤᠸᠡᠷ ᠫᠤᠤᠵᠢᠩ ᠤᠬᠳᠡᠷᠭᠤᠢ ᠲᠠᠶᠠᠭᠠᠷ ᠥᠩᠭᠡ ᠢᠯᠭᠠᠷᠠᠨ ᠲᠡᠯᠭᠡᠷᠡᠵᠤ᠂ ᠥᠵᠡᠭᠴᠢ ᠤᠯᠠᠨ ᠤ ᠰᠡᠳᠭᠢᠯ ᠢ ᠭᠥᠭᠵᠢᠭᠡᠵᠤ ᠬᠠᠷᠠᠭ᠎ᠠ ᠶᠢ ᠨᠢ ᠪᠠᠶᠠᠰᠬᠠᠨ᠂ ᠥᠯᠵᠡᠶᠢᠳᠤ ᠡᠳᠤᠷ ᠤᠨ ᠠᠭᠤᠷ ᠠᠮᠢᠰᠬᠤᠯ ᠢ ᠨᠠᠩ ᠬᠥᠷ ᠭᠥᠭᠵᠢᠶᠠᠨ ᠲᠠᠢ᠂ ᠨᠡᠩ ᠭᠤᠶᠢᠳᠡ ᠰᠠᠶᠢᠬᠠᠨ ᠪᠤᠯᠭᠠᠵᠤ᠂ ︽ᠠᠤᠭ᠎ᠠ ᠶᠡᠭᠡ ᠠᠮᠢᠵᠢᠷᠠᠯ ᠤᠨ ᠭᠥᠴᠤᠨ ᠲᠠᠢ ᠡᠷᠢᠯᠭᠢᠯᠡᠨ ᠲᠡᠮᠡᠴᠡᠭᠰᠡᠨ ᠰᠢᠨ᠎ᠡ ᠲᠠᠷᠬᠠᠨ ᠮᠤᠤᠮᠢᠩᠭᠠᠨ︾ ᠤ ᠲᠥᠷᠰᠤ ᠪᠠᠶᠢᠳᠡᠯ ᠢ ᠬᠥᠢᠴᠡᠳ ᠢᠯᠡᠷᠡᠭᠦᠯᠵᠤ ᠴᠢᠳᠠᠬᠰᠠᠨ ᠪᠠᠶᠢᠨ᠎ᠡ᠃       ᠲᠦᠳᠡᠭ ᠭᠠᠯ ᠤᠨ ᠥᠳᠡᠰᠢᠯᠡᠭᠡ ᠶᠢᠨ ᠬᠤᠸᠡᠷ ᠫᠤᠤᠵᠢᠩ ᠬᠤᠷᠢᠨ ᠮᠢᠨᠤᠲ ᠬᠢᠷᠢᠳᠡᠢ ᠥᠷᠭᠦᠯᠵᠢᠯᠡᠵᠤ᠂ ᠬᠥᠮᠤᠨ ᠠᠷᠠᠳ ᠤᠨ ᠢᠶᠠᠨ ᠰᠡᠳᠭᠢᠯ ᠢ ᠪᠠᠶᠠᠰᠬᠭᠰᠠᠭᠠᠷ ᠤᠴᠢᠷᠳᠡᠢ ᠰᠠᠶᠢᠬᠠᠨ ᠥᠨᠳᠡᠷᠯᠡᠭᠰᠡᠨ ᠪᠠᠶᠢᠨ᠎ᠡ᠃
 
ᠢᠷᠡᠯᠲᠡ᠄ ︽ᠭᠤᠪᠢ ᠶᠢᠨ ᠡᠮᠦᠨᠡᠲᠦ ᠶᠢᠨ ᠰᠤᠳᠤᠨ ᠰᠤᠷᠠᠭ︾ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号