ᠤᠮᠳᠠᠭᠠᠨ ᠢ ᠢᠩᠭᠢᠵᠦ ᠤᠤᠭᠤᠪᠡᠯ ᠬᠤᠤᠷ ᠪᠤᠯᠤᠨ᠎ᠡ ᠰᠢᠦ
ᠨᠡᠶᠢᠲᠡᠯᠡᠭᠰᠡᠨ ᠴᠠᠭ᠄
2019-12-16
     ᠤᠶᠢᠷ᠎ᠡ ᠳᠤ᠂ ᠰᠤᠷᠪᠤᠯᠵᠢᠯᠠᠬᠴᠢ ᠭᠤᠸᠠᠩᠳᠦ᠋ᠩ ᠤᠨ ᠡᠮ ᠡᠮᠨᠡᠯᠭᠡ ᠶᠢᠨ ᠶᠡᠭᠡ ᠰᠤᠷᠭᠠᠭᠤᠯᠢ ᠶᠢᠨ ᠱᠦᠨ ᠳ᠋ᠧ ᠡᠭᠡ ᠨᠢᠯᠬᠠᠰ ᠤᠨ ᠡᠮᠨᠡᠯᠭᠡ ᠶᠢᠨ ᠬᠤᠷᠢᠶ᠎ᠡ ᠠᠴᠠ ᠤᠶᠢᠯᠠᠭᠠᠭᠰᠡᠨ ᠢᠶᠠᠷ᠂ ᠲᠤᠰ ᠡᠮᠨᠡᠯᠭᠡ ᠶᠢᠨ ᠬᠤᠷᠢᠶ᠎ᠡ ᠶᠢᠨ ᠰᠡᠳᠬᠢᠴᠡ ᠰᠢᠮ᠎ᠡ ᠲᠡᠵᠢᠭᠡᠯ ᠤᠨ ᠰᠠᠯᠠᠭᠠᠨ ᠤ ᠬᠢᠨ ᠦᠨᠦᠭᠡᠨ ︽ᠺᠤᠯᠠ ᠤᠮᠳᠠᠭᠠᠨ ᠳᠤ ᠰᠢᠨᠤᠯ ᠲᠠᠢ︾ ᠤᠨᠴᠠᠭᠠᠢ ᠨᠢᠭᠡᠨ ᠡᠪᠡᠳᠴᠢᠲᠡᠨ ᠢ ᠬᠦᠯᠢᠶᠠᠨ ᠠᠪᠴᠦ ᠡᠮᠴᠢᠯᠡᠵᠠᠢ᠃      ᠲᠠᠨᠢᠯᠴᠠᠭᠤᠯᠤᠭᠰᠡᠨ ᠢᠶᠠᠷ᠂ ᠶᠠᠰᠦ ᠠᠷᠡᠰᠦ ᠪᠤᠯᠳᠡᠯ᠎ᠡ ᠪᠠᠨ ᠲᠤᠷᠠᠬᠰᠡᠨ ᠬᠤᠷᠢᠨ ᠭᠤᠷᠪᠠᠳᠠᠢ ᠡᠮᠡᠭᠲᠠᠢ ᠰᠢᠶᠤᠤ ᠸᠧᠢ ᠡᠳᠤᠷ ᠪᠤᠯᠭᠠᠨ 250 ᠮᠢᠯᠢᠯᠢᠲ᠋ᠧᠷ ᠤᠨ ᠺᠤᠯᠠ ᠶᠢ 10 ᠯᠤᠩᠬᠤ ᠤᠤᠭᠤᠵᠦ᠂ ᠲᠠᠷᠠᠭ᠎ᠠ ᠨᠢ ᠠᠯᠪᠠᠳᠠᠯᠭ᠎ᠠ ᠪᠠᠷ ᠢᠲᠡᠭᠰᠡᠨ ᠤᠤᠭᠤᠭᠰᠡᠨ ᠢᠶᠠᠨ ᠪᠦᠬᠡᠯᠵᠢᠲᠡᠭ ᠬᠡᠨ᠎ᠡ᠃ ᠡᠶᠢᠮᠦ ᠠᠵᠢᠯᠯᠠᠭ᠎ᠠ ᠶᠢ ᠲᠡᠷᠡ ᠡᠳᠤᠷ ᠪᠤᠯᠭᠠᠨ ᠲᠠᠪᠳᠠᠵᠦ ᠬᠢᠲᠡᠭ᠃ ᠪᠠᠶᠢᠴᠠᠭᠠᠯᠲᠡ ᠪᠠᠷ ᠲᠠᠮᠵᠢᠭᠠᠳ᠂ ᠡᠨᠡ ᠡᠮᠡᠭᠲᠠᠢ ᠶᠢᠨ ᠡᠪᠡᠳᠴᠢᠨ ᠢ ︽ᠮᠡᠲᠡᠷᠡᠯ ᠤᠨ ᠴᠢᠨᠠᠷᠲᠠᠢ ᠢᠳᠡᠮᠡᠭᠡᠢ ᠡᠪᠡᠳᠴᠢᠨ︾ ᠭᠡᠵᠦ ᠲᠤᠳᠤᠯᠠᠭᠰᠡᠨ ᠪᠠᠶᠢᠨ᠎ᠡ᠃      ᠡᠨᠡ ᠡᠮᠡᠭᠲᠠᠢ ᠺᠤᠯᠠ ᠶᠢ ᠤᠰᠤ ᠰᠢᠭ᠋ ᠤᠤᠭᠤᠳᠠᠭ      ᠲᠤᠰ ᠡᠮᠨᠡᠯᠭᠡ ᠶᠢᠨ ᠬᠤᠷᠢᠶᠠᠨ ᠤ ᠰᠡᠳᠬᠢᠴᠡ ᠰᠢᠮ᠎ᠡ ᠲᠡᠵᠢᠭᠡᠯ ᠤᠨ ᠰᠠᠯᠠᠭᠠᠨ ᠤ ᠡᠷᠬᠢᠯᠡᠭᠴᠢ ᠡᠮᠴᠢ ᠶᠢᠨ ᠲᠠᠨᠢᠯᠴᠠᠭᠤᠯᠬᠤ ᠪᠠᠷ᠂ ᠡᠨᠡ ᠡᠮᠡᠭᠲᠠᠢ ᠢᠩᠭᠢᠵᠦ ᠰᠢᠷᠦᠭᠦᠨ ᠢᠶᠠᠨ ᠢᠲᠡᠭᠰᠡᠨ ᠤ ᠲᠠᠷᠠᠭ᠎ᠠ ᠺᠤᠯᠠ ᠤᠤᠭᠤᠵᠦ ᠠᠯᠪᠠᠳᠠᠯᠭ᠎ᠠ ᠪᠠᠷ ᠪᠦᠬᠡᠯᠵᠢᠲᠡᠭ ᠲᠡᠳᠬᠠᠯ ᠨᠢ ᠵᠢᠯ ᠭᠠᠷᠤᠢ ᠪᠤᠯᠵᠦ ᠪᠠᠶᠢᠨ᠎ᠡ᠃ ᠪᠠᠶᠢᠴᠠᠭᠠᠯᠲᠡ ᠶᠢᠨ ᠳ᠋ᠦᠩ ᠳᠤ ︽ᠮᠡᠲᠡᠷᠡᠯ ᠤᠨ ᠴᠢᠨᠠᠷᠲᠠᠢ ᠢᠳᠡᠮᠡᠭᠡᠢ ᠡᠪᠡᠳᠴᠢᠨ︾ ᠢᠶᠠᠷ ᠲᠤᠳᠤᠯᠠᠬᠳᠠᠵᠠᠢ ᠬᠡᠯ᠎ᠡ᠃      ᠤᠶᠢᠯᠠᠭᠠᠭᠰᠡᠨ ᠢᠶᠠᠷ᠂ ᠡᠨᠡ ᠡᠮᠡᠭᠲᠠᠢ ᠡᠳᠤᠷ ᠪᠤᠯᠭᠠᠨ 5 ᠯᠢᠲᠷ ᠢᠯᠡᠭᠦᠦ ᠨᠡᠭᠦᠷᠡᠰᠦᠬᠦ᠋ᠴᠢᠯ ᠤᠨ ᠤᠮᠳᠠᠭᠠᠨ  ᠢ ᠤᠰᠤ ᠰᠢᠭ᠋ ᠤᠤᠭᠤᠵᠦ᠂ ᠤᠤᠭᠤᠬᠤ ᠲᠤᠰᠤᠮ ᠪᠡᠶ᠎ᠡ ᠪᠠᠨ ᠡᠵᠡᠮᠳᠡᠵᠦ ᠴᠢᠳᠠᠬᠤ ᠪᠠᠨ ᠪᠤᠯᠢᠵᠦ᠂ ᠬᠤᠳᠤᠭᠤᠳᠤ ᠨᠢ ᠲᠡᠯᠡᠭᠡᠳ ᠡᠪ ᠦᠭᠡᠶᠢᠷᠡᠪᠡᠯ ᠰᠠᠶ᠋ᠢ ᠤᠤᠭᠤᠬᠤ ᠪᠠᠨ ᠪᠤᠯᠢᠳᠠᠭ᠃ ᠶᠡᠭᠡ ᠤᠤᠭᠤᠵᠦ ᠢᠲᠡᠭᠰᠡᠨ ᠤ ᠲᠠᠷᠠᠭ᠎ᠠ ᠠᠯᠪᠠᠳᠠᠯᠭ᠎ᠠ ᠪᠠᠷ ᠪᠦᠬᠡᠯᠵᠢᠲᠡᠭ ᠠᠴᠠ ᠪᠤᠯᠵᠦ ᠲᠡᠭᠦᠨ ᠤ ᠪᠡᠶ᠎ᠡ ᠶᠢᠨ ᠬᠦᠨᠲᠦ 40 ᠵᠢᠩ ᠪᠠᠭᠤᠷᠠᠪᠡ᠃      ᠡᠮᠴᠢᠯᠡᠭᠡᠨ ᠤ ᠪᠠᠶᠢᠴᠠᠭᠠᠯᠲᠡ ᠶᠢᠨ ᠮᠡᠲᠡᠭᠦᠯᠦᠯᠲᠡ ᠳᠤ ᠢᠯᠡᠷᠭᠡᠶᠢᠯᠡᠭᠰᠡᠨ ᠢᠶᠠᠷ᠂ ᠲᠡᠭᠦᠨ ᠤ ᠪᠠᠶ᠎ᠡ ᠶᠢᠨ ᠬᠡᠳᠤᠨ ᠭᠠᠵᠠᠷ ᠲᠤ ᠠᠶᠤᠯᠳᠠᠢ ᠪᠠᠶᠢᠳᠡᠯ ᠢᠯᠡᠷᠡᠪᠡ᠃ ᠤᠨᠴᠠᠭᠠᠶᠢᠯᠠᠨ ᠲᠡᠭᠦᠨ ᠤ ᠪᠡᠶ᠎ᠡ ᠳᠠᠬᠢ ᠺᠠᠯᠢ ᠶᠢᠨ ᠠᠭᠤᠯᠤᠬᠳᠠᠬᠴᠡ ᠨᠢ ᠲᠤᠶᠢᠯ ᠤᠨ ᠲᠤᠤᠷ᠎ᠡ ᠪᠤᠯᠪᠡ᠃ ᠺᠠᠯᠢ ᠲᠤᠷᠤᠭᠰᠢᠯᠠᠬᠤ ᠪᠤᠯ ᠮᠠᠳᠠᠷᠡᠯ ᠤᠨ ᠴᠢᠨᠠᠷᠲᠠᠢ ᠢᠳᠡᠮᠡᠭᠡᠢ ᠡᠪᠡᠳᠴᠢᠨ ᠨᠠᠯᠢᠶᠠᠳ ᠬᠦᠨᠳᠦᠷᠡᠬᠦ ᠲᠠᠢ ᠲᠠᠪᠬᠤᠴᠠᠬᠰᠡᠨ ᠡᠪᠡᠳᠴᠢᠨ ᠤ ᠵᠦᠢᠯ ᠪᠤᠯᠤᠨ᠎ᠡ᠃ ᠡᠨᠡ ᠨᠢ ᠬᠦᠮᠦᠨ ᠢ ᠲᠠᠮᠢᠷᠳᠠᠭᠤᠯᠵᠦ᠂ ᠵᠢᠷᠦᠭᠡᠨ ᠤ ᠬᠡᠮᠨᠡᠯ ᠤᠨ ᠲᠤᠷᠤᠶᠢᠳᠡᠯ ᠪᠤᠯᠤᠨ ᠪᠦᠬᠡᠷᠡᠨ ᠤ ᠴᠢᠳᠡᠪᠬᠢ ᠶᠢᠨ ᠲᠤᠷᠤᠶᠢᠳᠡᠯ ᠢ ᠡᠭᠦᠰᠡᠭᠡᠲᠡᠭ᠃ ᠬᠡᠪᠡᠴᠦ ᠬᠡᠳᠤᠨ ᠬᠤᠨᠤᠭ ᠤᠨ ᠡᠮᠴᠢᠯᠡᠭᠡ ᠪᠠᠷ ᠲᠠᠮᠵᠢᠭᠠᠳ ᠡᠨᠡ ᠡᠮᠡᠭᠲᠠᠢ ᠶᠢᠨ ᠪᠡᠶ᠎ᠡ ᠶᠢᠨ ᠺᠠᠯᠢ  ᠶᠢᠨ ᠬᠡᠮᠵᠢᠶ᠎ᠡ ᠬᠡᠪ ᠤᠨ ᠬᠡᠮᠵᠢᠭᠲᠡᠯ ᠳᠡᠭᠡᠨ ᠪᠤᠴᠠᠭᠰᠡᠨ ᠪᠠᠶᠢᠨ᠎ᠡ᠃      ᠮᠡᠲᠡᠷᠡᠯ ᠤᠨ ᠴᠢᠨᠠᠷᠲᠠᠢ ᠢᠳᠡᠮᠡᠭᠡᠢ ᠡᠪᠡᠳᠴᠢᠨ ᠪᠤᠯ ᠨᠢᠭᠡ ᠵᠦᠢᠯ ᠤᠨ ᠢᠳᠡᠮᠡᠭᠡᠢ ᠡᠪᠡᠳᠴᠢᠨ ᠪᠤᠯᠬᠤ ᠮᠦᠷᠲᠡᠭᠡᠨ ᠰᠡᠳᠬᠢᠴᠡ ᠶᠢᠨ ᠡᠪᠡᠳᠴᠢᠨ ᠪᠤᠯᠤᠨ᠎ᠡ᠃      ᠡᠮᠴᠢ ᠶᠢᠨ ᠲᠠᠨᠢᠯᠴᠠᠭᠤᠯᠬᠤ ᠪᠠᠷ᠂ ᠮᠡᠲᠡᠷᠡᠯ ᠤᠨ ᠴᠢᠨᠠᠷᠲᠠᠢ ᠢᠳᠡᠮᠡᠭᠡᠢ ᠡᠪᠡᠳᠴᠢᠨ ︵BN︶ ᠨᠢ 30 ᠨᠠᠰᠤᠨ  ᠠᠴᠠ ᠲᠤᠷᠤᠭᠰᠢᠬᠢ ᠡᠮᠡᠭᠳᠡᠶᠢᠴᠤᠳ ᠲᠤ ᠪᠠᠶᠢᠩᠭᠤ ᠬᠠᠷᠠᠬᠳᠠᠳᠠᠭ ᠡᠪᠡᠳᠴᠢᠨ ᠪᠤᠯᠤᠨ᠎ᠡ᠂ ᠡᠪᠡᠳᠴᠢᠨ ᠡᠭᠦᠰᠬᠦ ᠰᠢᠯᠳᠠᠭᠠᠨ ᠨᠢ ᠰᠡᠳᠬᠢᠴᠡ ᠪᠤᠯᠤᠨ ᠵᠠᠩ ᠰᠤᠷᠳᠠᠬᠤᠨ ᠲᠠᠢ ᠰᠢᠭᠤᠳ ᠬᠤᠯᠪᠤᠭ᠎ᠠ ᠲᠠᠢ ᠪᠠᠶᠢᠳᠠᠭ᠃ ᠭᠤᠤᠯ ᠢᠯᠡᠷᠡᠯ  ᠨᠢ᠂ ᠲᠠᠪᠳᠠᠯᠲᠡ ᠶᠢᠨ ᠴᠢᠨᠠᠷᠲᠠᠢ ᠡᠭᠦᠰᠬᠦ᠂ ᠡᠵᠡᠮᠳᠠᠵᠦ ᠴᠢᠳᠠᠬᠤ ᠦᠭᠡᠢ᠂ ᠰᠢᠷᠦᠭᠦᠨ ᠢᠶᠠᠷ ᠢᠳᠡᠵᠦ ᠤᠤᠭᠤᠬᠤ᠂ ᠲᠠᠷᠠᠭ᠎ᠠ ᠨᠢ ᠮᠠᠷᠢᠶᠠᠯᠠᠬᠤ ᠠᠴᠠ ᠵᠤᠪᠠᠭ᠋ᠤ ᠳᠠᠭᠠᠨ ᠡᠯᠳᠡᠪ ᠤᠨ ᠠᠷᠭ᠎ᠠ ᠪᠠᠷᠢᠯ ᠠᠪᠬᠤ᠂ ᠲᠤᠬᠠᠶᠢᠯᠠᠪᠡᠯ ᠠᠯᠪᠠᠳᠠᠯᠭ᠎ᠠ  ᠪᠠᠷ ᠪᠦᠭᠡᠯᠵᠢᠬᠦ᠂ ᠡᠮ ᠤᠤᠭᠤᠵᠦ ᠲᠤᠭᠤᠯᠤᠭᠤᠯᠬᠤ ᠵᠡᠷᠭᠡ ᠪᠤᠯᠤᠨ᠎ᠡ᠃      ᠢᠳᠡᠮᠡᠭᠡᠢ ᠡᠪᠡᠳᠴᠢᠨ ᠨᠢ ᠬᠤᠳᠤᠭᠤᠲᠦ ᠶᠢ ᠤᠯᠠᠮ ᠲᠡᠯᠡᠲᠡᠭ ᠤᠴᠢᠷ ᠠᠴᠠ ᠪᠤᠯᠵᠦ ᠬᠦᠮᠦᠰ ᠢ ᠨᠡᠩ ᠠᠷᠪᠢᠨ ᠢᠳᠡᠬᠦ ᠪᠤᠯᠭᠠᠵᠦ᠂ ᠬᠤᠳᠤᠭᠤᠲᠦ ᠶᠢ ᠤᠨᠵᠢᠯᠭᠠᠨ᠂ ᠬᠤᠳᠤᠭᠤᠳᠤᠨ ᠤ ᠴᠤᠭᠤᠷᠤᠯᠲᠡ ᠶᠢ ᠡᠭᠦᠰᠭᠡᠬᠦ᠂ ᠭᠡᠳᠡᠰᠦᠨ ᠤ ᠲᠦᠭᠵᠢᠷᠡᠯ ᠢ ᠡᠭᠦᠰᠭᠡᠬᠦ᠂ ᠲᠦᠷᠭᠡᠨ ᠴᠢᠨᠠᠷᠲᠠᠢ ᠨᠤᠶᠢᠷ ᠤᠨ ᠪᠤᠯᠴᠢᠷᠬᠠᠢ ᠶᠢᠨ ᠦᠷᠪᠢᠰᠤᠯ ᠵᠡᠷᠭᠡ ᠶᠢ ᠡᠭᠦᠰᠭᠡᠲᠡᠭ︔ ᠤᠷᠲᠦ ᠬᠤᠭᠤᠴᠠᠭ᠎ᠠ ᠠᠯᠪᠠᠳᠠᠯᠭ᠎ᠠ ᠪᠠᠷ ᠪᠦᠬᠡᠯᠵᠢᠪᠡᠯ᠂ ᠤᠰᠤ ᠴᠠᠬᠢᠯᠭᠠᠨ ᠠᠭᠤᠰᠤᠮᠡᠯ ᠤᠨ ᠰᠠᠮᠠᠭᠤᠷᠡᠯ ᠢ ᠪᠤᠢ ᠪᠤᠯᠭᠠᠵᠦ᠂ ᠴᠢᠰᠦᠨ ᠤ ᠺᠠᠯᠢ ᠲᠤᠷᠤᠭᠰᠢᠯᠠᠬᠤ᠂ ᠴᠢᠰᠦᠨ ᠤ ᠨᠠᠲᠷᠢ ᠲᠤᠷᠤᠭᠰᠢᠯᠠᠬᠤ᠂ ᠰᠤᠯᠢᠯᠴᠠᠬᠤ ᠴᠢᠨᠠᠷ ᠲᠠᠢ ᠬᠤᠵᠢᠷ ᠤᠨ ᠬᠤᠤᠷᠳᠡᠯ᠂ ᠰᠤᠯᠢᠯᠴᠠᠬᠤ ᠴᠢᠨᠠᠷᠲᠠᠢ ᠬᠦᠴᠢᠯ ᠤᠨ ᠬᠤᠤᠷᠳᠡᠯ᠂ ᠵᠢᠷᠤᠭᠡᠨ ᠤ ᠬᠡᠮᠨᠡᠯ ᠲᠤᠷᠤᠶᠢᠳᠡᠬᠤ ᠵᠡᠷᠭᠡ ᠡᠪᠡᠳᠴᠢᠨ ᠢ ᠡᠭᠦᠰᠭᠡᠲᠡᠭ︔ ᠪᠠᠰᠡ ᠰᠢᠷ᠎ᠡ ᠬᠤᠰᠤᠬᠤ᠂ ᠰᠦᠷᠭᠦ ᠴᠢᠨᠠᠷᠲᠠᠢ ᠤᠯᠠᠭᠠᠨ ᠬᠤᠭᠤᠯᠠᠢ ᠶᠢᠨ ᠦᠷᠪᠢᠰᠦᠯ᠂ ᠰᠢᠳᠦ ᠢᠯᠵᠠᠷᠠᠬᠤ ᠵᠡᠷᠭᠡ ᠡᠪᠡᠳᠴᠢᠨ ᠢ ᠡᠭᠦᠰᠭᠡᠲᠡᠭ︔ ᠬᠦᠴᠦᠲᠠᠢ ᠪᠦᠬᠡᠯᠵᠢᠬᠦ ᠨᠢ ᠭᠠᠪᠠᠯᠠ ᠶᠢᠨ ᠬᠦᠨᠳᠡᠢ ᠳᠠᠬᠢ ᠲᠠᠷᠤᠯᠲᠡ ᠶᠢ ᠤᠬᠵᠤᠮ ᠲᠡᠭᠡᠭᠰᠢᠯᠡᠭᠦᠯᠲᠡᠭ ᠪᠤᠯᠬᠤᠷ᠂ ᠲᠠᠷᠢᠬᠢᠨ ᠳᠤ ᠴᠢᠰᠦ ᠬᠠᠷᠪᠤᠬᠤ ᠠᠶᠤᠯ ᠲᠠᠢ ᠶᠤᠮ᠃
 
ᠢᠷᠡᠯᠲᠡ᠄ ᠲᠤᠮᠳᠠᠲᠦ ᠤᠯᠤᠰ ᠤᠨ ᠮᠤᠩᠭᠤᠯ ᠷᠡᠳᠢᠤ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号