ᠤᠯᠠᠮᠵᠢᠯᠠᠯᠲᠦ ᠮᠤᠩᠭᠤᠯ ᠡᠮᠴᠢᠯᠡᠭᠡ ᠪᠠᠷ ᠠᠷᠡᠳ ᠲᠤ ᠦᠢᠯᠡᠴᠢᠯᠡᠵᠦ ᠪᠠᠶᠢᠨ᠎ᠡ — ᠦᠪᠦᠷ ᠮᠤᠩᠭᠤᠯ  ᠤᠨ ᠬᠦᠰᠡᠭᠦᠢ ᠮᠤᠩᠭᠤᠯ ᠡᠮᠨᠡᠯᠭᠡ ᠶᠢᠨ ᠬᠤᠷᠢᠶ᠎ᠡ
ᠨᠡᠶᠢᠲᠡᠯᠡᠭᠰᠡᠨ ᠴᠠᠭ᠄
2019-12-16
                                           ᠰᠤᠷᠪᠤᠯᠵᠢᠯᠠᠬᠴᠢ᠄ ᠴᠠᠶᠢᠯᠭᠠᠨ᠂ ᠰᠤᠷᠤᠨ᠎ᠡ      ᠦᠪᠦᠷ ᠮᠤᠩᠭᠤᠯ ᠤᠨ ᠬᠦᠰᠡᠭᠦᠢ ᠮᠤᠩᠭᠤᠯ ᠡᠮᠨᠡᠯᠭᠡ ᠶᠢᠨ ᠬᠤᠷᠢᠶ᠎ᠡ ᠪᠤᠯ 2016 ᠤᠨ ᠤ 3 ᠰᠡᠷ᠎ᠡ ᠳᠤ ᠪᠠᠶᠢᠭᠤᠯᠤᠭᠳᠠᠵᠦ᠂ ᠮᠤᠩᠭᠤᠯ ᠦᠨᠳᠦᠰᠦᠲᠡᠨ ᠤ 3000 ᠵᠢᠯ ᠤᠨ ᠲᠡᠦᠭᠡ ᠲᠠᠢ ᠤᠯᠠᠮᠵᠢᠯᠠᠯᠲᠦ ᠡᠮ ᠡᠮᠨᠡᠯᠭᠡ ᠶᠢᠨ ᠠᠷᠭ᠎ᠠ ᠪᠠᠷᠢᠯ ᠢ ᠠᠰᠢᠬᠯᠠᠬᠰᠡᠨ᠂ ᠦᠶ᠎ᠡ ᠭᠡᠰᠢᠭᠦᠨ ᠤ ᠬᠦᠨᠲᠦ ᠡᠪᠡᠳᠴᠢᠲᠡᠨ ᠢ ᠮᠡᠰᠡ ᠵᠠᠰᠠᠯ ᠬᠢᠬᠦ ᠦᠭᠡᠢ ᠪᠠᠷ ᠵᠠᠰᠠᠳᠠᠭ ᠮᠤᠩᠭᠤᠯ ᠡᠮᠨᠡᠯᠭᠡ ᠶᠢᠨ ᠤᠯᠤᠰ ᠤᠨ ᠲᠤᠳᠤᠭᠠᠳᠤᠬᠢ ᠬᠠᠮᠤᠭ ᠲᠠᠷᠢᠭᠦᠨ ᠤ ᠲᠤᠰᠬᠠᠢ ᠮᠡᠷᠭᠡᠵᠢᠯ ᠤᠨ ᠡᠮᠨᠡᠯᠭᠡ ᠶᠢᠨ ᠬᠤᠷᠢᠶ᠎ᠡ ᠪᠤᠯᠤᠨ᠎ᠡ᠃      ᠲᠤᠰ ᠡᠮᠨᠡᠯᠭᠡ ᠶᠢᠨ ᠬᠤᠷᠢᠶ᠎ᠡ ᠨᠢ ᠮᠤᠩᠭᠤᠯ ᠡᠮ ᠡᠮᠨᠡᠯᠭᠡ ᠶᠢᠨ ᠲᠦᠪ᠂ ᠡᠷᠡᠭᠦᠯ ᠡᠩᠭᠡ ᠶᠢᠨ ᠬᠠᠮᠢᠶᠠᠷᠤᠯᠲᠡ  ᠶᠢᠨ ᠲᠦᠪ᠂ ᠡᠮᠨᠡᠯᠭᠡ ᠶᠢᠨ ᠨᠢᠭᠡᠳᠤᠯ ᠬᠤᠯᠪᠤᠭ᠎ᠠ ᠶᠢ ᠪᠠᠭᠳᠠᠭᠠᠭᠰᠡᠨ ᠤᠯᠠᠮᠵᠢᠯᠠᠯᠲᠦ ᠮᠤᠩᠭᠤᠯ ᠡᠮ ᠡᠮᠨᠡᠯᠭᠡ ᠶᠢᠨ ᠡᠷᠡᠭᠦᠯᠵᠢᠯ ᠤᠨ ᠵᠠᠰᠠᠯᠭ᠎ᠠ ᠵᠢᠴᠢ ᠪᠠᠶ᠎ᠡ ᠶᠢᠨ ᠪᠠᠶᠢᠴᠠᠭᠠᠯᠲᠡ᠂ ︽ᠢᠨᠲ᠋ᠧᠷ ᠰᠦᠯᠵᠢᠶ᠎ᠡ +︾ ᠵᠡᠷᠭᠡ ᠶᠢ ᠬᠠᠮᠳᠤᠷᠠᠭᠤᠯᠤᠭᠰᠡᠨ ᠡᠮᠴᠢᠯᠡᠭᠡ ᠶᠢᠨ ᠦᠢᠯᠡᠴᠢᠯᠡᠭᠡᠨ ᠤ ᠪᠠᠶᠢᠭᠤᠯᠤᠮᠵᠢ ᠪᠤᠯᠤᠨ᠎ᠡ᠃    

     ᠰᠤᠷᠪᠤᠯᠵᠢᠯᠠᠭ᠎ᠠ ᠪᠠᠷ ᠤᠶᠢᠯᠠᠭᠠᠭᠰᠡᠨ ᠨᠢ᠂ ᠬᠦᠰᠡᠭᠦᠢ ᠮᠤᠩᠭᠤᠯ ᠡᠮᠨᠡᠯᠭᠡ ᠶᠢᠨ ᠬᠤᠷᠢᠶ᠎ᠡ ᠨᠢ ᠬᠦᠲᠡᠭᠡ

ᠲᠤᠰᠬᠤᠨ ᠳᠤ ᠬᠠᠨᠳᠤᠭᠤᠯᠤᠭᠰᠡᠨ ᠮᠠᠯᠴᠢᠨ ᠠᠷᠡᠳ ᠲᠤ ᠲᠦᠭᠦᠮ ᠦᠵᠡᠭᠦᠯᠬᠦ ᠪᠠᠷ ᠲᠤᠰᠬᠠᠶᠢᠯᠠᠨ 999

ᠲᠦᠭᠦᠷᠢᠭ ᠤᠨ ᠦᠨ᠎ᠡ ᠦᠷᠲᠡᠭ ᠪᠦᠬᠦᠢ ᠪᠡᠶ᠎ᠡ ᠶᠢᠨ ᠪᠠᠶᠢᠴᠠᠭᠠᠯᠲᠡ ᠶᠢ ᠲᠦᠯᠦᠪᠦᠷᠢ ᠦᠭᠡᠢ ᠬᠢᠵᠦ ᠦᠭᠭᠦ ᠪᠦᠬᠡᠳ

ᠮᠤᠩᠭᠤᠯ ᠬᠢᠲᠡᠳ ᠬᠤᠤᠰ ᠬᠡᠯᠡᠨ ᠤ ᠦᠢᠯᠡᠴᠢᠯᠡᠭᠡ ᠶᠢ ᠬᠠᠩᠭᠠᠳᠠᠭ ᠶᠤᠮ᠃

     ᠡᠮᠨᠡᠯᠭᠡ ᠶᠢᠨ ᠬᠤᠷᠢᠶ᠎ᠡ ᠪᠠᠶᠢᠭᠤᠯᠤᠭᠳᠠᠭᠰᠡᠨ ᠠᠴᠠ ᠨᠠᠭᠠᠰᠢ᠂ ᠮᠤᠩᠭᠤᠯ ᠡᠮᠨᠡᠯᠭᠡ ᠪᠠᠨ ᠰᠢᠨᠡᠴᠢᠯᠡᠨ ︽ᠢᠨᠲ᠋ᠧᠷ

ᠰᠦᠯᠵᠢᠶ᠎ᠡ +︾ ᠬᠡᠪ ᠵᠠᠬᠪᠦᠷ ᠢ ᠠᠰᠢᠬᠯᠠᠨ ᠡᠷᠡᠭᠦᠯᠵᠢᠯ ᠢᠶᠠᠷ ᠶᠠᠳᠠᠭᠤ ᠶᠢ ᠲᠡᠳᠭᠦᠭᠦ᠂ ᠰᠢᠨᠵᠢᠯᠡᠬᠦ ᠤᠬᠠᠭᠠᠨ ᠢ

ᠲᠦᠭᠡᠮᠡᠯᠵᠢᠭᠦᠯᠬᠦ ᠲᠠᠶᠢᠯᠦᠮᠵᠢ᠂ ᠨᠡᠶᠢᠲᠡ ᠶᠢᠨ ᠠᠰᠠᠷᠠᠮᠵᠢ ᠶᠢᠨ ᠲᠠᠮᠵᠢᠯᠭᠡ ᠵᠡᠷᠭᠡ ᠪᠤᠳᠠᠳᠠᠢ ᠠᠵᠢᠯᠯᠠᠭ᠎ᠠ ᠪᠠᠷ ᠲᠠᠮᠵᠢᠨ

ᠤᠬᠠᠭᠤᠯᠭ᠎ᠠ ᠬᠢᠵᠦ ᠡᠯ᠎ᠡ ᠭᠠᠵᠠᠷ ᠤᠨ ᠦᠨᠳᠦᠰᠦᠨ ᠱᠠᠳᠤᠨ ᠤ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠲᠠᠢ

ᠡᠮᠨᠡᠯᠭᠡ ᠶᠢᠨ ᠨᠢᠭᠡᠳᠤᠯ ᠬᠤᠯᠪᠤᠭ᠎ᠠ ᠶᠢᠨ ᠦᠢᠯᠡᠴᠢᠯᠡᠭᠡ ᠶᠢ ᠶᠠᠪᠤᠬᠳᠠᠭᠤᠯᠤᠨ ᠡᠪᠡᠳᠴᠢᠲᠡᠨ ᠳᠤ ᠠᠯᠤᠰ ᠡᠵᠡᠮᠰᠢᠯ

 ᠢᠶᠠᠷ ᠡᠪᠡᠳᠴᠢᠨ ᠦᠵᠡᠵᠦ ᠦᠭᠭᠦ᠂ ᠡᠮᠨᠡᠯᠭᠡ ᠶᠢᠨ ᠬᠤᠷᠢᠶ᠎ᠡ ᠰᠢᠯᠵᠢᠬᠦ ᠳᠤ ᠰᠠᠭᠠᠳ ᠦᠭᠡᠢ᠂ ᠤᠯᠠᠮᠵᠢᠯᠠᠯᠲᠦ ᠮᠤᠩᠭᠤᠯ

ᠡᠮᠨᠡᠯᠭᠡ ᠪᠠᠷ ᠮᠠᠰᠡ ᠵᠠᠰᠠᠯ ᠬᠢᠬᠦ ᠦᠭᠡᠢ ᠪᠠᠷ ᠲᠦᠷᠭᠡᠨ ᠡᠲᠡᠭᠡᠷᠡᠲᠡᠭ ᠦᠨ᠎ᠡ ᠦᠷᠲᠡᠭ ᠲᠤᠤᠷ᠎ᠡ ᠬᠦᠵᠦᠭᠦᠨ ᠤ ᠶᠠᠰᠦ᠂

ᠲᠤᠮᠲᠡ ᠴᠢᠮᠦᠭᠡ᠂ ᠡᠪᠦᠳᠦᠭ ᠤᠨ ᠦᠶ᠎ᠡ᠂ ᠰᠡᠭᠡᠷ ᠨᠢᠷᠤᠭᠤ ᠵᠡᠷᠭᠡ ᠦᠶ᠎ᠡ ᠬᠡᠰᠢᠭᠦᠦ ᠶᠢᠨ ᠡᠪᠡᠳᠴᠢᠨ ᠤ ᠡᠮᠴᠢᠯᠡᠭᠡᠨ

 ᠤ ᠲᠠᠪᠠᠭᠤᠯᠢᠭ ᠲᠡᠯ᠎ᠡ ᠶᠢ ᠪᠠᠳᠠᠷᠠᠭᠤᠯᠵᠦ ᠪᠠᠶᠢᠨ᠎ᠡ᠃

     

     ᠡᠨᠡᠬᠦ ᠡᠮᠨᠡᠯᠭᠡ ᠶᠢᠨ ᠬᠤᠷᠢᠶ᠎ᠡ ᠨᠢ ᠬᠦᠮᠦᠨ ᠢᠶᠠᠷ ᠦᠨᠳᠦᠰᠦ ᠪᠤᠯᠭᠠᠨ ᠡᠪᠡᠳᠴᠢᠨ ᠢ ᠰᠡᠷᠭᠡᠶᠢᠯᠡᠵᠦ ᠵᠠᠰᠠᠬᠤ

 ᠪᠠᠷ ᠵᠤᠷᠢᠯᠭ᠎ᠠ ᠪᠤᠯᠭᠠᠨ ᠡᠪᠡᠳᠴᠢᠲᠡᠨ ᠢ ᠬᠦᠨᠳᠦᠳᠭᠡᠨ ᠡᠷᠡᠭᠦᠯᠵᠢᠭᠦᠯᠬᠦ ᠪᠠᠷ ᠭᠤᠤᠯᠯᠠᠨ᠂ ᠪᠦᠬᠦ ᠰᠡᠳᠬᠢᠯ ᠪᠦᠬᠦ

ᠵᠤᠷᠢᠭ ᠢᠶᠠᠷ ᠠᠷᠡᠳ ᠲᠦᠮᠡᠨ ᠳᠤ ᠦᠢᠯᠡᠴᠢᠯᠡᠬᠦ ᠪᠠᠷ ᠡᠭᠦᠷᠭᠡ ᠬᠠᠷᠢᠭᠤᠴᠠᠯᠭ᠎ᠠ ᠪᠠᠨ ᠪᠤᠯᠭᠠᠵᠦ᠂ ᠤᠯᠠᠨ ᠲᠦᠮᠡᠨ ᠳᠤ

ᠦᠢᠯᠡᠴᠢᠯᠡᠵᠦ ᠮᠠᠯᠴᠢᠨ ᠠᠷᠡᠳ ᠤᠨ ᠢᠶᠠᠨ ᠮᠠᠬᠳᠠᠭᠠᠯ ᠰᠠᠶᠢᠰᠢᠶᠠᠯ ᠢ ᠤᠯᠵᠦ ᠪᠤᠢ᠃

                     

                                   ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ

 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号