ᠶᠠᠮᠠᠷ ᠬᠥᠮᠦᠰ ᠭᠠᠩᠰᠠᠷᠠᠬᠤ ᠬᠡᠮ ᠠᠮᠠᠷᠬᠠᠨ ᠤᠯᠳᠠᠭ ᠪᠣᠢ︖ | ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ ᠶᠢᠨ ᠬᠠᠮᠤᠭ ᠤᠨ ᠰᠢᠨ᠎ᠡ ᠵᠢᠱᠢᠯᠲᠡ ᠶᠢ | ᠦᠨᠳᠦᠰᠦᠯᠡᠪᠡᠯ᠂ ᠪᠥᠬᠦ ᠳᠡᠯᠡᠬᠡᠢ ᠳᠤ 3 ᠳ᠋ᠦᠩᠰᠢᠭᠤᠷ ᠭᠠᠷᠤᠶ ᠬᠥᠮᠥᠨ ᠭᠠᠩᠰᠠᠷᠠᠬᠤ ᠬᠡᠮ ᠤᠯᠵᠤ᠂ ᠪᠠᠷᠤᠭ ᠪᠥᠬᠦ | ᠳᠡᠯᠡᠬᠡᠶ ᠶᠢᠨ ᠬᠥᠮᠥᠨ ᠠᠮᠠ ᠶᠢᠨ 4.3% ᠶᠢ ᠡᠵᠡᠯᠡᠵᠦ ᠪᠠᠶᠢᠨ᠎ᠠ᠂ ᠡᠭᠦᠨ ᠳᠤ ᠳᠤᠮᠳᠠᠳᠤ ᠤᠯᠤᠰ ᠲᠤ 5400 | ᠲᠦᠮᠡᠨ ᠡᠪᠡᠳᠴᠢᠲᠡᠨ ᠪᠤᠢ᠂ ᠡᠨᠡ ᠨᠢ 100 ᠬᠥᠮᠦᠨ ᠤ ᠳᠣᠲᠣᠷ᠎ᠠ ᠨᠠᠭᠠᠳᠤ ᠵᠠᠬ᠎ᠠ ᠳᠠᠭᠠᠨ 3 ᠭᠠᠩᠰᠠᠷᠠᠬᠤ ᠭᠡᠮ | ᠲᠠᠢ ᠬᠦᠮᠦᠨ ᠪᠠᠶᠢᠬᠤ ᠶᠢ ᠬᠠᠷᠠᠭᠤᠯᠵᠤ ᠪᠤᠢ᠃ ᠲᠡᠭᠡᠪᠡᠯ ᠭᠠᠩᠰᠠᠷᠠᠬᠤ ᠬᠡᠮ ᠠᠮᠠᠷᠬᠠᠨ ᠤᠯᠳᠠᠭ ᠬᠦᠮᠦᠰ ᠶᠠᠮᠠᠷ ᠶᠠᠮᠠᠷ | ᠣᠨᠴᠠᠯᠢᠭ ᠲᠠᠢ ᠪᠠᠶᠢᠳᠠᠭ ᠪᠣᠢ︖ | ᠨᠢᠭᠡᠳᠦᠭᠡᠷ ᠲᠤ᠂ ᠡᠮᠡᠭᠲᠡᠶ ᠬᠥᠮᠦᠨ ᠪᠣᠯ ᠠᠮᠠᠷᠬᠠᠨ ᠭᠠᠩᠰᠠᠷᠠᠬᠤ ᠬᠡᠮ ᠤᠯᠳᠠᠭ ᠬᠥᠮᠦᠰ ᠪᠣᠯᠤᠨ᠎ᠠ᠃ | ᠣᠳᠣᠬᠠᠨ ᠳᠤ ᠭᠠᠩᠰᠠᠷᠠᠬᠤ ᠬᠡᠮ ᠤᠯᠵᠤ ᠪᠠᠶᠢᠭ᠎ᠠ ᠡᠮᠡᠭᠳᠡᠢ ᠬᠦᠮᠦᠨ ᠨᠢ ᠡᠷᠡᠭᠲᠡᠶ ᠬᠥᠮᠦᠨ ᠠᠴᠠ ᠣᠯᠠᠨ ᠪᠠᠶᠢᠨ᠎ᠠ᠂ | ᠡᠶᠢᠮᠦ ᠠᠴᠠ ᠬᠦᠢᠰᠦ ᠶᠢᠨ ᠢᠯᠭᠠᠯ ᠤᠨ ᠲᠠᠯ᠎ᠠ ᠪᠠᠷ ᠵᠥᠷᠢᠶ᠎ᠡ ᠲᠠᠢ ᠪᠠᠶᠢᠳᠠᠭ᠃ | ᠬᠤᠶᠠᠳᠤᠭᠠᠷ ᠲᠤ᠂ ᠭᠡᠷ ᠪᠦᠯᠢ ᠶᠢᠨ ᠤᠳᠤᠮᠯᠠᠯ ᠤᠨ ᠡᠪᠡᠳᠴᠢᠨ ᠲᠠᠢ ᠬᠥᠮᠦᠨ ᠨᠠᠩ ᠠᠮᠠᠷᠬᠠᠨ ᠭᠠᠩᠰᠠᠷᠠᠬᠤ | ᠭᠡᠮ ᠤᠯᠳᠠᠭ᠃ ᠶᠠᠭᠠᠬᠢᠭᠠᠳ ᠬᠡᠪᠡᠯ᠂ ᠤᠳᠤᠮᠯᠠᠯ ᠪᠣᠯ ᠭᠠᠨᠭ᠍ᠰᠠᠷᠠᠬᠤ ᠭᠡᠮ ᠢ ᠡᠭᠦᠰᠭᠡᠬᠦ ᠨᠢᠭᠡᠨ ᠡᠯᠧᠮᠧᠨ᠋ᠲ ᠮᠥᠨ᠂ | ᠬᠡᠷᠪᠡ ᠭᠡᠷ ᠪᠦᠯᠢ ᠶᠢᠨ ᠳᠣᠲᠣᠷ᠎ᠠ ᠭᠠᠨᠭ᠍ᠰᠠᠷᠠᠬᠤ ᠭᠡᠮ ᠣᠯᠵᠤ ᠥᠩᠭᠡᠷᠡᠭᠰᠡᠨ ᠬᠥᠮᠦᠨ ᠪᠠᠶᠢᠬᠤ ᠳᠤ ᠬᠦᠷᠪᠡᠯ ᠳᠠᠷᠤᠶ | ᠤᠳᠤᠮᠯᠠᠯ ᠤᠨ ᠭᠧᠨ ᠲᠠᠢ ᠪᠣᠯᠵᠤ᠂ ᠭᠠᠨᠭ᠍ᠰᠠᠷᠠᠬᠤ ᠭᠡᠮ ᠣᠯᠬᠤ ᠪᠣᠯᠤᠮᠵᠢ ᠶᠡᠭᠡ ᠪᠠᠶᠢᠳᠠᠭ᠃ | ᠭᠤᠷᠪᠠᠳᠤᠭᠠᠷ ᠲᠤ᠂ ᠭᠠᠩᠰᠠᠷᠠᠬᠤ ᠬᠡᠮ ᠤᠯᠤᠬᠰᠠᠨ ᠡᠪᠡᠳᠴᠢᠲᠡᠨ ᠶᠡᠷᠦᠨᠢ ᠬᠡᠲᠦ ᠶᠡᠭᠡ ᠳᠠᠷᠤᠯᠲᠠ ᠲᠠᠢ | ᠪᠠᠶᠢᠬᠰᠠᠨ ᠠᠴᠠ ᠪᠤᠯᠵᠠᠢ᠃ ᠠᠵᠢᠯ ᠤᠨ ᠳᠠᠷᠤᠯᠲᠠ᠂ ᠰᠤᠷᠤᠯᠭ᠎ᠠ ᠶᠢᠨ ᠳᠠᠷᠤᠯᠲᠠ᠂ ᠠᠮᠢᠳᠤᠷᠠᠯ ᠤᠨ ᠳᠠᠷᠤᠯᠲᠠ ᠨᠢ | ᠬᠠᠮᠢᠭ᠎ᠠ ᠠᠴᠠ ᠢᠷᠡᠭᠰᠡᠨ ᠴᠦ ᠪᠤᠯᠤᠭ᠂ ᠬᠡᠷᠪᠡ ᠳᠠᠷᠤᠯᠲᠠ ᠨᠢ ᠶᠡᠬᠡᠳᠡᠬᠦ ᠳᠤ ᠯᠡ ᠬᠦᠷᠪᠡᠯ ᠳᠠᠷᠤᠶ ᠠᠮᠠᠷᠬᠠᠨ | ᠭᠠᠨᠭ᠍ᠰᠠᠷᠠᠬᠤ ᠠᠰᠠᠭᠤᠳᠠᠯ ᠭᠠᠷᠳᠠᠭ᠃ | ᠲᠡᠭᠡᠪᠡᠯ᠂ ᠭᠠᠩᠰᠠᠷᠠᠬᠤ ᠬᠡᠮ ᠲᠠᠢ ᠬᠥᠮᠦᠰ ᠨᠢ ᠶᠠᠮᠠᠷ ᠵᠠᠩ ᠠᠭᠠᠰᠢ ᠶᠢᠨ ᠣᠨᠴᠠᠯᠢᠭ ᠲᠠᠢ ᠪᠠᠶᠢᠳᠠᠭ ᠪᠣᠢ︖ | ᠬᠥᠮᠦᠨ ᠨᠢᠭᠡ ᠪᠦᠷᠢ ᠦᠰᠦᠨ ᠪᠤᠶᠢᠵᠢᠬᠤ ᠶᠠᠪᠤᠴᠠ ᠳᠠᠭᠠᠨ ᠴᠥᠮ ᠥᠪᠡᠷᠮᠢᠴᠡ ᠵᠠᠩ ᠠᠭᠠᠰᠢ ᠶᠢᠨ | ᠣᠨᠴᠠᠯᠢᠭ ᠪᠠ ᠶᠢᠷᠲᠢᠨᠴᠦ ᠶᠢᠨ ᠦᠵᠡᠯᠲᠡ ᠶᠢ ᠪᠦᠷᠢᠯᠳᠦᠭᠦᠯᠳᠡᠭ᠃ | ᠥᠪᠡᠷ ᠤᠨ ᠪᠡᠶ᠎ᠡ ᠳᠡᠭᠡᠨ ᠨᠡᠯᠢᠶᠡᠳ ᠨᠠᠵᠠᠭᠠᠶ ᠦᠨᠡᠯᠡᠯᠲᠡ ᠥᠭᠴᠦ᠂ ᠪᠡᠶ᠎ᠡ ᠳᠡᠭᠡᠨ ᠳᠡᠮᠡᠶ ᠢᠲᠡᠭᠡᠯ ᠦᠭᠡᠢ᠂ | ᠥᠪᠡᠷ ᠢ ᠪᠠᠨ ᠶᠠᠭᠠᠬᠢᠵᠤ ᠴᠢᠷᠮᠠᠶᠢᠬᠰᠠᠨ ᠴᠤ ᠢᠯᠠᠭᠳᠠᠨᠡ ᠭᠡᠵᠦ ᠦᠵᠡᠭᠡᠳ ᠢᠷᠡᠭᠡᠳᠦᠶ ᠳᠡᠭᠡᠨ ᠶᠠᠮᠠᠷ ᠴᠤ ᠬᠦᠰᠡᠯ | ᠡᠷᠡᠮᠡᠯᠵᠡᠯ ᠲᠠᠯᠪᠢᠳᠠᠭ ᠦᠭᠡᠢ ᠡᠶᠢᠮᠦ ᠨᠢᠭᠡ ᠪᠦᠯᠦᠭ ᠬᠦᠮᠦᠰ ᠪᠠᠶᠢᠳᠠᠭ᠃ ᠡᠳᠡᠭᠡᠷ ᠬᠦᠮᠦᠰ ᠨᠢ ᠪᠠᠰᠠ ᠪᠤᠰᠤᠳ ᠢ | ᠢᠲᠡᠭᠡᠬᠦ ᠦᠭᠡᠢ᠂ ᠡᠷᠭᠢᠨ ᠲᠣᠭᠤᠷᠢᠨ ᠤ ᠬᠥᠮᠦᠰ ᠲᠠᠢ ᠪᠠᠨ ᠡᠶ᠎ᠡ ᠨᠠᠶᠢᠷᠲᠠᠶ ᠪᠠᠶᠢᠵᠤ ᠴᠢᠳᠠᠬᠤ ᠦᠭᠡᠢ ᠪᠠᠶᠢᠳᠠᠭ᠃ | ᠡᠶᠢᠮᠦᠷᠬᠦ ᠵᠠᠩ ᠠᠭᠠᠰᠢ᠂ ᠶᠢᠷᠲᠢᠨᠴᠦ ᠶᠢᠨ ᠦᠵᠡᠯᠲᠡ ᠶᠢᠨ ᠪᠠᠷᠢᠮᠳᠠᠯᠠᠯ ᠳᠣᠤᠷ᠎ᠠ᠂ ᠲᠡᠳᠡ ᠥᠪᠡᠷ ᠤᠨ ᠪᠡᠶ᠎ᠡ᠂ ᠡᠷᠭᠢᠨ | ᠲᠣᠭᠤᠷᠢᠨ ᠤ ᠬᠥᠮᠦᠰ᠂ ᠳᠡᠯᠡᠬᠡᠶ ᠶᠢᠷᠲᠢᠨᠴᠦ᠂ ᠢᠷᠡᠭᠡᠳᠦᠶ ᠶᠢᠨ ᠲᠤᠬᠠᠶ ᠨᠠᠵᠠᠭᠠᠶ ᠦᠵᠡᠯᠲᠡ ᠲᠠᠢ ᠪᠠᠶᠢᠳᠠᠭ᠃ | ᠡᠶᠢᠮᠦᠷᠬᠦ ᠨᠠᠵᠠᠭᠠᠶ ᠦᠵᠡᠯᠲᠡ ᠨᠢ ᠬᠤᠪᠢ ᠬᠥᠮᠦᠨ ᠤ ᠠᠮᠢᠳᠤᠷᠠᠯ ᠢ ᠨᠢ ᠮᠠᠰᠢ ᠶᠡᠬᠡᠪᠡᠷ ᠨᠦᠯᠦᠭᠡᠯᠡᠵᠦ᠂ ᠠᠯᠢ ᠣᠯᠠᠨ | ᠮᠠᠭᠤ ᠣᠷᠴᠢᠯ ᠢ ᠪᠣᠢ ᠪᠣᠯᠭᠠᠵᠤ᠂ ᠡᠳᠦᠷ ᠤᠨ ᠤᠳᠠᠭᠠᠨ ᠳᠠᠭᠠᠨ ᠭᠠᠩᠰᠠᠷᠠᠬᠤ ᠬᠡᠮ ᠤᠯᠬᠤ ᠳᠤ ᠬᠦᠷᠦᠬᠦᠯᠳᠡᠭ᠃ | ᠪᠠᠰᠠ ᠨᠢᠭᠡ ᠪᠦᠯᠦᠭ ᠭᠠᠩᠰᠠᠷᠠᠬᠤ ᠭᠡᠮ ᠲᠠᠢ ᠬᠦᠮᠦᠰ ᠨᠢ ᠥᠪᠡᠷ ᠤᠨ ᠪᠡᠶ᠎ᠡ ᠪᠠᠨ ᠨᠡᠯᠢᠶᠡᠳ ᠲᠤᠤᠭᠤᠷ | ᠦᠨᠡᠯᠡᠳᠡᠭ ᠪᠣᠯᠪᠠᠴᠤ ᠪᠤᠰᠤᠳ ᠤᠨ ᠦᠨᠡᠯᠡᠯᠲᠡ ᠶᠢ ᠣᠨᠴᠠᠭᠠᠢ ᠠᠩᠬᠠᠷᠳᠠᠭ᠃ ᠡᠶᠢᠮᠦ ᠠᠴᠠ ᠠᠮᠢᠳᠤᠷᠠᠯ ᠳᠤᠮᠳᠠ᠂ | ᠲᠡᠳᠡ ᠴᠢᠷᠮᠠᠶᠢᠨ ᠠᠵᠢᠯᠯᠠᠵᠤ᠂ ᠪᠤᠰᠤᠳ ᠤᠨ ᠨᠤᠲᠠᠯᠠᠯᠳᠡ ᠶᠢ ᠣᠯᠬᠤ ᠶᠢ ᠬᠦᠰᠡᠳᠡᠭ᠃ ᠢᠡᠭᠭᠢᠭᠰᠡᠨ ᠢᠶᠠᠷ ᠲᠡᠳᠡ | ᠥᠪᠡᠷ ᠤᠨ ᠪᠡᠶ᠎ᠡ ᠳᠡᠭᠡᠨ ᠲᠤᠶᠢᠯ ᠤᠨ ᠴᠢᠩᠭ᠎ᠠ ᠱᠠᠭᠠᠷᠳᠠᠯᠭ᠎ᠠ ᠲᠠᠯᠪᠢᠵᠦ᠂ ᠥᠪᠡᠷ ᠤᠨ ᠬᠠᠷᠠᠯᠲᠠ ᠨᠢ ᠪᠡᠶᠡᠯᠡᠭᠳᠡᠵᠦ | ᠴᠢᠳᠠᠬᠤ ᠦᠭᠡᠢ ᠪᠣᠯᠪᠡᠯ ᠭᠠᠩᠰᠠᠷᠠᠬᠤ ᠭᠡᠮ ᠤᠯᠳᠠᠭ᠃ ᠡᠶᠢᠮᠦ ᠠᠴᠠ ᠭᠠᠩᠰᠠᠷᠠᠬᠤ ᠭᠡᠮ ᠤᠯᠬᠤ ᠨᠢ ᠬᠤᠪᠢ | ᠬᠥᠮᠦᠨ ᠤ ᠵᠠᠩ ᠠᠭᠠᠰᠢ ᠲᠠᠢ ᠨᠢᠭᠲᠠ ᠬᠤᠯᠪᠤᠭ᠎ᠠ ᠲᠠᠢ ᠪᠠᠶᠢᠳᠠᠭ ᠶᠤᠮ᠃ | |