ᠪᠤᠳᠠᠭ᠎ᠠ ᠵᠢᠩᠨᠡᠬᠦ ᠦᠶ᠎ᠡ ᠳᠤ ᠡᠳᠡᠭᠡᠷ ᠢ ᠬᠤᠯᠢᠵᠦ ᠵᠢᠩᠨᠡᠵᠦ ᠢᠳᠡᠪᠡᠯ ᠰᠢᠬᠢᠷ ᠢ ᠪᠦᠲᠦᠮᠵᠢᠲᠡᠶ ᠬᠢᠵᠠᠭᠠᠷᠯᠠᠵᠤ ᠲᠡᠶᠢᠯᠦᠨ᠎ᠡ
ᠨᠡᠶᠢᠲᠡᠯᠡᠭᠰᠡᠨ ᠴᠠᠭ᠄
2024/6/11
      1. ᠲᠤᠲᠤᠷᠭ᠎ᠠ ᠪᠤᠳᠠᠭ᠎ᠠ + ᠬᠤᠯᠢᠮᠠᠭ ᠪᠤᠷᠴᠠᠭ︔        ᠰᠤᠳᠤᠯᠭᠠᠨ ᠤ ᠢᠯᠡᠷᠡᠭᠦᠯᠦᠭᠰᠡᠨ ᠢᠶᠠᠷ᠂ ᠬᠠᠷ᠎ᠠ ᠪᠤᠷᠴᠠᠭ᠂ ᠪᠦᠷᠭᠦᠳ ᠤᠨ ᠬᠤᠰᠢᠭᠤᠲᠤ  ᠪᠤᠷᠴᠠᠭ᠂  ᠠᠯᠠᠭ  ᠱᠣᠰᠢ᠂ᠬᠠᠷ᠎ᠠ ᠱᠣᠰᠢ ᠶᠢ ᠲᠤᠲᠤᠷᠭ᠎ᠠ ᠲᠠᠢ ᠬᠠᠮᠲᠤ ᠢᠳᠡᠪᠡᠯ  ᠬᠤᠭᠤᠯᠠᠨ ᠤ  ᠳᠠᠷᠠᠭᠠᠬᠢ  ᠴᠢᠰᠤᠨ  ᠰᠢᠬᠢᠷ ᠤᠨ  ᠤᠷᠪᠠᠯ ᠢ  ᠢᠯᠡᠳᠲᠡ‌‍ᠪᠠᠭᠤᠷᠠᠭᠤᠯᠤᠨ᠎ᠠ᠂ ᠬᠠᠪᠲᠠᠭᠠᠶ ᠪᠤᠷᠴᠠᠭ ᠪᠤᠯᠤᠨ ᠪᠤᠳᠠᠭ᠎ᠠ ᠶᠢ ᠬᠠᠭᠠᠰ ᠬᠠᠭᠠᠰ  ᠬᠤᠯᠢᠵᠤ  ᠵᠢᠩᠨᠡᠵᠦ  ᠢᠳᠡᠪᠡᠯ᠂  ᠬᠤᠭᠤᠯᠠᠨ ‍ᠤ‌‍ᠲ᠋ᠠᠷᠠᠭᠠᠬᠢ ᠴᠢᠰᠤᠨ ᠰᠢᠬᠢᠷ ᠤᠨ ᠤᠷᠪᠠᠯ ᠢ 20% ᠪᠠᠷ ᠪᠠᠭᠤᠷᠠᠭᠤᠯᠤᠨ᠎ᠠ᠃        2. ᠲᠤᠲᠤᠷᠭ᠎ᠠ ᠪᠤᠳᠠᠭ᠎ᠠ + ᠨᠣᠬᠠᠢ ᠶᠢᠨ ᠬᠤᠰᠢᠭᠤ ᠶᠢᠨ ᠪᠤᠳᠠᠭ᠎ᠠ         ᠪᠦᠬᠦ ᠮᠥᠬᠦᠯᠢᠭᠲᠦ ᠨᠣᠬᠠᠶ ᠶᠢᠨ ᠬᠤᠰᠢᠭᠤ ᠪᠠ ᠴᠠᠶᠢᠯᠭᠠᠬᠰᠠᠨ ᠨᠣᠬᠠᠶ ᠶᠢᠨ ᠬᠤᠰᠢᠭᠤ ᠶᠢ ᠲᠤᠰ ᠲᠤᠰ ᠪᠤᠳᠠᠭ᠎ᠠ  ᠲᠠᠢᠪᠠᠨ ᠳᠡᠭᠡᠨ 1᠄1 ᠬᠠᠷᠢᠴᠠᠯ ᠢᠶᠠᠷ ᠬᠤᠯᠢᠵᠤ ᠴᠢᠨᠠᠬᠤ ᠦᠶᠡᠰ᠂ ᠪᠠᠶᠢᠡᠭᠭᠤ ᠶᠢᠨ ᠲᠠᠷᠤᠯᠳᠠᠳᠦ ᠲᠤᠭᠤᠭᠠᠨ ᠳᠤ  ᠴᠢᠨᠠᠬᠤ  ᠪᠤᠶᠤ‌ᠦᠨᠳᠦᠷ ᠲᠠᠷᠤᠯᠳᠠᠳᠦ ᠲᠤᠭᠤᠭᠠᠨ ᠳᠤ ᠴᠢᠨᠠᠬᠤ ᠨᠢ ᠴᠢᠰᠦᠨ ᠰᠢᠬᠢᠷ ᠢ ᠴᠢᠨᠢ ᠬᠢᠵᠠᠭᠠᠷᠯᠠᠵᠤ ᠴᠢᠳᠠᠨ᠎ᠠ᠃          3. ᠲᠤᠲᠤᠷᠭ᠎ᠠ ᠪᠤᠳᠠᠭ᠎ᠠ + ᠡᠷᠳᠡᠨᠢ ᠰᠢᠰᠢ︔         ᠡᠷᠳᠡᠨᠢ ᠰᠢᠰᠢ ᠪᠠ ᠲᠤᠲᠤᠷᠭ᠎ᠠ ᠶᠢ ᠬᠤᠯᠢᠵᠦ ᠢᠳᠡᠪᠡᠯ ᠴᠢᠰᠦᠨ  ᠰᠢᠭᠢᠷ  ᠢ  ᠴᠢᠨᠢ  ᠬᠢᠵᠠᠭᠠᠷᠯᠠᠵᠤ᠂  ᠬᠤᠭᠤᠯᠠᠨ ‍ᠤ‌‍ᠲ᠋ᠠᠷᠠᠭᠠᠬᠢ ᠴᠢᠰᠤᠨ ᠰᠢᠬᠢᠷ ᠤᠨ ᠳᠡᠭᠡᠭᠰᠢᠯᠡᠬᠦ ᠶᠢ ᠤᠳᠠᠭᠠᠰᠢᠷᠠᠭᠤᠯᠳᠠᠭ᠃ ᠡᠭᠦᠨ ᠤ ᠬᠠᠮᠲᠤ ᠡᠷᠳᠡᠨᠢ  ᠰᠢᠰᠢ ᠳᠤ  ᠪᠠᠰᠠ  ᠡᠯᠪᠡᠭ‌‍ᠲ᠋ᠡᠯᠪᠡᠭ ᠢᠳᠡᠭᠡᠨ ᠤ ᠰᠢᠷᠬᠡᠭᠯᠢᠭ ᠡᠳ᠋᠂ ᠸᠢᠲ᠋ᠠᠮᠢᠨ B ᠶᠢᠨ  ᠠᠶᠢᠮᠠᠭ᠂  ᠡᠷᠳᠡᠨᠢ  ᠰᠢᠰᠢ ᠶᠢᠨ  ᠰᠢᠷ᠎ᠠ  ᠡᠳ᠋᠂  ᠺᠠᠯᠢ  ᠪᠣᠯᠤᠨ‌‍ᠺᠠᠯᠼ ᠤᠨ ᠠᠭᠤᠯᠤᠭᠳᠠᠴᠠ ᠴᠤ ᠨᠡᠯᠢᠶᠡᠳ ᠰᠠᠶᠢᠨ ᠪᠠᠶᠢᠳᠠᠭ᠃        4. ᠲᠤᠲᠤᠷᠭ᠎ᠠ ᠪᠤᠳᠠᠭ᠎ᠠ + ᠠᠯᠠᠭ ᠲᠤᠲᠤᠷᠭ᠎ᠠ︔             ᠠᠯᠠᠭ ᠲᠤᠲᠤᠷᠭ᠎ᠠ ᠢᠳᠡᠬᠦ ᠶᠢ ᠴᠠᠭᠠᠨ ᠲᠤᠲᠤᠷᠭ᠎ᠠ ᠢᠳᠡᠬᠦ ᠲᠠᠢ ᠬᠠᠷᠢᠴᠠᠭᠤᠯᠪᠠᠯ᠂  ᠡᠳᠦᠷ ᠤᠨ  ᠳᠤᠮᠳᠠᠴᠢ  ᠴᠢᠰᠤᠨ‌‍ᠰᠢᠬᠢᠷ ᠤᠨ ᠲᠠᠯᠠᠪᠠᠶ ᠨᠢ 19.8% ᠪᠠᠷ ᠪᠠᠭᠤᠷᠠᠳᠠᠭ᠂ ᠠᠯᠠᠭ ᠲᠤᠲᠤᠷᠭ᠎ᠠ ᠶᠢ ᠡᠯᠳᠡᠪ ᠵᠦᠢᠯ  ᠤᠨ  ᠪᠤᠷᠴᠠᠭ  ᠲᠠᠢ  ᠬᠤᠯᠢᠵᠤ‌ᠢᠳᠡᠪᠡᠯ ᠴᠢᠰᠦᠨ ᠰᠢᠬᠢᠷ ᠢ 22.9 % ᠪᠠᠷ ᠪᠠᠭᠤᠷᠠᠭᠤᠯᠬᠤ ᠪᠦᠭᠡᠳ ᠨᠦᠢᠷ ᠤᠨ ᠠᠷᠠᠯ ᠤᠨ ᠡᠳ᠋ ᠤᠨ  ᠰᠣᠷᠭᠤᠭ  ᠴᠢᠨᠠᠷ  ᠢ‌‍ᠴᠥ᠋ᠮ ᠳᠡᠭᠡᠭᠰᠢᠯᠡᠭᠦᠯᠳᠡᠭ᠃             ᠪᠤᠳᠠᠭ᠎ᠠ ᠶᠢ ᠢᠡᠭᠭᠢᠵᠦ ᠢᠳᠡᠪᠡᠯ ᠴᠢᠰᠦᠨ ᠰᠢᠬᠢᠷ ᠢ ᠨᠠᠩ ᠰᠠᠶᠢᠨ ᠬᠢᠵᠠᠭᠠᠷᠯᠠᠵᠤ ᠳᠡᠶᠢᠯᠦᠨ᠎ᠡ᠃             1. ᠲᠤᠲᠤᠷᠭ᠎ᠠ ᠪᠤᠳᠠᠭ᠎ᠠ ᠢᠳᠡᠬᠦ ᠳᠡᠭᠡᠨ ᠡᠳᠡᠭᠡᠷ ᠢ ᠬᠤᠯᠢᠵᠦ ᠢᠳᠡᠭᠡᠷᠡᠢ᠄ ᠲᠤᠲᠤᠷᠭ᠎ᠠ  ᠪᠤᠳᠠᠭ᠎ᠠ  +  ᠤᠭᠤᠷᠠᠭᠲᠤ‌ᠢᠳᠡᠭᠡᠨ᠂ ᠲᠤᠲᠤᠷᠭ᠎ᠠ ᠪᠤᠳᠠᠭ᠎ᠠ +  ᠢᠳᠡᠰᠢᠨ  ᠨᠣᠭᠤᠭ᠎ᠠ᠃  ᠠᠩᠬᠠᠷᠤᠭᠤᠰᠢᠲᠠᠶ ᠨᠢ  ᠴᠠᠷᠳᠠᠭᠤᠯ ᠤᠨ  ᠪᠤᠰᠤ  ᠲᠥᠷᠥᠯ ‍ᠤᠨ‌ᠢᠳᠡᠰᠢᠨ ᠨᠣᠭᠤᠭ᠎ᠠ ᠲᠠᠢ ᠬᠤᠯᠢᠵᠦ ᠢᠳᠡᠬᠦ ᠶᠢ ᠰᠠᠨᠠᠭᠤᠯᠤᠶ᠎ᠠ᠂ ᠵᠢᠱᠢᠶᠡᠯᠡᠪᠡᠯ ᠵᠢᠵᠢᠭ ᠴᠠᠭᠠᠨ ᠨᠣᠭᠤᠭ᠎ᠠ᠂ ᠪᠦᠸᠧᠼᠠᠢ ᠨᠣᠭᠤᠭ᠎ᠠ᠂ᠬᠥᠨᠳᠡᠶ ᠭᠤᠤᠯᠳᠦ ᠨᠣᠭᠤᠭ᠎ᠠ ᠵᠡᠷᠭᠡ ᠨᠣᠭᠤᠭᠠᠨ ᠨᠠᠪᠴᠢᠲᠤ ᠨᠣᠭᠤᠭ᠎ᠠ ᠪᠤᠶᠤ ᠬᠠᠰᠢ᠂ ᠲᠥᠪᠡᠳ  ᠬᠠᠰᠢ᠂  ᠳ᠋ᠦᠩᠭᠤᠸᠠ  ᠵᠡᠷᠭᠡ‌ᠭᠤᠸᠠ ᠬᠠᠰᠢ ᠶᠢᠨ ᠲᠥᠷᠥᠯ ᠤᠨ ᠢᠳᠡᠰᠢᠨ ᠨᠣᠭᠤᠭ᠎ᠠ ᠵᠡᠷᠭᠡ ᠶᠢ ᠬᠤᠯᠢᠵᠦ ᠢᠳᠡᠵᠦ ᠪᠣᠯᠤᠨ᠎ᠠ᠃             2. ᠬᠤᠭᠤᠯᠠᠨ ᠠᠴᠠ ᠡᠮᠦᠨ᠎ᠡ ᠡᠳᠡᠭᠡᠷ ᠢ ᠢᠳᠡᠵᠦ ᠪᠣᠯᠤᠨ᠎ᠠ᠄ ᠬᠤᠭᠤᠯᠠ ᠢᠳᠡᠬᠦ ᠠᠴᠠ ᠡᠮᠦᠨ᠎ᠡ ᠵᠢᠮᠢᠰ ᠪᠠᠭ᠎ᠠ  ᠰᠠᠭ᠎ᠠ‌ᠢᠳᠡᠪᠡᠯ ᠴᠢᠰᠤᠨ ᠰᠢᠬᠢᠷ ᠢ ᠴᠢᠨᠢ ᠨᠡᠩ ᠰᠠᠶᠢᠨ ᠬᠢᠵᠠᠭᠠᠷᠯᠠᠵᠤ ᠳᠡᠶᠢᠯᠦᠨ᠎ᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号