ᠮᠠᠨ ᠤ ᠮᠤᠩᠭᠤᠯᠴᠤᠳ ᠡᠷᠳᠡ ᠳᠡᠭᠡᠳᠤ ᠠᠴᠠ ᠪᠠᠨ ᠮᠤᠷᠢ ᠶᠢ ᠲᠠᠨᠢᠵᠤ᠂ ᠲᠡᠭᠦᠨ ᠢ ᠰᠤᠷᠭᠠᠨ | ᠭᠠᠷᠰᠢᠭᠤᠯᠤᠭᠰᠠᠨ ᠠᠴᠠ ᠨᠠᠰᠢ ᠤᠨᠤᠬᠤ ᠪᠠ ᠬᠦᠯᠬᠦ ᠶᠢᠨ ᠳᠤᠯᠠᠳᠠ᠂ ᠲᠡᠭᠦᠨ ᠳᠤ ᠵᠤᠬᠢᠴᠠᠭᠰᠠᠨ ᠲᠤᠨᠤᠭ ᠬᠡᠷᠡᠭᠰᠡᠯ | ᠢ ᠡᠭᠦᠳᠦᠨ ᠪᠦᠲᠦᠭᠡᠵᠤ ᠢᠷᠡᠵᠠᠢ᠃ ᠡᠬᠢᠯᠡᠩᠭᠦᠳᠡ ᠨᠤᠭᠳᠤ ᠬᠠᠵᠠᠭᠠᠷ᠂ ᠳᠠᠷᠠᠭ᠎ᠠ ᠨᠢ ᠡᠮᠡᠭᠡᠯ ᠲᠦᠷᠦᠭᠡ᠂ ᠬᠤᠵᠢᠮ | ᠨᠢ ᠲᠡᠭᠦᠨ ᠢᠶᠠᠨ ᠥᠭᠡᠷᠡᠴᠢᠯᠡᠨ ᠰᠠᠶᠢᠵᠢᠷᠠᠭᠤᠯᠵᠤ ᠭᠤᠶᠤ ᠰᠠᠶᠢᠬᠠᠨ ᠵᠠᠰᠠᠭ ᠴᠢᠮᠡᠭ ᠲᠠᠢ ᠪᠤᠯᠭᠠᠨ ᠰᠢᠨᠡᠳᠬᠡᠵᠤ | ᠢᠷᠡᠪᠠ᠃ | ᠮᠤᠩᠭᠤᠯᠴᠤᠳ ᠤᠨ ᠮᠤᠷᠢᠨ ᠤ ᠲᠤᠨᠤᠭ ᠬᠡᠷᠡᠭᠰᠡᠯ ᠪᠤᠯ ᠤᠷᠳᠤ ᠤᠳᠠᠭᠠᠨ ᠬᠤᠭᠤᠴᠠᠭᠠᠨ ᠤ ᠠᠮᠢᠳᠤᠷᠠᠯ ᠤᠨ | ᠳᠤᠮᠳᠠ ᠡᠭᠦᠳᠦᠨ ᠪᠦᠲᠦᠭᠡᠭᠰᠡᠨ ᠪᠦᠬᠦ ᠮᠠᠯᠴᠢᠨ ᠨᠡᠭᠦᠳᠡᠯᠴᠢᠨ ᠤᠪᠤᠭ ᠠᠶᠢᠮᠠᠭ ᠤᠨ ᠨᠡᠶᠢᠳᠡ ᠶᠢᠨ ᠪᠦᠲᠦᠭᠡᠯ ᠶᠤᠮ᠃ | ᠬᠠᠭᠤᠴᠢ ᠰᠤᠳᠤᠯᠤᠯ᠂ ᠲᠡᠤᠬᠡ ᠳᠡᠮᠳᠡᠭᠯᠡᠯ ᠢ ᠦᠨᠳᠤᠰᠤᠯᠡᠪᠠᠯ ᠮᠠᠨ ᠤ ᠡᠷᠢᠨ ᠤ ᠡᠮᠦᠨᠡᠬᠢ2000 ᠵᠢᠯ ᠤᠨ | ᠲᠡᠷᠳᠡᠭᠡ ᠳᠤ ᠬᠤᠯᠪᠤᠭᠳᠠᠬᠤ ᠮᠤᠩᠭᠤᠯ ᠤᠨ ᠡᠷᠳᠡᠨ ᠤ ᠢᠵᠠᠭᠤᠷ ᠨᠡᠭᠦᠳᠡᠯᠴᠢᠨ ᠠᠶᠢᠮᠠᠭ ᠤᠨ ᠬᠠᠮᠤᠭ ᠠᠩᠬᠠᠨ ᠤ | ᠬᠠᠩᠭᠠᠢ ᠲᠡᠷᠭᠡ ᠶᠢ ᠡᠭᠦᠳᠬᠦ ᠶᠢᠨ ᠵᠡᠷᠭᠡᠳᠡ ᠡᠮᠡᠭᠡᠯ ᠡᠭᠦᠳᠴᠤ ᠡᠬᠢᠯᠡᠭᠰᠡᠨ ᠪᠠᠶᠢᠨ᠎ᠠ᠃ | ᠮᠤᠩᠭᠤᠯ ᠨᠤᠲᠤᠭ ᠲᠤ ︽ᠲᠠᠪᠤᠨ ᠮᠤᠳᠤᠨ ᠤ ᠡᠮᠡᠭᠡᠯ︾᠂ ︽ᠭᠤᠷᠪᠠᠨ ᠮᠤᠳᠤᠨ ᠤ ᠡᠮᠡᠭᠡᠯ︾ ᠭᠡᠵᠤ | ᠠᠴᠠ ᠰᠠᠯᠠᠭ᠎ᠠ ᠲᠠᠢ ᠮᠤᠳᠤ ᠪᠠᠷ ᠬᠢᠳᠡᠭ ᠠᠴᠠ ᠦᠵᠡᠪᠡᠯ ᠠᠩᠬᠠᠨ ᠤ ᠬᠦᠷᠡᠯ ᠵᠠᠪᠰᠡᠭ ᠤᠨ ᠦᠶ᠎ᠡ ᠠᠴᠠ ᠡᠬᠢᠯᠡᠨ | ᠬᠠᠮᠤᠭ ᠤᠨ ᠪᠦᠳᠦᠭᠦᠯᠢᠭ ᠮᠤᠳᠤᠨ ᠲᠤᠨᠤᠭ ᠤᠳ ᠢ ᠬᠢᠵᠤ ᠡᠬᠢᠯᠡᠭᠰᠡᠨ ᠪᠠᠶᠢᠨ᠎ᠠ᠃ ᠮᠦᠨᠴᠤ ᠰᠤᠷ ᠳᠡᠭᠡᠰᠤ ᠪᠠᠷ | ᠪᠠᠰᠠ ᠰᠤᠷ ᠲᠦᠷᠦᠭᠡ᠂ ᠳᠡᠭᠡᠰᠤᠨ ᠲᠦᠷᠦᠭᠡ᠂ ᠰᠤᠷ ᠠᠮᠠᠭᠠᠢ᠂ ᠶᠠᠰᠤᠨ ᠡᠪᠡᠷ ᠤᠨ ᠠᠮᠠᠭᠠᠢ ᠬᠢᠬᠦ ᠪᠤᠯᠵᠠᠢ᠃ | ᠲᠡᠮᠤᠷᠯᠢᠭ ᠢ ᠡᠯᠪᠡᠭ ᠬᠡᠷᠡᠭᠯᠡᠬᠦ ᠪᠤᠯᠤᠭᠰᠠᠨ ᠠᠴᠠ ᠨᠠᠰᠢ᠂ ᠮᠤᠳᠤ᠂ ᠰᠤᠷ ᠢᠶᠠᠷ ᠨᠡᠩ ᠤᠷᠠᠨ ᠲᠤᠨᠤᠭ | ᠳᠥᠬᠦᠭᠡᠷᠦᠮᠵᠢ ᠬᠢᠵᠤ ᠴᠢᠳᠠᠬᠤ ᠪᠤᠯᠤᠭᠰᠠᠨ ᠢᠶᠠᠷ ᠪᠠᠷᠠᠬᠤ ᠦᠭᠡᠢ᠂ ᠲᠡᠮᠤᠷᠯᠢᠭ ᠢᠶᠠᠷ ᠠᠮᠠᠭᠠᠢ᠂ ᠵᠤᠤᠵᠠᠢ᠂ | ᠳᠦᠷᠦᠭᠡ ᠵᠡᠷᠭᠡ ᠦᠨᠳᠤᠰᠤᠨ ᠬᠡᠷᠡᠭᠰᠡᠨ ᠢ ᠬᠢᠵᠤ ᠴᠢᠳᠠᠪᠠ᠃ ᠡᠨᠡ ᠪᠤᠯ ᠬᠠᠮᠤᠭ ᠠᠩᠬᠠᠨ ᠤ ᠮᠤᠷᠢᠨ ᠳᠤᠨᠤᠭ | ᠬᠡᠷᠡᠭᠰᠡᠯ ᠮᠦᠨ᠃ | ᠤᠨᠤᠯᠭ᠎ᠠ ᠶᠢᠨ ᠳᠤᠨᠤᠭ ᠭᠡᠷᠡᠭᠰᠡᠯ ᠢ ᠡᠩ ᠤᠨ ᠮᠠᠯᠵᠢᠬᠤ ᠦᠢᠯᠡᠳᠪᠤᠷᠢᠯᠡᠯ ᠤᠨ ᠬᠡᠷᠡᠭᠴᠡᠭᠡᠨ ᠳᠤ | ᠵᠤᠷᠢᠭᠤᠯᠤᠭᠰᠠᠨ ᠪᠠ ᠳᠠᠶᠢᠨ ᠪᠠᠶᠢᠯᠳᠤᠭᠠᠨ ᠳᠤ ᠵᠤᠷᠢᠭᠤᠯᠤᠭᠰᠠᠨ ᠳᠤᠨᠤᠭ ᠬᠡᠷᠡᠭᠰᠡᠯ ᠭᠡᠵᠤ ᠢᠯᠭᠠᠵᠤ ᠪᠤᠯᠤᠨ᠎ᠠ᠃ | ᠤᠨᠤᠯᠭ᠎ᠠ ᠶᠢᠨ ᠬᠡᠷᠡᠭᠴᠡᠭᠡᠨ ᠤ ᠳᠤᠨᠤᠭ ᠨᠢ ᠮᠠᠯ ᠠᠵᠤ ᠠᠬᠤᠢ ᠶᠢᠨ ᠦᠢᠯᠡᠳᠪᠤᠷᠢᠯᠡᠯ ᠳᠤ ᠵᠤᠷᠢᠭᠤᠯᠤᠭᠳᠠᠭᠰᠠᠨ | ᠤᠴᠢᠷ ᠡᠳᠦᠷ ᠳᠤᠳᠤᠮ ᠤᠨ ᠠᠵᠢᠯ ᠠᠮᠢᠳᠤᠷᠠᠯ ᠳᠤ ᠪᠦᠷᠢᠨ ᠬᠡᠷᠡᠭᠴᠡᠭᠡᠳᠠᠢ᠂ ᠬᠡᠷᠡᠭᠯᠡᠭᠡᠨ ᠤ ᠴᠢᠳᠠᠪᠤᠷᠢᠢ ᠰᠠᠶᠢᠨ᠂ | ᠪᠦᠬᠡ ᠮᠦᠷᠲᠡᠭᠡᠨ ᠬᠢᠯᠪᠡᠷ ᠳᠦᠯᠭᠦᠮ ᠪᠠᠶᠢᠳᠠᠭ ᠠᠴᠠ ᠶᠠᠷᠤ ᠨᠢ ᠡᠩ ᠤᠨ ᠮᠠᠯᠴᠢᠳ ᠪᠦᠬᠦᠨ ᠬᠢᠵᠤ ᠴᠢᠳᠠᠳᠠᠭ᠃ | ᠡᠭᠦᠨ ᠢ ᠪᠠᠰᠠ ᠮᠠᠯᠴᠢᠳ ᠤᠨ ᠮᠤᠷᠢᠨ ᠬᠡᠷᠡᠭᠰᠡᠯ ᠬᠡᠨ᠎ᠡ᠃ ᠡᠭᠦᠨ ᠳᠤ ᠤᠨᠤᠭᠠᠷᠢ ᠶᠢᠨ ᠮᠤᠷᠢ᠂ ᠤᠷᠭᠠᠨ ᠮᠤᠷᠢᠨ ᠳᠤ | ᠬᠡᠷᠡᠭᠯᠡᠬᠦ ᠡᠮᠡᠭᠡᠯ ᠬᠠᠵᠠᠭᠠᠷ᠂ ᠴᠢᠳᠤᠷ ᠳᠤᠱᠠ᠂ ᠤᠷᠭ᠎ᠠ ᠪᠤᠭᠤᠶᠢᠯᠢ ᠵᠡᠷᠭᠡ ᠪᠠᠭᠳᠠᠨ᠎ᠠ᠃ | ᠮᠤᠩᠭᠤᠯ ᠤᠨ ᠮᠤᠷᠢᠨ ᠰᠤᠶᠤᠯ ᠤᠨ ᠠᠭᠤᠯᠭ᠎ᠠ ᠳᠤ ᠬᠠᠮᠤᠷᠤᠭᠳᠠᠬᠤ ᠳᠤᠨᠤᠭ ᠳᠦᠭᠦᠬᠡᠷᠦᠮᠵᠢ ᠨᠦᠭᠦᠳ ᠢ | ᠮᠠᠲ᠋ᠧᠷᠢᠶᠠᠯ ᠤᠨ ᠲᠠᠯ᠎ᠠ ᠠᠴᠠ ᠠᠪᠴᠤ ᠦᠵᠡᠪᠡᠯ ᠦᠨᠳᠤᠰᠤᠨ ᠭᠤᠷᠪᠠᠨ ᠮᠠᠲ᠋ᠧᠷᠢᠶᠠᠯ ᠢᠶᠠᠷ ᠬᠢᠭᠳᠡᠵᠠᠢ ᠭᠡᠵᠤ ᠦᠵᠡᠵᠤ | ᠪᠤᠯᠤᠨ᠎ᠠ᠃ | ᠲᠡᠭᠦᠨ ᠤ ᠨᠢᠭᠡ ᠨᠢ ᠠᠷᠠᠰᠤ ᠰᠢᠷᠢ᠂ ᠰᠤᠷ ᠪᠠ ᠢᠰᠡᠬᠡᠢ ᠪᠤᠯᠤᠨ᠎ᠠ᠃ ᠰᠢᠷᠢ ᠪᠠᠷ ᠬᠦᠯᠢᠮ᠂ ᠳᠡᠪᠰᠡ ᠬᠢᠵᠤ᠂ | ᠰᠤᠷ ᠢᠶᠠᠷ ᠴᠢᠳᠤᠷ ᠨᠤᠭᠳᠤ᠂ ᠤᠷᠭᠠᠨ ᠤ ᠬᠤᠶᠢᠪᠢ᠂ ᠪᠤᠭᠤᠶᠢᠯᠢ᠂ ᠳᠠᠳᠠᠯᠭ᠎ᠠ᠂ ᠭᠠᠨᠵᠤᠭ᠎ᠠ᠂ ᠵᠢᠷᠢᠮ᠂ ᠨᠤᠭᠳᠤ᠂ | ᠤᠯᠤᠩ ᠵᠡᠷᠭᠡ ᠶᠢ ᠦᠢᠯᠡᠳᠦᠨ᠎ᠠ᠃ ᠳᠡᠯ ᠬᠢᠯᠭᠠᠰᠤ ᠪᠠᠷ ᠳᠡᠭᠡᠰᠤ ᠵᠢᠴᠢ ᠵᠢᠷᠢᠮ᠂ ᠨᠤᠭᠳᠤ᠂ ᠤᠯᠤᠩ ᠢ ᠬᠢᠨ᠎ᠠ᠃ | ᠰᠤᠷ ᠬᠢᠯᠭᠠᠰᠤᠨ ᠳᠡᠭᠡᠰᠤ ᠪᠠᠷ ᠤᠶᠠᠭ᠎ᠠ ᠤᠶᠠᠵᠤ ᠡᠯᠳᠡᠪ ᠵᠠᠩᠬᠢᠯᠠᠭ᠎ᠠ ᠶᠢ ᠤᠷᠠᠯᠠᠨ ᠪᠦᠲᠦᠭᠡᠭᠰᠡᠨ ᠨᠢ ᠳᠡᠯᠡᠬᠡᠢ ᠳᠤ | ᠭᠠᠭᠴᠠ ᠮᠤᠩᠭᠤᠯᠴᠤᠳ ᠪᠠᠶᠢᠭ᠎ᠠ ᠶᠤᠮ᠃ | ᠲᠡᠭᠦᠨ ᠤ ᠬᠤᠶᠠᠷ ᠨᠢ ᠮᠤᠳᠤ ᠪᠤᠯᠤᠨ᠎ᠠ᠃ ᠭᠤᠤᠯᠳᠠᠭᠤ ᠬᠠᠳᠠᠭᠤ ᠪᠦᠬᠡ ᠴᠢᠨᠠᠷ ᠤᠨ ᠮᠤᠳᠤ ᠶᠢ ᠰᠤᠩᠭᠤᠳᠠᠭ | ᠃ ᠡᠭᠦᠨ ᠳᠤ ᠬᠤᠰᠤ᠂ ᠨᠠᠷᠠᠰᠤ ︵ᠬᠠᠷ᠎ᠠ ᠮᠤᠳᠤ︶᠂ ᠤᠳᠠ᠂ ᠤᠯᠢᠶᠠᠰᠤ᠂ ᠬᠤᠯᠤᠰᠤ᠂ ᠽᠠᠨᠳᠠᠨ ᠮᠤᠳᠤ ᠶᠢ | ᠤᠯᠵᠤ ᠬᠡᠷᠡᠭᠯᠡᠳᠡᠭ᠃ ᠮᠤᠳᠤᠨ ᠮᠠᠲ᠋ᠧᠷᠢᠶᠠᠯ ᠢᠶᠠᠷ ᠬᠢᠭᠰᠡᠨ ᠡᠮᠡᠭᠡᠯ ᠨᠢ ᠥᠪᠡᠷᠮᠢᠴᠡ ᠳᠦᠷᠢ ᠤᠷᠠᠯᠠᠯ ᠪᠦᠬᠦᠢ | ᠰᠡᠶᠢᠯᠦᠮᠡᠯ ᠢᠶᠠᠷ ᠭᠤᠶᠤᠯᠠᠭᠳᠠᠭᠰᠠᠨ ᠪᠠᠶᠢᠳᠠᠭ᠃ ᠮᠤᠳᠤᠨ ᠮᠠᠲ᠋ᠧᠷᠢᠶᠠᠯ ᠢᠶᠠᠷ ᠲᠤᠨᠤᠭ ᠬᠡᠷᠡᠭᠰᠡᠯ ᠢ ᠮᠠᠯᠴᠢᠳ | ᠥᠪᠡᠷᠳᠡᠭᠡᠨ ᠬᠢᠴᠢᠭᠡᠳᠡᠭ᠃ | ᠲᠡᠭᠦᠨ ᠤ ᠭᠤᠷᠪᠠ ᠨᠢ ᠲᠡᠮᠤᠷᠯᠢᠭ ᠮᠠᠲ᠋ᠧᠷᠢᠶᠠᠯ᠃ ᠬᠠᠵᠠᠭᠠᠷ ᠤᠨ ᠠᠮᠠᠭᠠᠢ᠂ ᠵᠤᠤᠵᠠᠢ᠂ ᠡᠮᠡᠭᠡᠯ ᠤᠨ ᠲᠦᠷᠦᠭᠡ | ᠵᠢᠴᠢ ᠵᠠᠰᠠᠯ ᠵᠢᠮᠰᠡᠭ ᠤᠳ ᠢ ᠭᠠᠤᠯᠢ᠂ ᠵᠡᠰ᠂ ᠬᠦᠷᠢᠯ᠂ ᠲᠡᠮᠤᠷ᠂ ᠪᠤᠯᠤᠳ᠂ ᠴᠠᠶᠢᠷ᠂ ᠮᠥᠩᠬᠦ᠂ ᠠᠯᠳᠠ ᠪᠠᠷ | ᠬᠢᠳᠡᠭ᠃ ᠲᠡᠷᠡᠴᠢᠯᠠᠨ ᠵᠠᠰᠠᠯ ᠭᠤᠶᠤᠯᠠᠯ ᠤᠨ ᠦᠨᠡᠳᠤ ᠡᠮᠡᠭᠡᠯ ᠢ ᠠᠯᠳᠠ ᠪᠠᠷ᠂ ᠵᠢᠩ ᠲᠠᠢ ᠯᠠᠨ ᠢᠶᠠᠷ᠂ ᠨᠤᠭᠳᠤ ᠶᠢ | ᠬᠠᠰ ᠢᠶᠠᠷ᠂ ᠬᠠᠵᠠᠭᠠᠷ ᠲᠦᠷᠦᠭᠡ ᠶᠢ ᠮᠥᠩᠬᠦ ᠪᠠᠷ ᠬᠢᠳᠡᠭ ᠴᠤ ᠪᠤᠢ᠃ ᠴᠠᠬᠠᠷ ᠱᠠᠩᠳᠤ ᠠᠳᠤᠭᠤᠴᠢᠨ ᠬᠤᠰᠢᠭᠤᠨ | ᠤ ᠮᠥᠩᠬᠦᠨ ᠳᠠᠷᠬᠠᠨ ᠰᠤᠨᠤᠮ ᠤᠨ ᠦᠢᠯᠡᠳᠤᠭᠰᠡᠨ ᠮᠥᠩᠬᠦᠨ ᠡᠳ᠋ᠯᠡᠯ ᠪᠠ ᠮᠥᠩᠬᠦᠨ ᠲᠠᠷᠬ᠎ᠠ ᠶᠢᠨ ᠪᠠᠭᠠᠵᠢ | ᠬᠡᠷᠡᠭᠰᠡᠯ ᠡᠳᠦᠭᠡ ᠪᠤᠯᠳᠠᠯ᠎ᠠ ᠤᠯᠠᠮᠵᠢᠯᠠᠭᠳᠠᠭᠰᠠᠭᠠᠷ ᠪᠠᠶᠢᠨ᠎ᠠ᠃ ᠮᠤᠩᠭᠤᠯᠴᠤᠳ ᠤᠨ ᠡᠮᠡᠭᠡᠯ ᠳᠤ᠂ ᠴᠤᠯᠤ ᠮᠥᠩᠬᠦᠨ | ᠡᠮᠡᠭᠡᠯ᠂ ᠭᠠᠤᠯᠢᠨ ᠡᠮᠡᠭᠡᠯ᠂ ᠵᠢᠩ ᠲᠠᠢ ᠯᠠᠨ ᠡᠮᠡᠭᠡᠯ ᠵᠡᠷᠭᠡ ᠪᠠᠶᠢᠳᠠᠭ᠃ | ᠡᠮᠡᠭᠡᠯᠴᠢ ᠶᠢᠨ ᠨᠡᠷ᠎ᠡ ᠶᠢᠨ ᠨᠡᠷᠡᠯᠡᠭᠳᠡᠭᠰᠡᠨ ᠰᠠᠮᠪᠤᠤ ᠡᠮᠡᠭᠡᠯ᠂ ᠤᠪᠤᠭ ᠠᠶᠢᠮᠠᠭ ᠤᠨ ᠨᠡᠷ᠎ᠡ ᠪᠠᠷ ᠨᠠᠷᠠᠯᠡᠭᠳᠡᠭᠰᠡᠨ | ᠳᠠᠷᠬᠠᠳ ᠡᠮᠡᠭᠡᠯ᠂ ᠪᠤᠷᠵᠢᠬᠢᠨ ᠡᠮᠡᠭᠡᠯ᠂ ᠤᠷᠢᠶᠠᠩᠬᠠᠢ ᠡᠮᠡᠭᠡᠯ᠂ ᠪᠤᠷᠢᠶᠠᠳ ᠡᠮᠡᠭᠡᠯ᠂ ᠦᠵᠦᠮᠦᠴᠢᠨ ᠡᠮᠡᠭᠡᠯ᠂ | ᠤᠶᠢᠷᠠᠳ ᠡᠮᠡᠭᠡᠯ ᠭᠡᠵᠤ ᠢᠯᠭᠠᠨ᠎ᠠ᠃ | ᠳᠠᠷᠬᠠᠨ ᠡᠮᠡᠭᠡᠯ ᠤᠨ ᠪᠦᠲᠦᠴᠡ᠄ | ᠳᠠᠷᠬᠠᠨ ᠡᠮᠡᠭᠡᠯ ᠤᠨ ᠮᠤᠳᠤ ᠨᠢ ᠡᠮᠦᠨ᠎ᠠ ᠬᠤᠶᠢᠳᠤ ᠪᠦᠬᠦᠷᠭᠡ᠂ ᠵᠥᠪ ᠪᠤᠷᠤᠭᠤ ᠬᠤᠶᠠᠷ ᠲᠠᠯ᠎ᠠ ᠶᠢᠨ | ᠬᠠᠳᠠᠪᠴᠢ ᠵᠡᠷᠭᠡ ᠳᠦᠷᠪᠠᠨ ᠬᠡᠰᠡᠭ ᠢᠶᠠᠷ ᠪᠦᠷᠯᠳᠤᠳᠡᠭ᠃ ᠬᠤᠶᠠᠷ ᠬᠠᠳᠠᠪᠴᠢ ᠶᠢᠨ ᠭᠤᠤᠯ ᠤᠨ ᠵᠠᠯᠭᠠᠭᠠᠰᠤ ᠭᠡᠰᠡᠭ | ᠢ ᠵᠢᠭᠠᠰᠤ ᠭᠡᠳᠡᠭ᠃ ︵ᠵᠠᠷᠢᠮ ᠭᠠᠵᠠᠷ ᠬᠤᠩᠭᠤ ᠭᠡᠵᠤ ᠨᠡᠷᠡᠯᠡᠳᠡᠭ︶᠃ ᠡᠮᠡᠭᠡᠯ ᠤᠨ ᠮᠤᠳᠤ ᠶᠢ ᠬᠠᠳᠠᠭᠤ ᠪᠠᠬᠢᠯᠢᠭ᠌ | ᠴᠢᠨᠠᠷ ᠲᠠᠢ ᠬᠤᠰᠤ᠂ ᠦᠷᠢᠯ᠂ ᠲᠠᠤᠯᠠᠢ ᠶᠢᠨ ᠪᠦᠭᠡᠷ᠎ᠡ᠂ ᠠᠭᠠᠷᠤ᠂ ᠽᠠᠨᠳᠠᠨ᠂ ᠰᠤᠮᠤᠨ ᠮᠤᠳᠤ ᠶᠢ ᠰᠤᠩᠭᠤᠨ | ᠬᠡᠷᠡᠭᠯᠡᠳᠡᠭ᠃ ᠡᠮᠡᠭᠡᠯ ᠤᠨ ᠪᠦᠭᠦᠷᠭᠡ ᠶᠢ ᠠᠴᠠ ᠮᠤᠳᠤ ᠪᠠᠷ ᠪᠢᠳᠡᠭᠦᠦ ᠬᠢᠨ᠎ᠠ᠃ ᠬᠠᠳᠠᠪᠴᠢ ᠶᠢ ᠠᠮᠠᠷᠬᠠᠨ | ᠬᠠᠭᠠᠷᠠᠵᠤ ᠴᠤᠴᠠᠷᠠᠬᠤ ᠦᠭᠡᠢ ᠬᠤᠰᠤ ᠮᠤᠳᠤ ᠪᠠᠷ ᠬᠢᠳᠡᠭ᠃ ᠬᠤᠶᠠᠷ ᠬᠠᠳᠠᠪᠴᠢ ᠶᠢᠨ ᠪᠦᠬᠦᠷᠭᠡ ᠲᠠᠢ ᠨᠡᠶᠢᠯᠡᠬᠦ | ᠬᠡᠰᠡᠭ ᠤᠨ ᠬᠤᠭᠤᠷᠤᠨᠳᠤᠬᠢ ᠵᠠᠢ ᠨᠢ ᠡᠮᠦᠨ᠎ᠠ ᠲᠠᠯ᠎ᠠ ᠳᠠᠭᠠᠨ 10cm ᠣᠷᠴᠢᠮ᠂ ᠠᠷᠤ ᠲᠠᠯ᠎ᠠ ᠨᠢ11 cm | ᠤᠷᠴᠢᠮ᠂ ᠪᠦᠬᠦᠷᠭᠡ ᠶᠢᠨ ᠬᠤᠩᠬᠤᠷ ᠤᠨ ᠬᠦᠨ6 cm᠂ ᠬᠠᠳᠠᠪᠴᠢ ᠶᠢᠨ ᠭᠠᠳᠠᠷ ᠢᠷᠮᠡᠭ ᠤᠨ ᠵᠠᠢ ᠨᠢ ᠡᠮᠦᠨ᠎ᠠ | ᠲᠠᠯ᠎ᠠ ᠳᠠᠭᠠᠨ 25cm᠂ ᠠᠷᠤ ᠲᠠᠯ᠎ᠠ ᠳᠠᠭᠠᠨ 29 cm ᠤᠷᠴᠢᠮ ᠪᠠᠶᠢᠳᠠᠭ᠃ ᠬᠠᠳᠠᠪᠴᠢᠨ ᠤ ᠬᠤᠶᠠᠷ | ᠪᠦᠬᠦᠷᠭᠡ ᠶᠢᠨ ᠳᠤᠮᠳᠠᠬᠢ ᠬᠡᠰᠡᠭ ᠨᠢ ᠵᠤᠵᠠᠭᠠᠨ᠂ ᠬᠤᠶᠠᠷ ᠪᠦᠬᠦᠷᠭᠡ ᠲᠠᠢ ᠵᠠᠯᠭᠠᠬᠤ ᠬᠡᠰᠡᠭ ᠢ ᠨᠢᠮᠬᠡᠨ ᠪᠤᠯᠭᠠᠵᠤ᠂ | ᠱᠠᠭᠠᠨᠳᠠᠭ ᠢᠶᠠᠷ ᠬᠠᠳᠠᠨ ᠲᠤᠭᠲᠠᠭᠠᠵᠤ ᠪᠤᠯᠢᠭᠠᠷᠢ ᠪᠠᠷ ᠴᠠᠪᠠᠤᠳᠠᠨ ᠬᠤᠯᠳᠠᠨᠠ᠃ | ᠳᠠᠷᠬᠠᠨ ᠡᠮᠡᠭᠡᠯ ᠤᠨ ᠪᠦᠬᠦᠷᠭᠡ ᠮᠤᠳᠤ ᠶᠢ ᠡᠶᠢᠨ ᠬᠦ᠋ ᠪᠦᠷᠢᠯᠳᠤᠭᠦᠯᠦᠭᠰᠡᠨ ᠤ ᠳᠠᠷᠠᠭ᠎ᠠ᠂ ᠲᠡᠭᠦᠨ ᠤ ᠳᠡᠭᠡᠷ᠎ᠡ | ᠭᠠᠨᠵᠤᠭ᠎ᠠ ᠳᠠᠳᠠᠬᠤ ᠨᠥᠬᠡ ᠶᠢ ᠡᠮᠦᠨ᠎ᠠ ᠬᠤᠶᠢᠨ᠎ᠠ ᠳᠤᠰᠪᠤᠷᠢ ᠴᠤᠭᠤᠯᠵᠤ᠂ ᠠᠷᠪᠠ᠂ ᠠᠷᠪᠠᠨ ᠨᠠᠢᠮᠠᠨ ᠭᠠᠨᠵᠤᠭ᠎ᠠ | ᠶᠢ ᠰᠤᠷ ᠢᠶᠠᠷ ᠬᠢᠵᠤ ᠡᠮᠦᠨ᠎ᠡ ᠳᠦᠷᠪᠠ᠂ ᠬᠤᠶᠢᠨ᠎ᠠ ᠵᠢᠷᠭᠤᠭ᠎ᠠ ᠪᠤᠶᠤ ᠡᠮᠦᠨ᠎ᠠ ᠨᠠᠢᠮᠠ᠂ ᠬᠤᠶᠢᠨ᠎ᠠ ᠠᠷᠪᠠ | ᠲᠠᠭᠠᠷᠠᠭᠤᠯᠵᠤ ᠳᠠᠳᠠᠳᠠᠭ᠃ ᠭᠠᠨᠵᠤᠭ᠎ᠠ ᠶᠢ ᠵᠢᠭᠳᠡ ᠰᠢᠭ ᠬᠢᠪᠠᠯ ᠡᠮᠡᠭᠡᠯ ᠤᠨ ᠥᠩᠬᠡ ᠦᠵᠡᠮᠵᠢ ᠶᠢ ᠭᠤᠶᠤ | ᠪᠤᠯᠭᠠᠬᠤ ᠶᠢᠨ ᠬᠠᠮᠳᠤ ᠤᠯᠠᠨ ᠭᠡᠷᠡᠭᠴᠡᠭᠡᠨ ᠳᠤ ᠪᠠᠬᠢᠯᠢᠭ᠌ ᠪᠠᠶᠢᠳᠠᠭ᠃ | ᠵᠥᠪ ᠲᠠᠯ᠎ᠠ ᠶᠢᠨ ᠡᠮᠦᠨ᠎ᠠ ᠭᠠᠨᠵᠤᠭ᠎ᠠ ᠠᠴᠠ ᠳᠠᠰᠢᠭᠤᠷ᠂ ᠵᠢᠯᠤᠭᠤ ᠪᠠᠨ ᠤᠶᠠᠬᠤ᠂ ᠠᠷᠤ ᠬᠤᠶᠠᠷ | ᠭᠠᠨᠵᠤᠭ᠎ᠠ ᠪᠠᠷ ᠠᠴᠢᠶ᠎ᠠ ᠰᠠᠪᠠ᠂ ᠳ᠋ᠠᠯᠢᠶᠠᠷ ᠳᠠᠷᠤᠭᠤᠯᠬᠤ᠂ ᠪᠤᠷᠤᠭᠤ ᠲᠠᠯ᠎ᠠ ᠶᠢᠨ ᠠᠷᠤ ᠭᠠᠨᠵᠤᠭᠠᠨ ᠠᠴᠠ ᠴᠢᠳᠦᠷ | ᠤᠨ ᠳᠠᠳᠠᠭᠠᠰᠤ᠂ ᠳᠡᠭᠡᠰᠤ ᠨᠤᠭᠳᠤ ᠵᠡᠷᠭᠡ ᠶᠢ ᠤᠶᠠᠬᠤ ᠵᠡᠷᠭᠡ ᠪᠠᠷ ᠬᠡᠷᠡᠭᠯᠡᠨ᠎ᠠ᠃ ᠡᠮᠨᠢᠭ ᠰᠤᠷᠭᠠᠬᠤ ᠳᠤ ᠴᠤ | ᠭᠠᠨᠵᠤᠭ᠎ᠠ ᠤᠨᠴᠠ ᠶᠢᠨ ᠶᠡᠭᠡ ᠳᠤᠰᠠᠲᠠᠢ᠃ | ᠬᠠᠳᠠᠪᠴᠢᠨ ᠤ ᠭᠠᠳᠠᠷ ᠢᠷᠮᠡᠭ ᠠᠴᠠ ᠳᠤᠳᠤᠭᠰᠢ 3 cm ᠤᠨ ᠤᠷᠴᠢᠮ ᠤᠷᠳᠤ ᠳᠦᠷᠪᠡᠯᠵᠢᠨ ᠨᠥᠬᠡ | ᠭᠠᠷᠭᠠᠵᠤ᠂ ᠲᠡᠭᠦᠨ ᠠᠴᠠ ᠳᠦᠷᠦᠭᠡᠨ ᠰᠤᠷ ᠬᠤᠯᠪᠤᠵᠤ᠂ ᠲᠦᠷᠦᠭᠡ ᠪᠠᠨ ᠳᠡᠭᠦᠵᠢᠯᠡᠨᠠ᠃ ᠪᠦᠭᠦᠷᠭᠡ ᠶᠢᠨ ᠳᠤᠳᠤᠷ | ᠲᠠᠯ᠎ᠠ ᠳᠤ ᠳᠤᠤᠷᠠᠳᠤ ᠦᠵᠦᠭᠦᠷ ᠠᠴᠠ ᠳᠡᠭᠡᠭᠰᠢ 3.5cm ᠤᠨ ᠤᠷᠴᠢᠮ ᠡᠮᠦᠨ᠎ᠠ ᠬᠤᠶᠢᠨ᠎ᠠ ᠪᠦᠬᠦᠷᠭᠡ ᠳᠤᠰᠪᠤᠷᠢ | ᠶᠢᠨ ᠬᠤᠶᠠᠷ ᠲᠠᠯ᠎ᠠ ᠳᠤ ᠨᠢᠭᠡ ᠨᠥᠬᠡ ᠭᠠᠷᠭᠠᠵᠤ᠂ ᠤᠯᠤᠩ ᠵᠢᠷᠢᠮ ᠤᠨ ᠤᠭᠰᠠᠭ᠎ᠠ ︵ᠪᠠᠰᠠ ᠤᠭᠴᠤᠷᠭ᠎ᠠ ᠭᠡᠵᠤ | ᠨᠡᠷᠡᠯᠡᠳᠡᠭ︶ ᠳᠠᠳᠠᠨ᠎ᠠ᠃ ᠡᠮᠡᠭᠡᠯ ᠤᠨ ᠰᠠᠭᠤᠳᠠᠯ ᠤᠨ ᠭᠤᠤᠯ ᠲᠥᠪ ᠲᠤ ᠳᠦᠷᠪᠡᠯᠵᠢᠨ ᠳᠦᠷᠰᠤ ᠪᠦᠬᠦᠢ ᠳᠦᠷᠪᠠᠨ | ᠨᠥᠬᠡ ᠴᠤᠭᠤᠯᠵᠤ ᠳᠠᠷᠤᠯᠭ᠎ᠠ ᠳᠠᠳᠠᠬᠤ ᠳᠤ ᠬᠡᠷᠡᠭᠯᠡᠨ᠎ᠠ᠃ | ᠳᠠᠷᠤᠯᠭ᠎ᠠ ᠪᠠᠭᠠᠪᠤᠷ᠄ ᠡᠮᠡᠭᠡᠯ ᠤᠨ ᠰᠠᠭᠤᠳᠠᠯ ᠳᠤ ᠳᠡᠪᠰᠠ ᠶᠢ ᠳᠠᠷᠤᠭᠤᠯᠵᠤ ᠬᠢᠬᠦ ᠳᠠᠪᠠᠭ ᠢ ᠳᠠᠷᠤᠯᠭ᠎ᠠ | ᠭᠡᠨ᠎ᠡ᠃ ᠳᠠᠷᠤᠯᠭ᠎ᠠ ᠶᠢ ᠮᠥᠩᠬᠦ᠂ ᠭᠠᠤᠯᠢ᠂ ᠵᠢᠩ ᠲᠠᠢ ᠯᠠᠨ ᠪᠤᠶᠤ ᠴᠠᠶᠢᠷ ᠢᠶᠠᠷ ᠴᠢᠳᠬᠤᠨ ᠬᠢᠳᠡᠭ᠃ ᠡᠷᠪᠡᠭᠡᠢ᠂ | ᠪᠠᠳᠮ᠎ᠠ ᠯᠢᠩᠬᠤᠸ᠎ᠠ ᠴᠡᠴᠡᠭ᠂ ᠪᠠᠭᠪᠠᠭ᠋ᠠᠢ ᠵᠡᠷᠭᠡ ᠭᠡ ᠤᠷᠠᠯᠠᠯ ᠲᠠᠢ᠃ ᠬᠠᠮᠤᠭ ᠡᠩ ᠤᠨ ᠳᠠᠷᠤᠯᠭ᠎ᠠ ᠴᠣ᠋ ᠭᠡᠳ | ᠮᠥᠩᠬᠦᠨ ᠵᠤᠭᠤᠰ ᠮᠡᠳᠤ ᠲᠤᠭᠤᠷᠢᠭ ᠬᠢᠴᠡ ᠲᠠᠢ ᠪᠠᠶᠢᠳᠠᠭ᠃ | ᠡᠮᠡᠭᠡᠯ ᠤᠨ ᠬᠠᠳᠠᠪᠴᠢᠨ ᠤ ᠬᠤᠶᠢᠳᠤ ᠬᠡᠰᠡᠭ ᠲᠤ ᠭᠠᠨᠵᠤᠭ᠎ᠠ ᠬᠤᠳᠠᠷᠭᠠᠨ ᠤ ᠤᠭ ᠲᠤ ᠬᠠᠳᠬᠤᠬᠤ ᠭᠤᠶᠤ | ᠬᠢᠴᠡ ᠲᠠᠢ ᠴᠢᠮᠡᠭ ᠢ ᠪᠠᠭᠠᠪᠤᠷ ᠭᠡᠳᠡᠭ᠃ ᠪᠠᠭᠠᠪᠤᠷ ᠢ ᠮᠥᠩᠬᠦ᠂ ᠭᠠᠤᠯᠢ᠂ ᠲᠡᠮᠤᠷ᠂ ᠴᠠᠶᠢᠷ ᠢᠶᠠᠷ ᠤᠷᠠᠯᠠᠳᠠᠭ᠃ | ᠳᠠᠷᠬᠠᠨ ᠡᠮᠡᠭᠡᠯ ᠤᠨ ᠮᠤᠳᠤ ᠶᠢ ᠤᠯᠠᠭᠠᠨ ᠰᠢᠷᠭᠠᠯ ᠥᠩᠬᠡ ᠪᠠᠷ ᠰᠢᠷᠳᠡᠳᠡᠭ ᠨᠢ ᠤᠯᠠᠨ᠃ ᠮᠢᠩᠭ᠎ᠠ ᠶᠢᠰᠦᠨ | ᠵᠠᠭᠤ ᠳᠠᠪᠢᠭᠠᠳ ᠤᠨ ᠤ ᠦᠶᠡᠰ ᠢᠶᠠᠷ ᠡᠬᠢᠯᠡᠵᠤ ᠳᠠᠷᠬᠠᠨ ᠨᠤᠲᠤᠭ ᠲᠤ ᠮᠠᠶᠤᠤᠵᠠ ᠬᠡᠷᠡᠭᠯᠡᠬᠦ ᠪᠤᠯᠵᠤᠥ᠂ ᠲᠡᠭᠦᠨ | ᠠᠴᠠ ᠡᠮᠦᠨ᠎ᠡ ᠴᠠᠮᠪᠠᠨ ᠳᠡᠪᠰᠡ ᠭᠡᠵᠤ ᠬᠡᠷᠡᠭᠯᠡᠳᠡᠭ᠃ ᠴᠡᠮᠪᠠᠨ ᠳᠡᠪᠰᠡ ᠭᠡᠵᠤ ᠠᠷᠠᠰᠤᠨ ᠬᠤᠯᠳᠠᠭᠠᠰᠤ ᠶᠢᠨ ᠳᠡᠭᠡᠷ᠎ᠡ | ᠢᠰᠡᠬᠡᠢ ᠶᠢ ᠨᠢᠮᠬᠡᠯᠡᠵᠤ ᠴᠡᠮᠪᠠᠨ ᠲᠤᠷᠭ᠎ᠠ ᠪᠠᠷ ᠥᠩᠬᠡᠯᠡᠭᠡᠳ ᠬᠢᠷ᠎ᠠ ᠶᠢᠨ ᠳᠤᠳᠤᠷ ᠢᠷᠮᠡᠭ ᠲᠠᠢ ᠵᠡᠷᠭᠡᠴᠡᠭᠦᠯᠦᠨ | ᠪᠠᠶᠢᠵᠤ ᠪᠦᠷᠢᠨ ᠨᠠᠭᠠᠵᠤ ᠳᠠᠷᠤᠯᠭ᠎ᠠ ᠪᠠᠷ ᠳᠠᠷᠤᠬᠤ ᠶᠢ ᠬᠡᠯᠡᠨ᠎ᠠ᠃ ᠮᠠᠶᠤᠤᠵᠠ ᠶᠢ ᠪᠠᠰᠠ ᠤᠯᠤᠩᠴᠤᠭ ᠮᠠᠶᠤᠤᠵᠠ | ᠭᠡᠳᠡᠭ᠃ ᠮᠠᠶᠤᠤᠵᠠ ᠬᠢᠭᠰᠡᠨ ᠡᠮᠡᠭᠡᠯ ᠳᠤ ᠬᠦᠮᠦᠨ ᠰᠠᠭᠤᠬᠤ ᠳᠤ ᠨᠤᠬᠤᠬᠤ ᠦᠭᠡᠢ᠂ ᠬᠤᠯᠭᠤᠬᠤ ᠦᠭᠡᠢ ᠵᠥᠭᠡᠯᠡᠨ | ᠪᠠᠶᠢᠳᠠᠭ ᠤᠨᠴᠠᠯᠢᠭ ᠲᠠᠢ᠃ | ᠵᠢᠷᠠᠭᠠᠳ ᠤᠨ ᠠᠴᠠ ᠡᠬᠢᠯᠡᠵᠤ ᠬᠠᠶᠢᠷᠴᠠᠭ ᠤᠭᠠᠯᠵᠠ ᠲᠠᠢ᠂ ᠳᠤᠭᠤᠢ ᠭᠠᠨᠵᠤᠭᠠᠨ ᠰᠦᠪᠡᠭᠴᠢ ᠬᠡᠷᠡᠭᠯᠡᠬᠦ | ᠪᠤᠯᠵᠤ᠂ ᠱᠠᠩᠺᠸᠤ ᠬᠦᠯᠢᠮ ᠲᠠᠭᠠᠷᠠᠭᠤᠯᠵᠤ ᠡᠳ᠋ᠯᠡᠳᠡᠭ ᠪᠠᠶᠢᠭᠰᠠᠨ᠃ | ᠬᠢᠷ᠎ᠠ ᠶᠢ ᠮᠥᠩᠬᠦ᠂ ᠭᠠᠤᠯᠢ᠂ ᠴᠠᠶᠢᠷ ᠵᠡᠷᠭᠡ ᠲᠡᠮᠤᠷᠯᠢᠭ ᠢᠶᠠᠷ ᠡᠮᠡᠭᠡᠯ ᠤᠨ ᠪᠦᠬᠦᠷᠭᠡ ᠶᠢᠨ ᠢᠷᠮᠡᠭ ᠢ | ᠳᠠᠷᠤᠭᠤᠯᠵᠤ ᠬᠢᠪᠠᠯ ᠪᠦᠬᠡ ᠪᠤᠯᠬᠤ ᠮᠦᠷᠲᠡᠭᠡᠨ ᠶᠠᠩᠵᠤᠯᠢᠭ ᠪᠠᠶᠢᠳᠠᠭ᠃ ᠵᠠᠷᠢᠮ ᠭᠠᠵᠠᠷ ᠲᠡᠮᠡᠭᠡᠨ ᠶᠠᠰᠤ ᠪᠠᠷ ᠴᠤ | ᠬᠢᠷ᠎ᠠ ᠬᠢᠵᠤ᠂ ᠠᠯᠤᠬ᠎ᠠ ᠬᠡ᠂ ᠤᠭᠠᠯᠵᠠ ᠬᠡ ᠵᠡᠷᠭᠡ ᠶᠢ ᠰᠡᠶᠢᠯᠵᠤ ᠤᠷᠠᠯᠠᠳᠠᠭ᠃ | ᠬᠦᠯᠢᠮ ᠪᠤᠯ ᠲᠦᠷᠦᠭᠡᠨ ᠰᠤᠷ ᠮᠤᠷᠢᠨ ᠤ ᠬᠡᠳᠡᠰᠤ ᠶᠢ ᠬᠤᠯᠭᠤᠬᠤ ᠪᠤᠶᠤ ᠮᠤᠷᠢᠨ ᠤ ᠬᠦᠯᠦᠰᠤᠨ ᠳᠤ | ᠬᠤᠪᠴᠠᠰᠤ ᠬᠤᠬᠢᠷᠳᠤᠬᠤ ᠵᠡᠷᠭᠡ ᠠᠴᠠ ᠰᠡᠷᠬᠡᠶᠢᠯᠡᠬᠦ ᠶᠢᠨ ᠳᠤᠯᠠᠳᠠ ᠬᠢᠭᠰᠡᠨ ᠡᠮᠡᠭᠡᠯ ᠤᠨ ᠬᠡᠷᠡᠭᠰᠡᠯ᠃ ᠬᠦᠯᠢᠮ ᠢ | ᠳᠤᠬᠤᠮ ᠤᠨ ᠳᠡᠭᠡᠷ᠎ᠡ᠂ ᠡᠮᠡᠭᠡᠯ ᠤᠨ ᠮᠤᠳᠤᠨ ᠤ ᠳᠤᠤᠷ᠎ᠠ ᠲᠠᠭᠠᠷᠠᠭᠤᠯᠳᠠᠭ᠃ ᠠᠷᠠᠰᠤ᠂ ᠰᠢᠷᠢ᠂ ᠪᠤᠯᠢᠭᠠᠷᠢ᠂ | ᠬᠡᠪᠢᠰ ᠵᠡᠷᠭᠡ ᠪᠠᠷ ᠬᠢᠳᠡᠭ᠃ ᠡᠳ᠋ᠯᠡᠭᠡᠨ ᠤ ᠬᠤᠪᠢ ᠳᠤ ᠰᠢᠷᠢ᠂ ᠪᠤᠯᠢᠭᠠᠷᠢ ᠬᠦᠯᠢᠮ ᠪᠦᠬᠡ ᠪᠠᠶᠢᠳᠠᠭ᠃ | ᠳᠤᠬᠤᠮ ᠢ ᠨᠢ ᠭᠤᠤᠯᠳᠠᠭᠤ ᠵᠤᠵᠠᠭᠠᠨ ᠢᠰᠡᠬᠡᠢ ᠪᠠᠷ ᠬᠢᠵᠤ᠂ ᠮᠤᠷᠢᠨ ᠳᠤ ᠡᠮᠡᠭᠡᠯ ᠳᠤᠬᠤᠬᠤ ᠳᠤ ᠬᠠᠳᠠᠪᠴᠢ | ᠮᠤᠳᠤ ᠨᠢ ᠮᠤᠷᠢᠨ ᠨᠢᠷᠤᠭᠤ ᠶᠢ ᠬᠤᠯᠭᠤᠬᠤ ᠠᠴᠠ ᠰᠡᠷᠬᠡᠶᠢᠯᠡᠬᠦ ᠪᠤᠦᠤ ᠮᠤᠷᠢᠨ ᠨᠢᠷᠤᠭᠤᠨ ᠤ ᠬᠦᠯᠦᠰᠤ ᠶᠢ ᠰᠢᠩᠬᠡᠬᠦ | ᠳᠤ ᠵᠤᠷᠢᠭᠤᠯᠤᠨ᠎ᠠ᠃ ᠳᠤᠬᠤᠮ ᠢ ᠬᠢᠬᠦ ᠳᠡᠭᠡᠨ ᠡᠮᠦᠨ᠎ᠠ ᠢᠷᠮᠡᠭ ᠢ ᠬᠤᠶᠢᠳᠤ ᠢᠷᠮᠡᠭ ᠠᠴᠠ ᠪᠠᠨ ᠪᠠᠭ᠎ᠠ ᠵᠤᠵᠠᠭᠠᠨ | ᠪᠠᠶᠢᠯᠭᠠᠵᠤ᠂ ᠡᠮᠡᠭᠡᠯ ᠤᠨ ᠮᠤᠷᠢᠨ ᠨᠢᠷᠤᠭᠤᠨ ᠳᠠᠬᠢ ᠲᠤᠭᠳᠠᠪᠤᠷᠢ ᠶᠢ ᠪᠠᠳᠤ ᠪᠠᠶᠢᠯᠭᠠᠳᠠᠭ᠃ | ᠬᠠᠷᠠᠪᠴᠢ ᠪᠤᠯ ᠬᠦᠯ ᠬᠤᠯᠭᠤᠬᠤ ᠠᠴᠠ ᠰᠡᠷᠬᠡᠶᠢᠯᠡᠨ ᠲᠦᠷᠦᠭᠡᠨ ᠰᠤᠷ ᠢ ᠳᠠᠷᠤᠬᠤ ᠳᠤ ᠪᠡᠯᠡᠳᠬᠡᠭᠰᠡᠨ | ᠵᠦᠢᠯ᠃ ᠴᠠᠬᠠᠷᠴᠤᠳ ᠬᠠᠪᠴᠢᠭ ᠬᠡᠨ᠎ᠡ ᠂ ᠪᠠᠰᠠ ᠳᠡᠪᠢᠰᠭᠡᠷ ᠭᠡᠨ᠎ᠠ᠃ ᠬᠦᠯᠢᠮ ᠲᠠᠢ ᠠᠳᠠᠯᠢ ᠬᠡᠪᠢᠰ᠂ ᠪᠤᠯᠢᠭᠠᠷᠢ᠂ | ᠰᠢᠷᠢ ᠪᠠᠷ ᠬᠢᠳᠡᠭ᠃ | ᠤᠯᠤᠩ ᠢ ᠠᠳᠤᠭᠤᠨ ᠤ ᠬᠥᠭᠡᠪᠤᠷ᠂ ᠲᠡᠮᠡᠭᠡᠨ ᠨᠤᠤᠰᠤ ᠪᠠᠷ ᠳᠤᠮᠤᠵᠤ᠂ ᠲᠡᠭᠦᠨ ᠢᠶᠠᠨ ᠳᠦᠷᠪᠠ ᠪᠤᠶᠤ | ᠵᠢᠷᠭᠤᠭ᠎ᠠ ᠪᠠᠷ ᠡᠩᠨᠡᠭᠦᠯᠦᠨ ᠰᠢᠷᠡᠵᠤ ᠬᠢᠨ᠎ᠠ᠃ ᠰᠠᠶᠢᠨ ᠰᠤᠷ ᠢ ᠵᠦᠰᠦᠵᠤ ᠰᠦᠯᠵᠢᠨ ᠬᠢᠭᠰᠡᠨ ᠤᠯᠤᠩ ᠢ ᠰᠢᠷᠢᠮᠡᠯ | ᠤᠯᠤᠩ᠃ ︵ᠥᠪᠦᠷ ᠮᠤᠩᠭᠤᠯᠴᠤᠳ ᠰᠤᠷ ᠤᠯᠤᠩ ᠬᠡᠳᠡᠭ ︶᠃ ᠤᠯᠤᠩ ᠢ ᠮᠤᠷᠢᠨ ᠤ ᠪᠤᠷᠤᠭᠤ ᠲᠠᠯ᠎ᠠ ᠶᠢᠨ | ᠡᠮᠡᠭᠡᠯ ᠤᠨ ᠡᠮᠦᠨ᠎ᠠ ᠬᠤᠶᠢᠳᠤ ᠤᠭᠰᠠᠭ᠎ᠠ ᠠᠴᠠ ᠲᠤᠰᠪᠤᠷᠢ ᠨᠢᠭᠡ ᠵᠠᠩᠬᠢᠳᠴᠤ᠂ ᠮᠤᠷᠢᠨ ᠴᠡᠭᠡᠵᠢ ᠪᠠ ᠴᠠᠪᠢ ᠶᠢᠨ | ᠡᠮᠦᠨᠡᠭᠦᠷ ᠳᠠᠳᠠᠵᠤ᠂ ᠵᠥᠪ ᠲᠠᠯ᠎ᠠ ᠶᠢᠨ ᠬᠤᠶᠠᠷ ᠵᠢᠷᠢᠮ ᠢ ᠤᠯᠤᠩ ᠤᠨ ᠠᠷᠠᠯ ᠳᠤ ᠰᠢᠷᠭᠤᠭᠤᠯᠵᠤ ᠳᠡᠳᠠᠵᠤ | ᠴᠢᠩᠭᠠᠯᠠᠨ᠎ᠠ᠃ | ᠵᠢᠷᠢᠮ ᠢ ᠨᠠᠷᠢᠮ ᠰᠤᠷ ᠢᠶᠠᠷ ᠳᠦᠷᠪᠡᠯᠵᠢᠯᠡᠨ ᠡᠬᠢᠯᠡᠵᠤ᠂ ᠵᠥᠪ ᠲᠠᠯ᠎ᠠ ᠶᠢᠨ ᠡᠮᠦᠨ᠎ᠠ ᠬᠤᠶᠢᠨ᠎ᠠ ᠤᠭᠰᠠᠭ᠎ᠠ | ᠠᠴᠠ ᠳᠤᠰᠪᠤᠷᠢ ᠨᠢᠭᠡ ᠵᠠᠩᠬᠢᠳᠴᠤ᠂ ᠲᠡᠭᠦᠨ ᠤ ᠳᠡᠭᠡᠭᠦᠷ ᠬᠠᠷᠠᠪᠴᠢ ᠪᠠᠷ ᠳᠠᠷᠤᠨ᠎ᠠ᠃ | ᠮᠤᠩᠭᠤᠯᠴᠤᠳ ᠤᠨ ᠲᠦᠷᠦᠭᠡ ᠶᠢ ᠡᠩ ᠤᠨ ᠬᠡᠷᠡᠭᠴᠡᠭᠡᠨ ᠤ ᠲᠦᠷᠦᠭᠡ᠂ ᠨᠠᠶᠢᠷ ᠨᠠᠭᠠᠳᠤᠮ ᠳᠤ ᠬᠡᠷᠡᠭᠯᠡᠬᠦ | ᠲᠦᠷᠦᠭᠡ ᠭᠡᠵᠤ ᠬᠤᠶᠠᠷ ᠬᠤᠪᠢᠶᠠᠳᠠᠭ᠃ ᠡᠩ ᠤᠨ ᠬᠡᠷᠡᠭᠴᠡᠭᠡᠨ ᠤ ᠲᠦᠷᠦᠭᠡ ᠳᠤ ᠡᠷᠳᠡᠨ ᠤ ᠤᠪᠤᠭ ᠠᠶᠢᠮᠠᠭ ᠤᠨ | ᠬᠢᠭᠰᠡᠨ ᠪᠦᠲᠦᠭᠦᠯᠢᠭ ᠳᠡᠭᠡᠰᠤᠨ ᠲᠦᠷᠦᠭᠡ᠂ ᠮᠤᠳᠤᠨ ᠲᠦᠷᠦᠭᠡ᠂ ᠶᠠᠰᠤ᠂ ᠡᠪᠡᠷ ᠲᠦᠷᠦᠭᠡ ᠪᠠᠶᠢᠳᠠᠭ ᠠᠴᠠ ᠡᠩ | ᠤᠨ ᠲᠡᠮᠤᠷ ᠲᠦᠷᠦᠭᠡ᠂ ᠭᠠᠤᠯᠢᠨ ᠲᠦᠷᠦᠭᠡ᠂ ᠰᠠᠪᠬ᠎ᠠ ᠲᠡᠮᠤᠷ ᠢᠶᠠᠷ ᠬᠢᠭᠰᠡᠨ ᠬᠠᠪᠢᠷᠭᠠᠨ ᠲᠦᠷᠦᠭᠡ ᠶᠢ ᠭᠤᠤᠯ | ᠤᠷᠤᠯᠳᠤᠭᠠᠨ ᠳᠤ ᠬᠡᠷᠡᠭᠯᠡᠳᠡᠭ᠃ | ᠲᠦᠷᠦᠭᠡ᠄ ᠰᠡᠨᠵᠢ ︵ᠰᠤᠷ ᠤᠨ ᠰᠦᠪᠠ︶᠂ ᠬᠠᠪᠢᠷᠭ᠎ᠠ ︵ᠴᠠᠭᠠᠷᠢᠭ︶᠂ ᠲᠦᠷᠦᠭᠡᠨ ᠲᠤᠯᠢ ︵ᠲᠠᠪᠠᠭ︶᠂ | ᠲᠦᠷᠦᠭᠡᠨ ᠤ ᠵᠠᠭ᠎ᠠ ︵ᠲᠡᠭᠡᠳᠤ ᠤᠭᠠᠯᠵᠠ︶ ᠠᠴᠠ ᠪᠦᠷᠢᠯᠳᠤᠳᠡᠭ᠃ ᠲᠦᠷᠦᠭᠡ ᠶᠢ ᠳᠦᠷᠦᠭᠡᠨ ᠰᠤᠷ ᠲᠤ ᠡᠯᠭᠦᠵᠤ | ᠂ ᠤᠨᠤᠭᠠᠴᠢ ᠥᠪᠡᠷ ᠤᠨ ᠨᠢᠷᠤᠭᠤ᠂ ᠬᠥᠯ ᠤᠨ ᠡᠪ ᠢᠶᠠᠷ ᠲᠡᠩᠴᠡᠭᠦᠯᠦᠨ ᠤᠷᠳᠤ ᠶᠢ ᠲᠤᠭᠲᠠᠭᠠᠳᠠᠭ᠃ |