ᠭᠠᠯ ᠤᠨ ᠲᠠᠯᠠᠯᠭ᠎ᠠ ᠠᠪᠬᠤ
ᠨᠡᠶᠢᠲᠡᠯᠡᠭᠰᠡᠨ ᠴᠠᠭ᠄
2024/3/6
     ᠭᠠᠯ ᠲᠠᠭᠢᠯᠭ᠎ᠠ ᠶᠢᠨ ᠰᠤᠳᠤᠷ ᠤᠡᠭᠰᠢᠵᠥ᠂ ᠲᠠᠯᠠᠯᠭᠠᠨ ᠭᠡᠰᠢᠭ ᠭᠥᠷᠭᠦ ᠥᠶᠠᠰ ᠲᠤ ᠰᠤᠳᠤᠷ ᠤᠡᠭᠰᠢᠬᠴᠢ  ᠲᠠᠯᠠᠯᠭ᠎ᠠ ᠶᠢᠨ ᠰᠤᠮᠤ ᠪᠠᠨ ᠪᠠᠷᠢᠵᠥ᠂ ᠭᠡᠷ ᠤᠨ ᠡᠵᠠᠨ ᠲᠠᠯᠠᠯᠭᠠᠨ ᠰᠠᠭᠤᠯᠠᠭ᠎ᠠ ᠪᠠᠨ ᠬᠠᠳᠠᠭ ᠤᠨ ᠲᠡᠭᠡᠷ᠎ᠠ ᠪᠠᠷᠢᠵᠥ  ᠬᠤᠷᠦ᠋ᠢᠯᠠᠨ ᠲᠠᠯᠠᠯᠵᠤ᠂ ᠭᠠᠯ ᠤᠨ ᠲᠠᠭᠢᠯᠭ᠎ᠠ ᠳᠤ ᠤᠷᠤᠯᠴᠠᠭᠰᠠᠨ ᠪᠤᠰᠤᠳ ᠭᠥᠮᠥᠰ ᠴᠤ ᠮᠠᠯ ᠤᠨ ᠭᠡᠰᠢᠭ ᠤᠨ  ᠲᠠᠭᠠᠷᠴᠤᠭ᠂ ᠬᠠᠳᠠᠭ᠂ ᠭᠥᠭᠦᠷ᠂ ᠲᠠᠪᠠᠭ ᠲᠠᠢ ᠴᠠᠭᠠᠨ ᠢᠳᠡᠭᠡ᠂ ᠪᠤᠤᠪᠤ ᠪᠤᠭᠤᠷᠰᠤᠭ ᠪᠠᠷᠢᠵᠠᠭᠠᠨ ︽ᠬᠤᠷᠤᠢ᠂  ᠬᠤᠷᠤᠢ᠂ ᠬᠤᠷᠤᠢ︾ ᠭᠡᠵᠥ ᠬᠤᠷᠦ᠋ᠢᠯᠠᠨ ᠲᠠᠯᠠᠯᠳᠠᠭ᠃ ᠲᠠᠯᠠᠯᠭ᠎ᠠ ᠲᠠᠯᠠᠯᠵᠤ ᠪᠠᠷᠠᠭᠰᠠᠨ ᠤ ᠲᠠᠷᠠᠭ᠎ᠠ᠂ ᠲᠠᠯᠠᠯᠭ᠎ᠠ ᠶᠢᠨ  ᠰᠠᠭᠤᠯᠠᠭ᠎ᠠ ᠪᠠᠨ ᠲᠤᠷᠭᠠᠨ ᠬᠠᠳᠠᠭ ᠢᠶᠠᠷ ᠪᠥᠳᠡᠭᠡᠨ ᠲᠠᠯᠪᠢᠵᠥ᠂ ᠭᠤᠷᠪᠠᠨ ᠬᠤᠨᠤᠭ ᠨᠡᠭᠡᠭᠡᠳᠡᠭ ᠥᠭᠡᠢ᠃  ᠲᠥᠷᠪᠡᠳᠥᠭᠡᠷ ᠡᠳᠤᠷ ᠨᠢ ᠭᠠᠯ ᠤᠨ ᠭᠡᠰᠢᠭ ᠭᠡᠵᠥ ᠰᠠᠳᠤᠨ ᠲᠥᠷᠥᠯ᠂ ᠠᠶᠢᠯ ᠰᠠᠭᠠᠬᠠᠯᠳᠠ ᠶᠢᠨ ᠬᠢᠨ ᠲᠠᠢ ᠪᠠᠨ  ᠬᠤᠪᠢᠶᠠᠯᠴᠠᠨ ᠢᠳᠡᠵᠥ᠂ ᠥᠯᠡᠳᠡᠭᠰᠡᠨ ᠢ ᠨᠢ ᠭᠠᠯ ᠲᠠᠭᠢᠯᠭ᠎ᠠ ᠳᠤ ᠤᠷᠤᠯᠴᠠᠵᠤ ᠲᠠᠶᠢᠯᠥᠭᠰᠡᠨ ᠥᠭᠡᠢ ᠭᠡᠥᠭᠡᠳ  ᠠᠴᠢᠨᠠᠷ ᠲᠤ ᠪᠠᠨ ᠬᠠᠳᠠᠭᠠᠯᠠᠨ ᠥᠯᠡᠳᠡᠭᠡᠳᠡᠭ᠃ ᠭᠠᠯ ᠤᠨ ᠲᠠᠯᠠᠯᠭ᠎ᠠ ᠲᠠᠭᠤᠰᠤᠭᠰᠠᠨ ᠤ ᠲᠠᠷᠠᠭ᠎ᠠ᠂ ᠭᠡᠷ ᠤᠨ ᠡᠵᠠᠨ  ᠪᠠᠯᠡᠳᠭᠡᠭᠰᠡᠨ ᠭᠠᠯ ᠤᠨ ᠡᠮᠥᠰᠭᠡᠯ ᠢᠶᠠᠨ ᠰᠠᠴᠤᠯᠢ ᠶᠢᠨ ᠠᠷᠢᠭᠢᠨ ᠳᠤ ᠲᠥᠷᠥᠵᠥ᠂ ᠲᠤᠯᠭ᠎ᠠ ᠶᠢᠨ ᠵᠡᠭᠦᠨ ᠡᠮᠤᠨᠡᠭᠢ  ᠤᠴᠤᠭ ᠠᠴᠠ ᠡᠭᠢᠯᠡᠨ ᠵᠥᠪ ᠡᠷᠭᠢᠵᠥ ᠤᠨᠤᠭᠤᠯᠵᠤ ᠲᠠᠯᠪᠢᠭᠠᠳ᠂ ᠲᠡᠭᠡᠷ᠎ᠠ ᠨᠢ ᠭᠠᠯ ᠤᠨ ᠪᠤᠳᠠᠭᠠᠨ ᠤ ᠵᠤᠯᠠ ᠶᠢ  ᠰᠠᠴᠤᠯᠢ ᠶᠢᠨ ᠬᠠᠯᠪᠠᠭ᠎ᠠ ᠪᠠᠷ ᠠᠪᠤᠭᠠᠳ ᠵᠡᠭᠦᠨ ᠡᠮᠥᠨᠡᠭᠢ ᠤᠴᠤᠭ ᠠᠴᠠ ᠡᠭᠢᠯᠡᠨ ᠤᠴᠤᠭ ᠪᠤᠯᠭᠠᠨ ᠳᠤ  ᠰᠠᠭᠤᠯᠭᠠᠵᠤ᠂ ᠪᠤᠳᠠᠭᠠᠨ ᠵᠤᠯᠠ ᠶᠢᠨ ᠲᠤᠤᠷ᠎ᠠ ᠲᠠᠪᠢᠰᠥᠭᠰᠡᠨ ᠬᠤᠨᠢᠨ ᠤ ᠨᠤᠤᠰᠤ ᠪᠤᠶᠤ ᠴᠠᠭᠠᠰᠤ ᠪᠠᠨ ᠰᠢᠳᠠᠭᠠᠨ  ᠲᠤᠭᠤᠨᠤ ᠪᠠᠷ ᠢᠶᠠᠨ ᠰᠢᠳᠡᠵᠥ ᠭᠠᠷᠭᠠᠳᠠᠭ᠃ ᠥᠯᠡᠳᠡᠭᠰᠡᠨ ᠡᠷᠭᠦᠴᠠ ᠪᠠᠨ ᠭᠠᠯ ᠳᠤ ᠪᠠᠨ ᠡᠷᠭᠦᠵᠥ᠂ ᠤᠯᠠᠨ ᠢᠶᠠᠷ   ᠢᠶᠠᠨ ︽ᠡᠨᠡ ᠡᠳᠤᠷ ᠭᠠᠯ ᠴᠤᠬᠤᠮ ᠰᠠᠶᠢᠬᠠᠨ ᠪᠠᠳᠠᠷᠠᠯ᠎ᠠ᠂ ᠥᠭᠡᠳᠡᠯᠡᠭᠦ ᠶᠢᠨ ᠥᠯᠵᠠᠢ ᠲᠠᠢ︾ ᠭᠡᠵᠥ ᠪᠠᠯᠭᠡ  ᠲᠠᠮᠪᠡᠷᠡᠯ ᠲᠠᠢ ᠥᠭᠡ ᠶᠠᠷᠢᠵᠠᠭᠠᠨ ᠲᠠᠭᠢᠯᠭ᠎ᠠ ᠲᠠᠭᠦᠰᠳᠡᠭ᠃ ᠭᠠᠯ ᠢᠶᠠᠨ ᠲᠠᠭᠢᠭᠠᠳ ᠪᠠᠷᠠᠪᠠᠯ ᠭᠠᠯ ᠲᠠᠭᠢᠯᠭ᠎ᠠ ᠳᠤ  ᠤᠷᠤᠯᠴᠠᠭᠰᠠᠳ ᠲᠤ ᠪᠠᠨ ᠴᠠᠢ ᠠᠶᠠᠭᠠᠯᠠᠨ᠂ ᠴᠠᠭᠠᠨ ᠢᠳᠡᠭᠡ ᠠᠮᠰᠠᠭᠤᠯᠤᠨ᠂ ᠠᠷᠢᠭᠢ ᠪᠠᠷᠢᠵᠥ᠂ ᠠᠮᠤᠰᠤ ᠪᠤᠳᠠᠭ᠎ᠠ᠂ ᠴᠢᠨᠠᠭᠰᠠᠨ ᠮᠢᠬ᠎ᠠ ᠢᠳᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号