ᠬᠤᠩᠭᠤᠷᠳᠠᠯ᠎ᠠ ᠥᠨᠳᠤᠰᠤᠳᠠᠨ ᠤ ᠬᠡᠤᠬᠡᠤᠨ ᠤᠨ ᠴᠡᠴᠡᠷᠯᠢᠭ ᠪᠣᠯ ᠥᠪᠡᠷᠳᠡᠬᠡᠨ ᠵᠠᠰᠠᠬᠤ ᠤᠷᠤᠨ ᠤ | 《ᠠᠷᠪᠠ ᠶᠢ ᠪᠤᠷᠬᠦᠬᠦᠯᠬᠦ 》 ᠢᠨᠵᠧᠨᠧᠷᠢᠭ ᠤᠨ ᠲᠥᠷᠤᠯ ᠵᠥᠢᠯ ᠪᠤᠯᠵᠤ᠂ ᠲᠠᠷᠬᠠᠨ ᠮᠤᠤᠮᠢᠩᠭᠠᠨ ᠨᠠᠮ ᠤᠨ | ᠬᠤᠷᠢᠶ᠎ᠡ᠂ ᠵᠠᠰᠠᠭ ᠤᠨ ᠤᠷᠳᠤᠨ ᠰᠤᠷᠭᠠᠨ ᠬᠥᠮᠤᠵᠢᠯ ᠤᠨ ᠲᠥᠯᠬᠢᠨ ᠠᠬᠢᠭᠤᠯᠬᠤ ᠬᠥᠨᠳᠤ ᠴᠢᠬᠤᠯᠠ | ᠠᠵᠢᠯᠯᠠᠭ᠎ᠠ ᠶᠢᠨ ᠨᠢᠭᠡ ᠪᠤᠯᠤᠨ᠎ᠠ᠃ ᠴᠡᠴᠡᠷᠯᠢᠭ ᠤᠨ ᠡᠵᠡᠯᠡᠬᠦ ᠶᠡᠷᠤᠩᠬᠡᠢ ᠲᠠᠯᠠᠪᠠᠢ ᠪᠣᠯ 8076 m2᠂ | ᠪᠠᠷᠢᠯᠭ᠎ᠠ ᠶᠢᠨ ᠡᠵᠡᠯᠡᠬᠦ ᠲᠠᠯᠠᠪᠠᠢ 4834 m2᠂ 10 ᠬᠢᠴᠢᠶᠡᠯᠡᠭᠴᠢ ᠠᠩᠭᠢ ᠲᠠᠢ ︵2 ᠮᠤᠩᠭᠤᠯ ᠠᠩᠭᠢ ᠲᠠᠢ︶ | ᠂ 300 ᠬᠡᠤᠬᠡᠳ ᠲᠠᠢ ︵50 ᠮᠤᠩᠭᠤᠯ ᠬᠡᠤᠬᠡᠳ ᠲᠠᠢ︶ ᠂ 52 ᠪᠠᠭᠰᠢ ᠠᠵᠢᠯᠲᠠᠨ ᠲᠠᠢ᠂ ᠬᠤᠲᠠ ᠶᠢᠨ | ᠳᠡᠰ ᠦᠨᠲ᠋ᠦ᠋ᠷᠢᠮᠵᠢᠭᠰᠡᠨ ᠴᠡᠴᠡᠷᠯᠢᠭ ᠪᠤᠯᠤᠨ᠎ᠠ᠃ ᠴᠡᠴᠡᠷᠯᠢᠭ ᠤᠨ ᠲᠤᠨᠤᠭ ᠲᠥᠬᠦᠷᠤᠮᠵᠢ ᠪᠥᠷᠢᠨ ᠬᠥᠢᠴᠡᠤᠨ᠂ | ᠤᠷᠴᠢᠨ ᠲᠤᠭᠤᠷᠢᠨ ᠭᠤᠶᠢᠳᠠ ᠲᠣᠬᠢᠯᠢᠭ ᠪᠠᠶᠢᠵᠤ᠂ ᠮᠠᠨ ᠤ ᠬᠤᠰᠢᠭᠤᠨ ᠤ ᠬᠠᠮᠤᠭ ᠶᠡᠭᠡ ᠠᠯᠪᠠᠨ ᠠᠴᠠ | ᠡᠷᠬᠢᠯᠡᠭᠰᠡᠨᠴᠡᠴᠡᠷᠯᠢᠭ ᠪᠤᠯᠤᠨ᠎ᠠ᠃ 2015 ᠤᠨ ᠤ 9 ᠰᠠᠷ᠎ᠠ ᠠᠴᠠ ᠡᠬᠢᠯᠡᠵᠦ ᠰᠤᠷᠤᠭᠴᠢ ᠡᠯᠰᠡᠨ ᠂ 2016 | ᠤᠨ ᠤ 9 ᠰᠠᠷ᠎ᠠ ᠳᠤ 22 ᠪᠠᠭᠰᠢ ᠡᠯᠰᠡᠨ᠂ ᠨᠡᠶᠢᠲᠡ 52 ᠪᠠᠭᠰᠢ ᠠᠵᠢᠯᠲᠠᠨ ᠲᠠᠢ ᠪᠤᠯᠪᠠ᠂ ᠡᠭᠦᠨ ᠳᠤ | ᠦᠨᠳᠦᠷ ᠳᠡᠰ ᠤᠨ ᠪᠠᠭᠰᠢ 7 ᠪᠠᠶᠢᠵᠦ᠂ ᠳᠤᠮᠳᠠ ᠳᠡᠰ ᠤᠨ ᠪᠠᠭᠰᠢ 3 ᠪᠠᠶᠢᠵᠦ᠂ ᠪᠤᠰᠤᠳ ᠨᠢ ᠪᠦᠭᠦᠳᠡ | ᠤᠯᠤᠰ ᠤᠨ ᠪᠠᠷᠢᠮᠵᠢᠶ᠎ᠠ ᠳᠤ ᠨᠡᠶᠢᠴᠡᠭᠰᠡᠨ ᠴᠡᠴᠡᠷᠯᠢᠭ ᠤᠨ ᠲᠤᠰᠬᠠᠢ ᠮᠡᠷᠭᠡᠵᠢᠯ ᠤᠨ ᠪᠠᠭᠰᠢ ᠪᠤᠯᠤᠨ᠎ᠠ᠃ | ᠴᠡᠴᠡᠷᠯᠢᠭ ᠤᠨ ᠪᠦᠳᠦᠭᠡᠨ ᠪᠠᠶᠢᠭᠤᠯᠤᠯᠯᠲᠠ ᠨᠢ ᠤᠷᠤᠨ ᠤ ᠳᠡᠰ ᠤᠨ ᠳᠦᠷᠢᠮᠵᠢᠭᠰᠡᠨ ᠴᠡᠴᠡᠷᠯᠢᠭ ᠤᠨ | ᠪᠠᠷᠢᠮᠢᠵᠢᠶᠠ ᠪᠠᠷ ᠪᠠᠶᠢᠭᠤᠯᠵᠤ᠂ ᠨᠡᠶᠢᠲᠡ12 ᠬᠢᠴᠢᠶᠡᠯᠡᠭᠴᠢ ᠠᠩᠭᠢ ᠂ 360 ᠬᠡᠤᠬᠡᠤᠨ ᠶᠢ ᠪᠠᠭᠳᠠᠭᠠᠵᠤ | ᠴᠢᠳᠠᠬᠤ ᠬᠡᠪᠴᠢᠶ᠎ᠡ ᠲᠠᠢ᠂ ᠠᠩᠭᠢ ᠪᠦᠷᠢ ᠵᠣᠷᠯᠤᠩ᠂ ᠤᠬᠢᠶᠠᠯᠭ᠎ᠠ ᠶᠢᠨ ᠭᠡᠷ᠂ ᠤᠨᠲᠠᠯᠭ᠎ᠠ ᠶᠢᠨ ᠦᠷᠦᠭᠡ ᠲᠠᠢ᠃ | 11 ᠬᠦᠳᠡᠯᠭᠡᠭᠡᠨ ᠤ ᠦᠷᠦᠭᠡ ᠲᠠᠢ᠂ ᠲᠤᠰᠬᠠᠢ ᠡᠮᠴᠢᠯᠡᠭᠡᠨ ᠦᠷᠦᠭᠡ ᠲᠠᠢ᠂ ᠪᠠᠷᠢᠮᠵᠢᠶ᠎ᠠ ᠲᠤᠭᠤᠭᠠᠨ ᠤ | ᠦᠷᠦᠭᠡ ᠲᠠᠢ᠂ ᠬᠡᠤᠬᠡᠳ ᠤᠨ ᠬᠦᠳᠡᠯᠭᠡᠭᠡᠨ ᠤ ᠲᠠᠯᠠᠪᠦᠷ ᠲᠠᠢ᠃ ᠴᠡᠴᠡᠷᠯᠢᠭ ᠪᠠᠶᠢᠭᠤᠯᠤᠭᠳᠠᠭᠰᠠᠨ ᠡᠬᠢᠨ ᠠᠴᠠ | ᠰᠢᠨ᠎ᠡ ᠤᠳᠤᠷᠢᠳᠬᠤ ᠪᠠᠭ ᠠᠴᠠ 《 ᠪᠡᠶ᠎ᠡ ᠮᠠᠬᠠᠪᠤᠳ ᠢᠶᠠᠨ ᠴᠢᠬᠢᠷᠠᠭᠵᠢᠭᠤᠯᠵᠤ᠂ ᠪᠠᠶᠠᠷ ᠪᠠᠶᠠᠰᠠᠯ ᠲᠠᠢ | ᠦᠰᠦᠨ ᠪᠤᠶᠢᠵᠢᠬᠤ》ᠴᠡᠴᠡᠷᠯᠢᠭ ᠡᠷᠬᠢᠯᠡᠬᠦ ᠤᠬᠠᠭᠳᠠᠭᠤᠨ ᠢ ᠳᠤᠷᠠᠳᠤᠨ᠂ ᠤᠷᠤᠨ ᠤ ᠳᠡᠰ ᠤᠨ ᠳᠦᠷᠢᠮᠵᠢᠭᠰᠡᠨ | ᠴᠡᠴᠡᠷᠯᠢᠭ ᠴᠤᠭᠴᠢᠯᠠᠨ ᠪᠠᠶᠢᠭᠤᠯᠬᠬᠤ ᠴᠡᠴᠡᠷᠯᠢᠭ ᠡᠷᠬᠢᠯᠡᠬᠦ ᠬᠠᠷᠠᠯᠲᠠ ᠶᠢ ᠲᠤᠭᠲᠠᠭᠠᠨ ᠪᠦᠬᠦ ᠪᠠᠭᠰᠢ | ᠠᠵᠢᠯᠲᠠᠨ ᠢᠶᠠᠨ ᠳᠠᠶᠢᠴᠢᠯᠠᠨ ᠴᠡᠴᠡᠷᠯᠢᠭ ᠪᠠᠶᠢᠭᠤᠯᠤᠭᠳᠠᠭᠰᠠᠨ ᠤᠬᠤᠷᠬᠠᠨ ᠬᠤᠶᠠᠷ ᠵᠢᠯ ᠤᠨ ᠳᠤᠲᠤᠷ᠎ᠠ ᠬᠠᠮᠤᠭ | ᠠᠩᠬᠠᠨ ᠤ 5 ᠠᠩᠭᠢ ᠂ 80 ᠬᠡᠤᠬᠡᠳ᠂ 20 ᠪᠠᠭᠰᠢ ᠠᠵᠢᠯᠲᠠᠨ ᠪᠠᠶᠢᠭᠰᠠᠨ ᠠᠴᠠ ᠤᠳᠤ ᠶᠢᠨ ᠬᠡᠪᠴᠢᠶᠠᠨ ᠳᠤ | ᠬᠦᠷᠦᠪᠠ᠃ |