ᠣᠶᠢᠷ᠎ᠠ ᠳᠤ᠂ ᠰᠣᠷᠭᠠᠨ ᠬᠥᠮᠥᠵᠢᠯ ᠤᠨ ᠶᠠᠮᠤᠨ᠂ ᠡᠳ᠋ ᠤᠨ ᠵᠠᠰᠠᠭ ᠤᠨ ᠶᠠᠮᠤᠨ᠂ ᠳᠣᠮᠳᠠᠳᠣ ᠣᠯᠣᠰ ᠤᠨ | ᠠᠷᠠᠳ ᠤᠨ ᠪᠠᠩᠭᠢ᠂ ᠪᠠᠩᠭᠢ ᠳᠠᠭᠠᠳᠬᠠᠯ ᠤᠨ ᠬᠢᠨᠠᠯᠳᠡ ᠬᠠᠮᠢᠶᠠᠷᠣᠯᠳᠠ ᠶᠢᠨ ᠵᠥᠪᠯᠡᠯ ᠵᠡᠷᠭᠡ ᠳᠥᠷᠪᠡᠨ | ᠰᠠᠯᠠᠭ᠎ᠠᠮᠥ᠋ᠴᠢᠷ ᠬᠠᠮᠳᠣᠷᠠᠨ ︽ᠤᠯᠤᠰ ᠤᠨ ᠰᠣᠷᠤᠯᠭ᠎ᠠ ᠶᠢᠨ ᠳᠡᠳᠭᠦᠮᠵᠢ ᠶᠢᠨ ᠵᠢᠭᠡᠯᠡᠯᠭᠡ ᠶᠢᠨ ᠬᠤᠯᠪᠤᠭᠳᠠᠯ ᠪᠥᠬᠦᠢ | ᠳᠥᠷᠥ ᠶᠢᠨ ᠪᠤᠳᠤᠯᠭ᠎ᠠ ᠳᠤ ᠳᠤᠬᠢᠷᠠᠭᠤᠯᠤᠯᠳᠡ ᠬᠢᠵᠤ ᠳᠡᠭᠦᠯᠳᠡᠷᠵᠢᠭᠦᠯᠬᠦ ᠳᠤᠬᠠᠢ ᠮᠡᠳᠡᠭᠳᠡᠯ︾ ︵ᠰᠣᠷᠭᠠᠨᠬᠥ᠋ᠮᠥᠵᠢᠯ | ᠡᠳ᠋ ︹2020︺ 4 ᠳ᠋ᠤᠭᠡᠷ ᠳᠣᠭᠠᠳᠥ︶ ᠢ ᠳᠠᠷᠤᠮᠠᠯᠯᠠᠨ ᠳᠠᠷᠬᠠᠭᠠᠵᠤ᠂ ᠰᠤᠷᠤᠯᠭ᠎ᠠ ᠶᠢᠨ ᠳᠡᠳᠭᠦᠮᠵᠢ ᠶᠢᠨ | ᠵᠢᠭᠡᠯᠡᠯᠭᠡ ᠶᠢᠨ ᠬᠤᠯᠪᠤᠭᠳᠠᠯ ᠪᠥᠭᠦᠢ ᠳᠥᠷᠥ ᠶᠢᠨ ᠪᠣᠳᠥᠯᠭᠠ ᠳᠤ ᠭᠤᠷᠪᠠᠨ ᠳᠠᠯ᠎ᠡ ᠶᠢᠨ ᠳᠣᠬᠢᠷᠠᠭᠤᠯᠤᠯᠳᠡ ᠬᠢᠪᠡ᠃ | ᠭᠡᠷ ᠤᠨ ᠠᠮᠢᠳᠣᠷᠠᠯ ᠨᠢ ᠬᠥᠴᠢᠷᠳᠡᠯᠳᠡᠢ ᠰᠤᠷᠤᠭᠴᠢᠳ ᠢ ᠳᠡᠮᠵᠢᠭᠦ ᠡᠷᠴᠢᠮ ᠢᠶᠠᠨ ᠴᠢᠩᠭᠠᠷᠠᠭᠤᠯᠵᠤ᠂ ᠵᠢᠭᠡᠯᠡᠯᠭᠡ | ᠵᠢᠭᠡᠯᠡᠭᠰᠡᠨ ᠰᠤᠷᠤᠭᠴᠢᠳ ᠤᠨ ᠳᠠᠷᠤᠭᠠᠰᠤ ᠶᠢ ᠤᠯᠠᠮ ᠨᠢᠭᠡ ᠠᠯᠬᠤᠮ ᠬᠥᠩᠭᠡᠷᠡᠭᠦᠯᠬᠦ ᠶᠢᠨ ᠳᠣᠰᠠᠳᠡ᠂ ᠳᠥᠷᠥ ᠶᠢᠨ | ᠶᠠᠪᠤᠳᠠᠯ ᠤᠨ ᠬᠤᠷᠢᠶ᠎ᠠ ᠪᠠᠷ ᠵᠥᠪᠰᠢᠶᠡᠷᠡᠭᠦᠯᠥᠭᠡᠳ᠂ ᠰᠤᠷᠤᠯᠭ᠎ᠠ ᠶᠢᠨ ᠳᠡᠳᠭᠦᠮᠵᠢ ᠶᠢᠨ ᠵᠢᠭᠡᠯᠡᠯᠭᠡ ᠵᠢᠨᠬᠤᠯᠪᠤᠭᠳᠠᠯ | ᠪᠥᠬᠦᠢ ᠳᠥᠷᠥ ᠶᠢᠨ ᠪᠣᠳᠣᠯᠭ᠎ᠠ ᠳᠤ ᠳᠣᠣᠷᠠᠬᠢ ᠮᠡᠳᠥ ᠳᠤᠬᠢᠷᠠᠭᠤᠯᠤᠯᠳᠡ ᠬᠢᠭᠰᠡᠨ ᠪᠠᠶᠢᠨ᠎ᠠ᠄ | ᠨᠢᠭᠡ ᠳᠤ᠂ ᠰᠣᠷᠣᠯᠭ᠎ᠠ ᠶᠢᠨ ᠳᠡᠳᠭᠦᠮᠵᠢ ᠶᠢᠨ ᠵᠢᠭᠡᠯᠡᠯᠭᠡ ᠶᠢᠨ ᠡᠬᠡ ᠮᠥᠩᠭᠦ ᠶᠢ ᠪᠤᠴᠠᠭᠠᠬᠤ ᠬᠤᠭᠤᠴᠠᠭ᠎ᠠ ᠶᠢ | 3 ᠵᠢᠯ ᠪᠠᠶᠢᠭᠰᠠᠨ ᠠᠴᠠ 5 ᠵᠢᠯ ᠪᠤᠯᠭᠠᠨ ᠤᠷᠳᠤᠳᠬᠠᠪᠠ᠃ | ᠬᠤᠶᠠᠷ ᠲᠤ᠂ ᠰᠤᠷᠤᠯᠭ᠎ᠠ ᠶᠢᠨ ᠳᠡᠳᠭᠦᠮᠵᠢ ᠶᠢᠨ ᠵᠢᠭᠡᠯᠡᠯᠭᠡ ᠶᠢᠨ ᠬᠤᠭᠤᠴᠠᠭ᠎ᠠ ᠶᠢ ᠰᠣᠷᠭᠠᠭᠤᠯᠢ ᠳᠤ | ᠰᠣᠷᠣᠯᠴᠠᠵᠤ ᠪᠠᠶᠢᠭᠰᠠᠨ ᠬᠤᠭᠤᠴᠠᠭ᠎ᠠ ᠳᠡᠭᠡᠷ᠎ᠡ ᠨᠢ 13 ᠵᠢᠯ ᠨᠡᠮᠡᠵᠤ᠂ ᠬᠠᠮᠤᠭ ᠣᠷᠳᠥ ᠳᠠᠭᠠᠨ 20 ᠵᠢᠯ ᠠᠴᠠ | ᠬᠡᠳᠥᠷᠡᠭᠦᠯᠵᠤ ᠪᠤᠯᠬᠤ ᠦᠭᠡᠢ ᠪᠠᠶᠢᠭᠰᠠᠨ ᠠᠴᠠ ᠰᠤᠷᠭᠠᠭᠤᠯᠢ ᠳᠤ ᠰᠤᠷᠤᠯᠴᠠᠬᠤ ᠬᠤᠭᠤᠴᠠᠭ᠎ᠠ ᠳᠡᠭᠡᠷ᠎ᠡ ᠨᠢ 15 ᠵᠢᠯ | ᠨᠡᠮᠡᠵᠤ᠂ ᠬᠠᠮᠤᠭ ᠤᠷᠳᠤ ᠳᠠᠭᠠᠨ 22 ᠵᠢᠯ ᠠᠴᠠ ᠭᠡᠳᠥᠷᠡᠭᠦᠯᠵᠤ ᠪᠤᠯᠬᠤ ᠦᠭᠡᠢ ᠪᠤᠯᠭᠠᠨ ᠳᠤᠬᠢᠷᠠᠭᠤᠯᠤᠯᠳᠡ ᠬᠢᠪᠡ᠃ | | ᠭᠤᠷᠪᠠ ᠳᠤ᠂ 2020 ᠤᠨ ᠤ 1 ᠰᠠᠷ᠎ᠠ ᠶᠢᠨ 1 ᠤ ᠡᠳᠥᠷ ᠠᠴᠠ ᠡᠬᠢᠯᠡᠨ᠂ ᠰᠢᠨ᠎ᠡ ᠪᠠᠷ ᠭᠠᠷ ᠤᠨ | ᠦᠰᠦᠭ ᠵᠢᠷᠤᠵᠤ ᠭᠡᠷ᠎ᠡ ᠳᠤᠭᠳᠠᠭᠰᠠᠨ ᠰᠤᠷᠤᠯᠭ᠎ᠠ ᠶᠢᠨ ᠳᠡᠳᠭᠦᠮᠵᠢ ᠶᠢᠨ ᠵᠢᠭᠡᠯᠡᠯᠭᠡ ᠶᠢᠨ ᠬᠥᠥ ᠮᠥᠩᠭᠦ ᠶᠢᠨ | ᠨᠤᠷᠮ᠎ᠠ ᠶᠢ ᠠᠳᠠᠯᠢ ᠬᠤᠭᠤᠴᠠᠭᠠᠨ ᠤ ᠠᠳᠠᠯᠢ ᠬᠤᠭᠤᠴᠠᠭᠠᠨ ᠤ ᠠᠳᠠᠯᠢ ᠳᠡᠰ ᠤᠨ ᠵᠢᠭᠡᠯᠡᠯᠭᠡ ᠶᠢᠨ ᠵᠠᠬ᠎ᠠ | ᠳᠡᠯᠭᠡᠭᠦᠷ ᠤᠨ ᠦᠨ᠎ᠡ ᠬᠠᠩᠰᠢ ᠶᠢᠨ ᠬᠥᠥ ᠮᠥᠩᠭᠦ ᠶᠢᠨ ᠨᠤᠷᠮ᠎ᠠ ︵LPR︶ ᠠᠴᠠ 30 ᠰᠠᠭᠤᠷᠢ ᠴᠡᠭ ᠬᠠᠰᠣᠵᠤ | ᠬᠡᠷᠡᠭᠵᠢᠬᠦᠯᠬᠦ ᠪᠠᠷ ᠪᠤᠯᠪᠠ᠃ | | |