︽ᠬᠢᠳᠠᠳ ᠮᠤᠩᠭᠤᠯ ᠲᠤᠯᠢ︾ ᠶᠢᠨ ᠭᠤᠷᠪᠠᠳᠤᠭᠠᠷ ᠬᠡᠪᠯᠡᠯ 2005 ᠤᠨ ᠳᠤ ᠬᠡᠪᠯᠡᠭᠳᠡᠭᠡᠳ᠂ ᠦᠷᠭᠡᠨ | ᠤᠯᠠᠨᠤᠩᠰᠢᠭᠴᠢᠳ ᠤᠨ ᠢᠶᠠᠨ ᠲᠠᠭᠠᠰᠢᠶᠠᠯ ᠢ ᠬᠦᠷᠳᠡᠵᠦ᠂ ᠡᠷᠳᠡᠮᠳᠡᠨ ᠮᠡᠷᠭᠡᠵᠢᠯᠳᠡᠳ ᠤᠨ ᠰᠠᠶᠢᠨ ᠦᠨᠡᠯᠡᠯᠳᠡ ᠶᠢ | ᠤᠯᠵᠦ᠂ ᠡᠳᠦᠭᠡᠪᠤᠯᠳᠠᠯᠠ ᠳᠦᠷᠪᠡ ᠤᠳᠠᠭ᠎ᠠ ᠲᠠᠬᠢᠨ ᠬᠡᠪᠯᠡᠭᠳᠡᠭᠰᠡᠨ ᠶᠤᠮ᠃ ᠲᠡᠷᠢᠬᠦᠨ ᠤ ᠰᠤᠶᠤᠯ ᠢ ᠨᠡᠩ ᠰᠠᠶᠢᠨ | ᠤᠯᠠᠮᠵᠢᠯᠠᠨ᠂ ᠦᠨᠳᠦᠰᠦᠳᠡᠨᠥ ᠰᠤᠶᠤᠯ ᠢ ᠨᠡᠩ ᠰᠠᠶᠢᠨ ᠪᠠᠳᠠᠷᠠᠭᠤᠯᠵᠦ᠂ ᠰᠤᠶᠤᠯ ᠤᠨ ᠢᠳᠡᠭᠡᠯ ᠢᠶᠠᠨ ᠨᠡᠩ ᠰᠠᠶᠢᠨ | ᠪᠠᠳᠤᠳᠬᠠᠬᠤ᠂ ᠰᠢᠨ᠎ᠡ ᠴᠠᠭ ᠦᠶ᠎ᠡ ᠵᠢᠨᠤᠩᠰᠢᠭᠴᠢᠳ ᠤᠨ ᠬᠢᠳᠠᠳ ᠮᠤᠩᠭᠤᠯ ᠲᠤᠯᠢ ᠳᠤ ᠬᠠᠨᠳᠤᠭᠤᠯᠤᠭᠰᠠᠨ | ᠬᠡᠷᠡᠭᠴᠡᠭᠡ ᠱᠠᠭᠠᠷᠳᠠᠯᠭ᠎ᠠ ᠶᠢ ᠨᠡᠩ ᠰᠠᠶᠢᠨ ᠬᠠᠩᠭᠠᠬᠤᠵᠢᠨ ᠲᠦᠯᠦᠭᠡ᠂ ᠦᠪᠦᠷ ᠮᠤᠩᠭᠤᠯ ᠤᠨ ᠦᠪᠡᠷᠳᠡᠭᠡᠨ | ᠵᠠᠰᠠᠬᠤ ᠤᠷᠤᠨ ᠤ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩᠤᠯᠠᠨ ᠲᠠᠯ᠎ᠠ ᠶᠢᠨ ᠡᠷᠳᠡᠮᠳᠡᠨ | ᠮᠡᠷᠭᠡᠵᠢᠯᠳᠡᠳ ᠢ ᠵᠤᠬᠢᠶᠠᠨ ᠪᠠᠶᠢᠭᠤᠯᠵᠦ᠂ ︽ᠬᠢᠳᠠᠳ ᠮᠤᠩᠭᠤᠯ ᠲᠤᠯᠢ︾ ᠶᠢᠨ ᠭᠤᠷᠪᠠᠳᠤᠭᠠᠷᠬᠡᠪᠯᠡᠯ ᠢ ᠤᠯᠠᠮᠵᠢᠯᠠᠨ | ᠵᠠᠯᠭᠠᠮᠵᠢᠯᠠᠭᠰᠠᠨ ᠰᠠᠭᠤᠷᠢᠨ ᠳᠡᠭᠡᠷ᠎ᠡ᠂ ᠡᠨᠡ ᠬᠦ ᠲᠦᠷᠪᠡᠳᠦᠭᠡᠷ ᠬᠡᠪᠯᠡᠯ ᠢ ᠨᠠᠶᠢᠷᠠᠭᠤᠯᠤᠭᠰᠠᠨ ᠪᠢᠯᠡ᠃ | ᠲᠦᠷᠪᠡᠳᠦᠭᠡᠷ ᠬᠡᠪᠯᠡᠯ ᠳᠤ 13000 ᠭᠠᠷᠤᠢ ᠬᠢᠳᠠᠳ ᠦᠰᠦᠭ᠂ 252000 ᠭᠠᠷᠤᠢ ᠦᠭᠡ ᠪᠠ | ᠬᠤᠯᠪᠤᠭᠠᠦᠭᠡ ᠶᠢ ᠵᠤᠷᠪᠤᠰᠯᠠᠨ ᠰᠤᠩᠭᠤᠵᠦ᠂ ᠨᠡᠶᠢᠭᠡᠮ ᠨᠡᠶᠢᠳᠡ ᠳᠤ ᠦᠷᠭᠡᠨ ᠲᠡᠯᠭᠡᠷᠡᠩᠬᠦᠢ ᠬᠦᠯᠢᠶᠡᠨ | ᠠᠪᠤᠭᠳᠠᠭᠰᠠᠨ ᠰᠢᠨ᠎ᠡ ᠦᠭᠡᠰ ᠢᠨᠡᠮᠡᠭᠰᠡᠨ ᠪᠦᠭᠡᠳ ᠭᠤᠷᠪᠠᠳᠤᠭᠠᠷ ᠬᠡᠪᠯᠡᠯ ᠤᠨ ᠵᠠᠷᠢᠮ ᠦᠭᠡᠰ ᠤᠨ | ᠤᠷᠴᠢᠭᠤᠯᠭ᠎ᠠ ᠶᠢ ᠵᠠᠰᠠᠨ ᠳᠡᠬᠦᠯᠳᠡᠷᠵᠢᠬᠦᠯᠵᠦ᠂102000 ᠭᠠᠷᠤᠢ ᠰᠢᠨ᠎ᠡ ᠦᠭᠡ ᠨᠡᠷ᠎ᠡ ᠲᠤᠮᠢᠶ᠎ᠠ ᠶᠢ ᠨᠡᠮᠡᠭᠰᠡᠨ | ᠪᠠ ᠵᠠᠰᠠᠵᠦ ᠵᠤᠬᠢᠴᠠᠭᠤᠯᠪᠠ᠃ ︽ᠬᠢᠳᠠᠳ ᠮᠤᠩᠭᠤᠯ ᠲᠤᠯᠢ︾ ᠶᠢᠨ ᠲᠦᠷᠪᠡᠳᠦᠭᠡᠷ ᠬᠡᠪᠯᠡᠯ ᠪᠤᠯ ᠤᠳᠤᠬᠠᠨ | ᠳᠤ ᠮᠠᠨ ᠤ ᠤᠯᠤᠰ ᠤᠨ ᠬᠠᠮᠤᠭ ᠥᠨᠲ᠋ᠤᠮᠤ ᠬᠢᠳᠠᠳ ᠮᠤᠩᠭᠤᠯ ᠬᠠᠪᠰᠤᠷᠭᠠᠭᠰᠠᠨ ᠤᠷᠴᠢᠭᠤᠯᠭ᠎ᠠ ᠶᠢᠨ ᠲᠤᠯᠢ | ᠪᠤᠯᠬᠤ ᠪᠦᠭᠡᠳ ᠰᠤᠩᠭᠤᠭᠰᠠᠨ ᠦᠭᠡᠰ ᠤᠨ ᠬᠦᠷᠢᠶᠡᠬᠡᠪᠴᠢᠶᠡ ᠦᠷᠭᠡᠨ᠂ ᠲᠤᠭ᠎ᠠ ᠬᠡᠮᠵᠢᠶ᠎ᠡ ᠤᠯᠠᠨ᠂ ᠤᠳᠬ᠎ᠠ | ᠶᠢᠨ ᠲᠠᠶᠢᠯᠪᠤᠷᠢ ᠲᠤᠪᠴᠢ ᠲᠤᠳᠤᠷᠬᠠᠢ ᠵᠡᠷᠭᠡ ᠪᠠᠷ ᠵᠢᠠᠨᠤᠨᠴᠠᠯᠢᠭᠳᠠᠨᠠ᠃ | ᠡᠨᠡ ᠬᠦ ᠲᠤᠯᠢ ᠮᠠᠨᠢ ᠬᠢᠳᠠᠳ ᠮᠤᠩᠭᠤᠯ ᠤᠷᠴᠢᠭᠤᠯᠭ᠎ᠠ ᠶᠢᠨ ᠠᠵᠢᠯ ᠡᠷᠬᠢᠯᠡᠳᠡᠭ ᠤᠷᠴᠢᠭᠤᠯᠭ᠎ᠠ ᠶᠢᠨ | ᠠᠵᠢᠯᠳᠠᠳ᠂ᠬᠢᠳᠠᠳ ᠬᠡᠯᠡ ᠰᠤᠷᠳᠠᠭ ᠰᠤᠷᠤᠭᠴᠢ ᠤᠶᠤᠳᠠᠳ ᠪᠠ ᠦᠷᠭᠡᠨ ᠤᠯᠠᠨ ᠤᠩᠰᠢᠭᠴᠢᠳ ᠲᠤ ᠲᠤᠳᠠᠭᠳᠠᠵᠦ | ᠪᠤᠯᠤᠰᠢ ᠦᠭᠡᠢ ᠭᠠᠷᠠᠪᠤᠯᠭᠠ ᠶᠢᠨ ᠨᠤᠮ ᠪᠤᠯᠬᠤ ᠨᠢ ᠲᠠᠮᠵᠢᠭ ᠦᠭᠡᠢ᠃ |