ᠬᠡᠦᠭᠡᠳ ᠬᠦᠮᠦᠵᠢᠭᠦᠯᠬᠦ ᠤᠷᠠᠯᠢᠭ
ᠨᠡᠶᠢᠲᠡᠯᠡᠭᠰᠡᠨ ᠴᠠᠭ᠄
2019-12-04
     ᠭᠠᠳᠠᠭᠠᠲᠦ ᠳᠤ᠂ ᠬᠡᠷ ᠤᠨ ᠠᠬᠠᠮᠠᠳ ᠬᠡᠦᠭᠡᠳ ᠢᠶᠠᠨ ᠪᠠᠭ᠎ᠠ ᠠᠴᠠ ᠨᠢ ᠪᠡᠶ᠎ᠡ ᠪᠠᠨ ᠲᠠᠭᠠᠭᠠᠬᠤ ᠴᠢᠳᠠᠪᠦᠷᠢ ᠪᠡ ᠬᠠᠯᠠ ᠠᠮᠰᠠᠬᠤ ᠵᠤᠷᠢᠭ ᠰᠠᠨᠠᠭ᠎ᠠ ᠲᠠᠢ ᠪᠤᠯᠭᠠᠵᠦ ᠬᠦᠮᠦᠵᠢᠭᠦᠯᠬᠦ ᠶᠢ ᠨᠠᠶᠢᠲᠡᠮ ᠳᠡᠭᠡᠨ ᠴᠢᠬᠤᠯᠠᠴᠢᠯᠠᠳᠠᠭ᠃      ᠠᠮᠧᠷᠢᠭᠡ — ᠬᠡᠷ ᠤᠨ ᠠᠬᠠᠮᠠᠳ ᠨᠢ ᠬᠦᠲᠡᠯᠮᠦᠷᠢ ᠶᠢᠨ ᠦᠷᠲᠡᠭ ᠢ ᠬᠡᠦᠭᠡᠳ ᠲᠡᠭᠡᠨ ᠲᠤᠩ ᠪᠠᠭ᠎ᠠ ᠠᠴᠠ  ᠨᠢ ᠲᠠᠨᠢᠭᠤᠯᠳᠠᠭ᠃ ᠠᠮᠧᠷᠢᠭᠡ ᠶᠢᠨ ᠡᠮᠦᠨ᠎ᠡ ᠭᠡᠰᠡᠭ ᠤᠨ ᠵᠧᠦ ᠶᠢᠨ ᠪᠠᠶᠢᠭᠤᠯᠤᠭᠰᠡᠨ ᠨᠠᠯᠢᠶᠠᠳ ᠤᠯᠠᠨ ᠲᠤᠮᠳᠠᠲᠦ ᠰᠤᠷᠭᠠᠭᠤᠯᠢ ᠤᠳ ᠰᠤᠷᠤᠭᠴᠢᠳ ᠢᠶᠠᠨ ᠨᠡᠶᠢᠭᠡᠮ ᠳᠤ ᠵᠤᠬᠢᠴᠠᠵᠦ ᠤᠷᠤᠰᠢᠨ ᠠᠮᠢᠳᠤᠷᠠᠬᠤ ᠴᠢᠳᠠᠪᠦᠷᠢ ᠲᠠᠢ ᠪᠤᠯᠭᠠᠵᠦ ᠬᠦᠮᠦᠵᠢᠭᠦᠯᠬᠦ ᠶᠢᠨ ᠲᠦᠯᠦᠭᠡ ᠰᠤᠷᠤᠭᠴᠢᠳ ᠡᠷᠬᠡᠪᠰᠢ ᠪᠡᠶ᠎ᠡ ᠳᠡᠭᠡᠨ ᠰᠤᠬᠤᠷ ᠵᠤᠭᠤᠰ ᠴᠦ ᠠᠪᠤᠯ ᠦᠭᠡᠢ ᠪᠠᠷ ᠪᠡᠶ᠎ᠡ  ᠪᠠᠨ ᠲᠠᠭᠠᠭᠠᠵᠦ ᠨᠢᠭᠡ ᠭᠠᠷᠠᠭ ᠠᠮᠢ ᠵᠠᠭᠤᠪᠡᠯ ᠰᠠᠶ᠋ᠢ ᠲᠡᠭᠦᠰᠴᠦ ᠪᠤᠯᠤᠨ᠎ᠡ ᠭᠡᠵᠦ ᠲᠤᠰᠬᠠᠢ ᠲᠤᠬᠳᠠᠭᠠᠵᠠᠢ᠃ ᠠᠮᠧᠷᠢᠭᠡ ᠶᠢᠨ ᠲᠤᠮᠳᠠᠲᠦ ᠰᠤᠷᠭᠠᠭᠤᠯᠢ ᠶᠢᠨ ᠰᠤᠷᠤᠭᠴᠢᠳ ︽ᠵᠤᠭᠤᠰ ᠵᠠᠷᠤᠶ᠎ᠡ ᠬᠡᠪᠡᠯ ᠦᠪᠡᠰᠦᠪᠡᠨ ᠤᠯ︕︾ ᠬᠡᠵᠦ ᠤᠷᠢᠶ᠎ᠡ ᠲᠤᠷᠠᠳᠴᠠᠢ᠃ ᠭᠡᠷ ᠤᠨ ᠠᠮᠢᠳᠤᠷᠡᠯ ᠨᠢ ᠬᠡᠳᠤᠢ ᠰᠠᠶᠢᠨ ᠪᠠᠶᠢᠬᠰᠡᠨ ᠴᠦ ᠬᠡᠦᠭᠡᠳ 12 ᠨᠠᠰᠦ ᠦᠩᠭᠡᠷᠡᠪᠡᠯ ᠴᠦᠮ ᠭᠡᠷ ᠵᠠᠭᠤᠷ᠎ᠡ ᠶᠢᠨ ᠠᠵᠢᠯ ᠬᠢᠲᠡᠭ᠃      ᠰᠸᠢᠰ — ᠡᠴᠢᠭᠡ ᠡᠬᠡ ᠨᠢ ᠭᠡᠦᠭᠡᠳ ᠢᠶᠠᠨ ᠪᠠᠭ᠎ᠠ ᠠᠴᠠ ᠨᠢ ᠪᠠᠶ᠎ᠡ ᠪᠠᠨ ᠲᠠᠭᠠᠭᠠᠵᠦ ᠠᠮᠢᠳᠤᠷᠠᠬᠤ ᠴᠢᠳᠡᠯ  ᠲᠠᠢ ᠪᠤᠯᠭᠠᠨ ᠬᠦᠮᠦᠵᠢᠭᠦᠯᠲᠡᠭ᠃ ᠵᠢᠱᠢᠶᠡᠯᠡᠪᠡᠯ᠂ ᠦᠬᠢᠨ ᠬᠦᠮᠦᠨ ᠢ ᠠᠩᠬ᠎ᠠ ᠲᠤᠮᠳᠠᠲᠦ ᠪᠠᠨ ᠲᠡᠭᠦᠰᠭᠡᠮᠡᠭᠴᠡ ᠠᠶᠢᠯ  ᠳᠤ ᠨᠢᠭᠡ ᠠᠵᠢᠯ ᠳᠤ ᠵᠠᠷᠤᠬᠳᠠᠭᠤᠯᠵᠦ᠂ ᠦᠲᠡ ᠶᠢᠨ ᠡᠮᠦᠨ᠎ᠡ ᠨᠢ ᠬᠦᠲᠡᠯᠮᠦᠷᠢᠯᠡᠭᠦᠯᠦᠨ᠂ ᠦᠲᠡ ᠶᠢᠨ ᠬᠤᠶᠢᠨ᠎ᠡ ᠨᠢ ᠰᠤᠷᠭᠠᠭᠤᠯᠢ ᠳᠤ ᠨᠢ ᠰᠤᠷᠤᠯᠴᠠᠭᠤᠯᠵᠦ᠂ ᠨᠢᠭᠡ ᠲᠡᠯ᠎ᠡ ᠪᠠᠷ ᠬᠡᠦᠭᠡᠳ ᠢᠶᠠᠨ ᠠᠵᠢᠯ ᠬᠦᠲᠡᠯᠮᠦᠷᠢ ᠳᠤ ᠭᠠᠷᠰᠢᠭᠤᠯᠵᠦ᠂ ᠨᠦᠬᠦᠭᠡ ᠲᠡᠯ᠎ᠡ ᠪᠠᠷ ᠭᠡᠦᠭᠡᠳ ᠤᠨ ᠢᠶᠠᠨ ᠦᠭᠡ ᠭᠡᠯᠡ ᠪᠠ ᠨᠡᠶᠢᠭᠡᠮ ᠤᠨ ᠲᠦᠷᠢᠮᠯᠡᠯ ᠢ ᠰᠤᠷᠬᠤ ᠳᠤ ᠨᠢ ᠲᠤᠰᠠᠯᠠᠳᠠᠭ᠃      ᠭᠧᠷᠮᠡᠨ — ᠬᠡᠦᠭᠡᠳ ᠤᠨ ᠢᠶᠠᠨ ᠤᠴᠢᠷ ᠢ ᠡᠴᠢᠭᠡ ᠡᠬᠡ ᠨᠢ ᠶᠡᠷᠦ ᠠᠴᠠ ᠡᠵᠡᠨ ᠮᠡᠲᠡᠵᠦ ᠤᠷᠤᠯᠠᠨ ᠦᠭᠲᠡᠭ ᠦᠭᠡᠢ᠃ ᠭᠧᠷᠮᠡᠨ ᠤ ᠬᠠᠦᠯᠢ ᠳᠤ ᠬᠡᠦᠭᠡᠳ 14 ᠨᠠᠰᠤᠯᠡᠪᠡᠯ ᠬᠡᠷ ᠵᠠᠭᠤᠷ᠎ᠡ ᠶᠢᠨ ᠠᠵᠢᠯ ᠢ ᠪᠠᠭ᠎ᠠ ᠰᠠᠭ᠎ᠠ ᠡᠭᠦᠷᠭᠡᠯᠡᠨ ᠬᠢᠬᠦ ᠭᠡᠷᠡᠭᠲᠠᠢ ᠬᠡᠵᠦ ᠲᠤᠬᠳᠠᠭᠠᠭᠰᠡᠨ ᠪᠠᠶᠢᠳᠠᠭ᠃ ᠵᠢᠱᠢᠶᠠᠯᠡᠪᠡᠯ ᠬᠡᠦᠭᠡᠳ ᠪᠦᠬᠦ ᠬᠡᠷ ᠤᠨ ᠬᠦᠮᠦᠰ ᠤᠨ ᠠᠷᠡᠰᠦᠨ ᠱᠠᠬᠠᠢ ᠶᠢ ᠲᠤᠰᠤᠯᠠᠬᠤ ᠮᠡᠲᠦ ᠶᠢᠨ ᠠᠵᠢᠯ ᠢ ᠬᠢᠬᠦ ᠬᠡᠷᠡᠭᠲᠠᠢ᠃ ᠡᠨᠡ ᠨᠢ ᠭᠡᠦᠭᠡᠳ ᠢ ᠬᠦᠲᠡᠯᠮᠦᠷᠢᠯᠡᠬᠦ ᠴᠢᠳᠠᠪᠦᠷᠢ ᠪᠡ ᠨᠡᠶᠢᠭᠡᠮ ᠤᠨ ᠬᠠᠷᠢᠭᠤᠴᠠᠯᠭᠠᠲᠦ ᠪᠤᠳᠤᠯ ᠲᠠᠢ ᠪᠤᠯᠭᠠᠵᠦ ᠬᠦᠮᠦᠵᠢᠭᠦᠯᠬᠦ ᠶᠢᠨ ᠲᠦᠯᠦᠭᠡ ᠶᠤᠮ᠃      ᠶᠠᠫᠤᠨ — ᠶᠠᠫᠥᠨ ᠳᠤ᠂ ︽ᠨᠠᠷᠡᠨ ᠤ ᠭᠡᠷᠡᠯ ᠪᠤᠯᠤᠨ ᠠᠭᠠᠷ ᠢ ᠡᠭᠡ ᠪᠠᠶᠢᠭᠠᠯᠢ ᠠᠴᠠ ᠰᠤᠶᠤᠷᠬᠠᠬᠰᠡᠨ ᠠᠴᠠ ᠪᠤᠰᠤᠳ ᠠᠯᠢᠪᠡ ᠵᠦᠢᠯᠡᠰ ᠢ ᠴᠦᠮ ᠬᠦᠲᠡᠯᠮᠦᠷᠢ ᠪᠠᠷ ᠢᠶᠠᠨ ᠤᠯᠬᠤ ᠬᠡᠷᠡᠭᠲᠠᠢ︾ ᠭᠡᠰᠡᠨ ᠬᠡᠦᠭᠡᠳ ᠢ ᠰᠤᠷᠭᠠᠭᠰᠡᠨ ᠮᠡᠷᠭᠡᠨ ᠦᠭᠡ ᠪᠠᠶᠢᠳᠠᠭ᠃ ᠶᠠᠫᠤᠨ ᠤ ᠤᠯᠠᠨ ᠬᠡᠦᠭᠡᠳ ᠬᠢᠴᠢᠶᠡᠯ ᠤᠨ ᠵᠠᠪ ᠴᠢᠯᠦᠭᠡ ᠪᠠᠷ ᠢᠶᠠᠨ ᠭᠠᠳᠠᠨ᠎ᠡ ᠠᠵᠢᠯ ᠬᠦᠲᠡᠯᠮᠦᠷᠢ ᠳᠤ ᠤᠷᠤᠯᠴᠠᠵᠦ ᠵᠤᠭᠤᠰ ᠤᠯᠳᠠᠭ᠃
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号