ᠬᠡᠤᠬᠡᠳ ᠢ ᠠᠵᠠ ᠵᠢᠷᠭᠠᠯ ᠲᠠᠢ ᠪᠤᠯᠭᠠᠬᠤ ᠠᠷᠪᠠᠨ ᠨᠢᠭᠤᠴᠠ
ᠨᠡᠶᠢᠲᠡᠯᠡᠭᠰᠡᠨ ᠴᠠᠭ᠄
2022/12/9
     ᠰᠡᠬᠦᠯ ᠤᠨ ᠦᠶ᠎ᠡ ᠳᠤ ᠵᠠᠯᠠᠭᠤ ᠠᠪᠤ ᠡᠵᠢ ᠤᠳ ᠨᠠᠳᠠ ᠠᠴᠠ  ︽ᠶᠠᠫᠤᠨᠴᠤᠳ ᠬᠡᠤᠬᠡᠳ ᠢᠶᠠᠨ ᠶᠠᠭᠠᠬᠢᠵᠤ  ᠦᠰᠭᠡᠵᠦ ᠬᠦᠮᠦᠵᠢᠬᠦᠯᠦᠨ᠂ ᠲᠦᠯᠦᠪᠰᠢᠷᠡᠬᠦᠯᠳᠡᠭ ᠪᠤᠢ  ︾ ᠭᠡᠵᠦ ᠶᠡᠬᠡᠪᠡᠷ ᠠᠰᠠᠭᠤᠬᠤ ᠪᠤᠯᠪᠠ᠃   ᠡᠶᠢᠮᠦ  ᠠᠰᠠᠭᠤᠯᠳᠠ ᠲᠠᠯᠪᠢᠵᠤ ᠪᠠᠶᠢᠨ᠎ᠠ ᠭᠡᠳᠡᠭ ᠪᠤᠯ ᠰᠠᠶᠢᠨ ᠬᠡᠷᠡᠭ᠃ ᠬᠦᠮᠦᠨ ᠪᠦᠬᠦᠨ ᠠᠪᠤ ᠡᠵᠢ ᠪᠤᠯᠳᠠᠭ ᠴᠤ ᠬᠦᠮᠦᠨ  ᠪᠦᠬᠦᠨ ᠰᠤᠷᠭᠠᠨ ᠬᠦᠮᠦᠵᠢᠬᠦᠯᠦᠭᠴᠢ ᠪᠤᠯᠬᠤ ᠪᠤᠯᠤᠮᠵᠢ ᠦᠭᠡᠢ᠃ ᠲᠡᠭᠡᠬᠦ ᠪᠠᠷ ᠦᠷ᠎ᠡ ᠬᠡᠤᠬᠡᠳ ᠢᠶᠠᠨ ᠪᠤᠰᠤᠳ ᠤᠨ  ᠵᠢᠱᠢᠶ᠎ᠡ ᠪᠠᠷ ᠠᠪᠤ ᠡᠵᠢ᠂ ᠠᠬᠠᠮᠠᠳ ᠨᠠᠰᠤᠳᠠᠨ ᠤᠳ ᠠᠴᠠ᠂ ᠪᠠᠭᠰᠢ ᠰᠤᠷᠭᠠᠨ ᠬᠦᠮᠦᠵᠢᠬᠦᠯᠦᠭᠴᠢᠳ ᠠᠴᠠ  ᠠᠰᠠᠭᠤᠵᠤ ᠵᠢᠭᠠᠯᠭᠠᠵᠤ ᠪᠠᠶᠢᠵᠤ ᠯᠡ ᠦᠰᠭᠡᠵᠦ ᠪᠤᠶᠢᠵᠢᠭᠤᠯᠤᠨ᠎ᠠ ᠰᠢᠦ ᠳ᠋ᠠ᠃  ︽ᠬᠡᠤᠬᠡᠳ ᠢ ᠠᠵᠠ ᠵᠢᠷᠭᠠᠯ   ᠲᠠᠢ ᠪᠤᠯᠭᠠᠬᠤ 10 ᠨᠢᠭᠤᠴᠠ︾ ᠭᠡᠰᠡᠨ ᠲᠠᠨᠢᠯᠴᠠᠭᠤᠯᠭ᠎ᠠ ᠮᠠᠲ᠋ᠧᠷᠢᠶᠠᠯ ᠢ itm ama.jp ᠭᠡᠳᠡᠭ ᠰᠦᠯᠵᠢᠶ᠎ᠡ   ᠠᠴᠠ ᠤᠯᠤᠭᠰᠠᠨ ᠢᠶᠠᠨ ᠤᠷᠴᠢᠭᠤᠯᠤᠨ ᠲᠠᠨᠢᠯᠴᠠᠭᠤᠯᠵᠤ ᠪᠠᠶᠢᠨ᠎ᠠ᠃   ᠡᠨᠡ ᠠᠷᠪᠠᠨ ᠨᠢᠭᠤᠴᠠ ᠪᠤᠯ ᠬᠦᠮᠦᠨ  ᠪᠦᠬᠦᠨ ᠤ ᠤᠯᠵᠤ ᠮᠡᠳᠡᠭᠡ ᠦᠭᠡᠢ᠂ ᠡᠷᠳᠡᠮᠳᠡᠨ ᠮᠡᠷᠭᠡᠳ ᠨᠡᠭᠡᠭᠡᠵᠦ ᠢᠯᠡᠷᠡᠬᠦᠯᠦᠭᠰᠡᠨ ᠰᠦᠷ ᠲᠠᠢ ᠵᠤᠶᠢᠯ ᠤᠭᠳᠤ  ᠪᠢᠰᠢ᠃ ᠮᠠᠰᠢ ᠡᠩ ᠤᠨ᠂ ᠪᠢᠳᠡ ᠪᠦᠬᠦᠳᠡ ᠶᠢᠨ ᠮᠡᠳᠡᠳᠡᠭ᠂ ᠪᠢᠳᠡ ᠪᠦᠬᠦᠨ ᠤ ᠬᠢᠵᠦ ᠴᠢᠳᠠᠳᠠᠭ ᠯᠡ ᠠᠵᠢᠯ᠃  ᠶᠡᠷᠦ ᠨᠢ ᠪᠤᠯ  ︽ᠡᠩ ᠤᠨ︾ ᠶᠠᠭᠤᠮᠠᠨ ᠲᠤᠲᠤᠷ᠎ᠠ ᠯᠡ ᠠᠭᠤᠤ ᠶᠠᠭᠤᠮ᠎ᠠ ᠪᠠᠶᠢᠭᠠᠳ ᠪᠠᠶᠢᠬᠤ ᠰᠢᠭ᠋ ᠰᠠᠨᠠᠭᠳᠠᠳᠠᠭ  ᠃ ᠪᠢᠳᠡ ᠯᠡ ︽ᠠᠮᠧᠷᠢᠺᠠ ᠳᠤ ᠶᠠᠮᠠᠷ ᠪᠠᠶᠢᠨ᠎ᠠ᠂ ᠡᠸᠤᠷᠦ᠋ᠹᠡᠴᠤᠳ ᠶᠠᠭᠠᠬᠢᠳᠠᠭ ᠭᠡᠨ᠎ᠡ᠂ ᠶᠠᠭ ᠰᠠᠯᠪᠤᠷᠢ ᠶᠢᠨ ᠬᠢ  ᠰᠢᠭ ᠨᠢ ᠳ᠋ᠤᠺᠲ᠋ᠤᠷ ᠤᠳ ᠶᠠᠭᠤ ᠭᠡᠵᠦ ᠬᠡᠯᠡᠭᠰᠡᠨ ᠪᠠᠶᠢᠨ᠎ᠠ︾ ᠭᠡᠳ ᠯᠡ᠂ ᠲᠤᠮᠤ ᠶᠠᠭᠤᠮ᠎ᠠ ᠬᠠᠶᠢᠭᠠᠳ ᠪᠠᠶᠢᠳᠠᠭ  ᠪᠤᠯᠬᠤ ᠠᠴᠠ ᠦᠨᠡᠨᠳᠡᠭᠡᠨ ︽ᠬᠢᠮᠤᠷᠠᠯ ᠠᠴᠠ ᠭᠠᠷᠬᠤ ᠠᠷᠭ᠎ᠠ︾ ᠴᠤ ᠪᠢᠳᠡᠨ ᠤ ᠤᠭᠤᠷᠠᠭ ᠲᠠᠷᠢᠬᠢᠨ ᠳᠤ ᠪᠠᠶᠢᠵᠤ  ᠯᠡ ᠪᠠᠶᠢᠭ᠎ᠠ᠃ ᠬᠡᠤᠬᠡᠳ ᠬᠦᠮᠦᠵᠢᠬᠦᠯᠬᠦ ᠴᠤ ᠪᠠᠰᠠ ᠠᠳᠠᠯᠢ᠃ ᠭᠠᠳᠠᠨᠠᠬᠢ ᠶᠢᠨ ᠤ ᠡᠯᠳᠡᠪ ᠤᠨ ᠰᠦᠯᠵᠢᠶ᠎ᠡ᠂  ᠬᠤᠭᠤᠰᠤᠨ ᠤᠨᠤᠯ ᠳᠤ ᠢᠲᠡᠭᠡᠭᠡᠳ᠂ ᠳᠠᠭᠠᠭᠠᠳ ᠪᠠᠶᠢᠬᠤ ᠶᠤᠮ ᠪᠤᠯ ᠪᠢᠳᠡᠨ ᠤ ᠲᠤᠯᠤᠭᠠᠢ ᠠᠮᠠᠷᠬᠠᠨ ︽ᠡᠷᠭᠢᠨ᠎ᠡ  ︾ ᠰᠢᠦ᠃ ᠵᠠᠬ᠎ᠠ ᠠᠴᠠ ᠪᠠᠨ ᠠᠪᠬᠠᠭᠤᠯᠤᠭᠠᠳ ᠡᠷᠬᠢᠬᠦᠯᠦᠭᠡᠳ ᠴᠤ ᠪᠠᠶᠢᠨ᠎ᠠ᠃  ᠵᠠ ᠢᠩᠬᠢᠭᠡᠳ 10 ᠨᠢᠭᠤᠴᠠ   ᠶᠢ ᠲᠠᠨᠢᠯᠴᠠᠭᠤᠯᠤᠶ᠎ᠠ        1᠂ ᠠᠪᠤ ᠡᠵᠢ ᠬᠡᠤᠬᠡᠳ ᠲᠠᠢ ᠪᠠᠨ ᠢᠨᠢᠶᠡᠳᠦ ᠲᠠᠢ ᠬᠦᠭᠵᠢᠯᠳᠡᠢ ᠶᠠᠷᠢᠶ᠎ᠠ᠂ ᠤᠨᠢᠭ᠎ᠠ ᠶᠠᠷᠢᠵᠤ ᠢᠨᠢᠶᠡᠯᠳᠦᠵᠦ  ᠪᠠᠶᠢᠬᠤ ᠬᠡᠷᠡᠭᠲᠡᠢ᠃ ᠬᠡᠤᠬᠡᠳ ᠢᠶᠠᠷ ᠢᠶᠠᠨ ᠤᠨᠢᠭ᠎ᠠ ᠪᠠᠨ ᠶᠠᠷᠢᠭᠤᠯᠬᠤ᠃ ᠤᠨᠢᠭ᠎ᠠ ᠪᠠᠨ ᠶᠠᠷᠢᠵᠤ ᠴᠠᠭ ᠢ  ᠦᠩᠭᠡᠷᠡᠭᠡᠬᠦ ᠨᠢ ᠬᠡᠤᠬᠡᠳ ᠢ ᠴᠢᠯᠦᠭᠡᠳᠡᠢ ᠪᠤᠯᠭᠠᠳᠠᠭ᠂ ᠬᠠᠪᠴᠢᠭᠳᠠᠮᠠᠯ ᠪᠢᠰᠢ ᠪᠤᠯᠭᠠᠳᠠᠭ᠂ ᠨᠠᠶᠢᠵᠠ ᠨᠦᠬᠦᠳ ᠲᠠᠢ  ᠪᠤᠯᠭᠠᠳᠠᠭ᠂ ᠰᠡᠳᠬᠢᠯ ‍ᠦᠨ‌‍ᠲ᠋ᠠᠷᠤᠮᠳᠠ ᠶᠢ ᠮᠡᠳᠡᠷᠡᠬᠦ ᠦᠭᠡᠢ ᠪᠤᠯᠭᠠᠳᠠᠭ ᠠᠴᠢ ᠬᠤᠯᠪᠤᠭᠳᠠᠯ ᠲᠠᠢ᠃        2᠂ ᠬᠡᠤᠬᠡᠳ ᠢ ᠲᠠᠪᠤᠨ ᠨᠠᠰᠤ ᠬᠦᠷᠲᠡᠯ᠎ᠡ ᠨᠢ ᠠᠪᠤ ᠡᠵᠢ ᠶᠢᠨ ᠵᠦᠭ ᠠᠴᠠ« ᠬᠤᠷᠢᠭᠯᠠᠭᠰᠠᠨ᠂ ᠡᠰᠡᠷᠬᠦᠴᠡᠭᠰᠡᠨ  » ᠦᠢᠯᠡᠳᠦᠯ ᠬᠢᠬᠦ ᠦᠭᠡᠢ ᠪᠠᠶᠢᠬᠤ᠃ ᠡᠨᠡ ᠴᠠᠭ ᠬᠤᠭᠤᠴᠠᠭᠠᠨ ᠳᠤ ᠬᠦᠴᠦ ᠪᠠᠷ ᠬᠤᠷᠢᠭᠯᠠᠬᠤ ᠂ ᠬᠡᠤᠬᠡᠳ ᠤᠨ  ᠬᠦᠰᠡᠯ ᠢ ᠪᠤᠭᠤᠬᠤ ᠵᠡᠷᠭᠡ ᠦᠢᠯᠡᠳᠦᠯ ᠬᠢᠪᠡᠯ ᠮᠠᠭᠠᠳ ᠦᠭᠡᠢ ᠨᠠᠰᠤᠨ ᠲᠤᠷᠰᠢᠳᠠ ᠨᠢ ᠮᠠᠭᠤ ᠨᠦᠯᠦᠭᠡ ᠪᠤᠯᠵᠤ  ᠦᠯᠡᠳᠡᠬᠦ ᠶᠢ ᠦᠭᠡᠶᠢᠰᠭᠡᠬᠦ ᠦᠭᠡᠢ᠃ ᠠᠪᠤ ᠡᠵᠢ ᠬᠡᠷᠪᠡ ᠠᠭᠤᠷ ᠪᠠᠴᠢᠮᠳᠠᠯ ᠢᠶᠠᠨ ᠪᠠᠷᠢᠵᠤ ᠴᠢᠳᠠᠳᠠᠭ ᠦᠭᠡᠢ ᠪᠤᠯ  ᠶᠠᠭᠠᠬᠢᠳᠠᠭ ᠴᠤ ᠪᠠᠶᠢᠭᠰᠠᠨ ᠡᠬᠦᠨ ᠢ ᠪᠠᠨ ᠳᠡᠪᠴᠢᠬᠦ ᠶᠤᠰᠤᠳᠠᠢ᠃        3᠂ ᠠᠪᠤ ᠡᠵᠢ ᠦᠪᠡᠷ ᠲᠤ ᠪᠠᠨ ᠰᠠᠨᠠᠭ᠎ᠠ ᠵᠤᠪᠠᠵᠤ᠂ ᠦᠪᠡᠷ ᠲᠤ ᠪᠠᠨ ᠱᠠᠭᠠᠷᠳᠠᠯᠭ᠎ᠠ ᠲᠠᠯᠪᠢᠳᠠᠭ ᠪᠠᠶᠢᠬᠤ᠃  ᠢᠩᠬᠢᠵᠦ ᠦᠪᠡᠷ ᠢ ᠪᠠᠨ« ᠦᠰᠭᠡᠵᠦ ᠦᠨᠳᠡᠶᠢᠯᠭᠡᠭᠰᠡᠨ» ᠤ ᠠᠴᠢ ᠪᠠᠷ ᠬᠦᠨᠳᠦᠷᠦᠯ ᠪᠡᠷᠭᠡᠰᠢᠶᠡᠯ ᠶᠢ ᠳᠠᠪᠠᠨ  ᠲᠤᠭᠤᠯᠤᠨ᠎ᠠ᠃ ᠠᠪᠤ ᠡᠵᠢ ᠶᠢᠨ ᠡᠨᠡ ᠪᠠᠶᠢᠳᠠᠯ ᠢ ᠬᠠᠷᠠᠵᠤ ᠪᠤᠢ ᠬᠡᠤᠬᠡᠳ ᠴᠤ ᠦᠪᠡᠷ ᠢ ᠪᠠᠨ ᠡᠶᠢᠮᠦ ᠬᠦᠮᠦᠨ  ᠪᠤᠯᠭᠠᠬᠤ ᠭᠡᠵᠦ ᠵᠢᠳᠬᠦᠵᠦ ᠡᠬᠢᠯᠡᠨ᠎ᠡ᠃ ᠠᠪᠤ ᠡᠵᠢ ᠬᠦᠮᠦᠵᠢᠯ ᠤᠨ ᠵᠢᠱᠢᠶ᠎ᠡ ᠪᠤᠯᠵᠤ ᠪᠠᠶᠢᠨ᠎ᠠ ᠭᠡᠰᠡᠨ ᠦᠭᠡ᠃   4᠂ ᠬᠡᠤᠬᠡᠳ ᠢ ᠴᠢᠯᠦᠭᠡᠲᠡᠢ ᠪᠠᠶᠢᠯᠭᠠᠨ᠎ᠠ᠃ ᠬᠡᠤᠬᠡᠳ ᠢ « ᠡᠬᠦᠷ ᠢᠶᠠᠨ ᠡᠪᠳᠡᠨ» ᠭᠠᠷᠬᠤ ᠦᠶ᠎ᠡ ᠳᠤ ᠨᠢ  ᠴᠢᠯᠦᠭᠡᠳᠡᠢ ᠶᠠᠪᠤᠭᠤᠯᠬᠤ ᠬᠡᠷᠡᠭᠲᠡᠢ᠃ ᠢᠩᠬᠢᠴᠢᠭᠡᠬᠦ ᠪᠤᠯᠪᠠᠤ᠂ ᠲᠡᠭᠡᠴᠢᠬᠡᠬᠦ ᠪᠤᠯᠪᠠᠤ ᠭᠡᠳ ᠯᠡ ᠰᠠᠨᠠᠭ᠎ᠠ ᠵᠤᠪᠠᠭᠠᠳ  ᠪᠠᠶᠢᠳᠠᠭ ᠠᠪᠤ ᠡᠵᠢ ᠰᠢᠨ᠎ᠡ ᠵᠤᠶᠢᠯ ᠢ ᠮᠡᠳᠡᠷᠡᠨ ᠤᠶᠢᠯᠠᠭᠠᠬᠤ ᠬᠡᠤᠬᠡᠳ ᠲᠤ ᠰᠠᠭᠠᠳ ᠪᠤᠯᠬᠤ ᠠᠴᠠ ᠪᠠᠨ ᠦᠭᠡᠷ᠎ᠡ  ᠶᠠᠭᠤᠮ᠎ᠠ ᠦᠭᠡᠢ᠃ ᠴᠠᠭ ᠨᠢ ᠢᠷᠡᠬᠦ ᠪᠠᠷ ︿ᠨᠢᠰᠦᠨ ᠤᠳᠬᠤ﹀ ᠬᠡᠤᠬᠡᠳ ᠢᠶᠠᠨ ᠡᠬᠦᠨ ᠳᠤᠨᠢ ᠡᠷᠲᠡᠬᠡᠨ ᠠᠴᠠ  ᠪᠡᠯᠡᠳᠭᠡ᠃        5᠂ ᠠᠪᠤ ᠡᠵᠢ ᠬᠤᠶᠠᠷ ᠤᠨ ᠲᠤᠳᠤᠨᠤ ᠬᠠᠷᠢᠯᠴᠠᠭ᠎ᠠ ᠠᠮᠢᠳᠤᠷᠠᠯ ᠤᠨ ᠪᠤᠳᠠᠳᠤ ᠲᠤᠯᠢ ᠯᠡ ᠭᠡᠰᠡᠨ ᠦᠭᠡ᠃ ᠠᠪᠤ  ᠡᠵᠢ ᠤᠳ« ᠬᠡᠤᠬᠡᠳ ᠲᠠᠢ ᠪᠤᠯᠤᠯ᠎ᠠ» ᠭᠡᠳ ᠯᠡ ᠦᠪᠡᠷᠰᠡᠳ ᠢ ᠪᠠᠨ ᠮᠠᠷᠳᠠᠵᠤ ᠪᠤᠯᠬᠤ ᠦᠭᠡᠢ᠃ ᠪᠠᠭ᠎ᠠ  ᠨᠠᠰᠤᠨ ᠤ ᠬᠡᠤᠬᠡᠳ ᠲᠠᠢ ᠠᠪᠤ ᠡᠵᠢ ᠰᠠᠯᠵᠤ ᠰᠠᠷᠨᠢᠬᠤ ᠲᠤᠬᠠᠢ ᠪᠤᠳᠤᠵᠤ ᠪᠠᠶᠢᠬᠤ ᠶᠤᠮ ᠪᠤᠯ ᠬᠡᠤᠬᠡᠳ ᠨᠢ  ᠨᠤᠶᠢᠷᠤᠨ ᠤ ᠲᠤᠳᠠᠭᠳᠠᠯ ᠲᠠᠢ ᠪᠤᠯᠳᠠᠭ ᠭᠡᠰᠡᠨ ᠡᠷᠳᠡᠮᠳᠡᠳ ᠤᠨ ᠰᠤᠳᠤᠯᠭ᠎ᠠ ᠪᠤᠢ᠃ ᠠᠪᠤ ᠡᠵᠢ ᠨᠢ ᠠᠮᠠ ᠬᠡᠯᠡ   ᠪᠠᠨ ᠤᠯᠬᠤ ᠦᠭᠡᠢ᠂ ᠠᠮᠠ ᠨᠡᠭᠡᠭᠡᠪᠡᠯ ᠯᠡ ᠮᠠᠷᠭᠤᠯᠳᠠᠴᠢᠬᠠᠬᠤ ᠭᠡᠳ ᠪᠠᠶᠢᠪᠠᠯ ᠬᠡᠤᠬᠡᠳ ᠠᠮᠤᠷ ᠲᠠᠶᠢᠪᠤᠩ ᠪᠠᠶᠢᠵᠤ  ᠴᠢᠳᠠᠬᠤ ᠦᠭᠡᠢ᠃ ᠡᠶᠢᠮᠦ ᠶᠠᠭᠤᠮ᠎ᠠ ᠶᠢ ᠦᠷ᠎ᠡ ᠬᠡᠤᠬᠡᠳ ᠲᠡᠭᠡᠨ ᠪᠤᠤ ᠬᠠᠷᠠᠭᠤᠯ᠃        6᠂ ᠰᠡᠳᠬᠢᠯ ᠰᠠᠨᠠᠭ᠎ᠠ ᠪᠠᠷ  ᠤᠨᠠᠨ᠂ ᠠᠭᠤᠷ ᠤᠴᠠᠭᠠᠷ ᠲᠤ ᠠᠪᠳᠠᠪᠠᠯ ᠠᠪᠤ ᠡᠵᠢ ᠤᠳ ᠦᠪᠡᠷ ᠢ ᠪᠠᠨ ᠤᠳᠤᠷᠢᠳᠤᠨ᠂ ᠠᠭᠤᠷ ᠤᠨᠳᠤᠴᠠᠯ   ᠢᠶᠠᠨ ᠲᠠᠷᠤᠨ᠂ ᠰᠡᠳᠬᠢᠯ ᠰᠠᠨᠠᠭ᠎ᠠ ᠪᠠᠨ ᠠᠷᠢᠭᠤᠰᠬᠠᠵᠤ ᠪᠠᠢ᠃ ᠠᠭᠤᠷᠯᠠᠵᠤ ᠶᠠᠳᠠᠷᠠᠭᠰᠠᠨ ᠡᠵᠢ ᠪᠠᠯᠴᠢᠷ ᠬᠡᠤᠬᠡᠳ   ᠨᠢ ᠤᠬᠢᠯᠠᠬᠤ ᠳᠤ ᠲᠠᠶᠢᠪᠤᠰᠢᠷᠠᠭᠤᠯᠬᠤ ᠭᠡᠵᠦ ᠶᠠᠳᠠᠷᠠᠬᠤ ᠪᠠᠨ ᠪᠤᠯᠢᠴᠢᠬᠠᠳᠠᠭ ᠃ ᠠᠭᠤᠷ ᠤᠴᠠᠭᠠᠷ ᠲᠠᠢ ᠡᠵᠢ ᠶᠢᠨ  ᠭᠠᠷ ᠢᠶᠠᠷ ᠦᠰᠦᠭᠰᠡᠨ ᠬᠡᠤᠬᠡᠳ ᠰᠤᠷᠭᠠᠭᠤᠯᠢ ᠳᠤ ᠤᠷᠤᠬᠤ ᠳᠠᠭᠠᠨ ᠳᠠᠷᠤᠮᠳᠠ ᠶᠠᠳᠠᠷᠠᠭᠠᠨ ᠳᠤ ᠤᠷᠤᠬᠤ ᠳᠠᠭᠠᠨ  ᠠᠮᠠᠷᠬᠠᠨ ᠪᠤᠯᠳᠠᠭ᠃        7᠂ ᠬᠡᠤᠬᠡᠳ ᠲᠠᠢ ᠪᠠᠨ ᠨᠠᠶᠢᠷᠰᠠᠭ ᠰᠠᠶᠢᠬᠠᠨ ᠬᠠᠷᠢᠴᠠᠳᠠᠭ ᠪᠠᠶᠢᠬᠤ ᠬᠡᠷᠡᠭᠲᠡᠢ᠃ ︿ᠵᠦᠪᠬᠡᠨ ᠴᠢ ᠪᠢᠳᠡ ᠬᠤᠶᠠᠷ   ᠤᠨ ᠨᠢᠭᠤᠴᠠ﹀ ᠭᠡᠳ ᠯᠡ᠂ ᠬᠡᠤᠬᠡᠳ ᠲᠠᠢ ᠪᠠᠨ ᠬᠠᠮᠤᠭ ᠪᠠᠶᠢᠳᠠᠭ ᠢᠶᠠᠨ ᠠᠮᠢᠨᠴᠢᠯᠠᠨ ᠶᠠᠷᠢᠳᠠᠭ ᠪᠤᠯ ᠡᠬᠦᠨ ᠰᠢᠭ  ᠴᠢᠬᠤᠯᠠ ᠶᠠᠭᠤᠮ᠎ᠠ ᠦᠭᠡᠢ᠃ ᠰᠢᠯᠵᠢᠯᠳᠡ ᠶᠢᠨ ᠨᠠᠰᠤ ᠬᠦᠷᠲᠡᠯ᠎ᠡ ᠨᠢ ᠬᠡᠤᠬᠡᠳ ᠲᠠᠢ ᠪᠠᠨ ᠵᠢᠩᠬᠢᠨᠢ ᠲᠤᠳᠤᠨᠤ  ᠬᠠᠷᠢᠴᠠᠭ᠎ᠠ ᠲᠠᠢ ᠪᠠᠶᠢᠵᠤ ᠴᠢᠳᠠᠬᠤ ᠶᠤᠮ ᠪᠤᠯ ︿ᠠᠪᠤ ᠡᠵᠢ ᠬᠡᠤᠬᠡᠳ ᠤᠨ ᠬᠠᠶᠢᠷ᠎ᠠ﹀ ᠨᠠᠰᠤᠨ ᠲᠤᠷᠰᠢ  ᠳᠤ  ᠦᠷᠬᠦᠯᠵᠢᠯᠡᠨ᠎ᠡ ᠭᠡᠰᠡᠨ ᠦᠭᠡ᠃        8᠂ ᠬᠡᠤᠬᠡᠳ ᠠᠷᠪᠠᠨ ᠨᠠᠰᠤᠨ ᠳᠤ ᠬᠦᠷᠦᠭᠡᠳ ᠢᠷᠡᠬᠦ ᠪᠠᠷ ᠯᠡ ᠠᠪᠤ ᠡᠵᠢ ᠶᠢᠨ ᠦᠭᠡᠳᠡ ᠠᠴᠠ ︿ ᠲᠠᠶᠢᠯᠪᠤᠷᠢ  ᠲᠠᠯᠪᠢᠭᠠᠳ﹀ ᠡᠬᠢᠯᠡᠳᠡᠭ᠃ ᠬᠡᠤᠬᠡᠳ ᠬᠦᠮᠦᠰ ᠲᠠᠢ ᠦᠪᠡᠷ ᠤᠨ ᠪᠤᠳᠤᠯ ᠢᠶᠠᠷ ᠬᠠᠷᠢᠴᠠᠵᠤ ᠡᠬᠢᠯᠡᠵᠦ ᠪᠠᠶᠢᠭ᠎ᠠ ᠨᠢ  ᠡᠨᠡ᠃ ᠨᠠᠶᠢᠵᠠ ᠨᠦᠬᠦᠳ ᠲᠠᠢ ᠪᠠᠨ ᠴᠤ ᠢᠩᠬᠢᠵᠦ ᠬᠠᠷᠢᠴᠠᠵᠤ ᠡᠬᠢᠯᠡᠨ᠎ᠡ᠃ ᠡᠬᠦᠨ ᠢ ᠤᠭᠳᠤ ᠠᠩᠭᠠᠵᠠᠷᠠᠬᠤ  ᠦᠭᠡᠢ ᠶᠤᠮ ᠰᠢᠭ ᠯᠡ ᠪᠠᠶᠢᠬᠤ ᠬᠡᠷᠡᠭᠲᠡᠢ ᠶᠤᠮ ᠰᠢᠦ᠃         9᠂ ᠦ ᠰᠡᠪ ᠦᠭᠡᠢ ᠲᠡᠭᠦᠰ ᠬᠦᠮᠦᠨ ᠭᠡᠵᠦ ᠬᠠᠮᠢᠭ᠎ᠠ ᠴᠤ ᠪᠠᠶᠢᠳᠠᠭ ᠦᠭᠡᠢ᠃ ᠲᠡᠶᠢᠮᠦ ᠤᠴᠢᠷ ᠠᠴᠠ ᠬᠡᠤᠬᠡᠳ   ᠢᠶᠠᠨ ᠭᠠᠶᠢᠬᠠᠮᠰᠢᠭ ᠲᠠᠢ ᠪᠤᠯᠭᠠᠬᠤ ᠭᠡᠳ ᠯᠡ ᠦᠪᠡᠷ ᠢ ᠪᠠᠨ ᠵᠤᠪᠠᠭᠠᠭᠠᠳ ᠬᠡᠷᠡᠭ ᠦᠭᠡᠢ᠃ ᠬᠡᠤᠬᠡᠳ ᠪᠦᠷᠢ ᠳᠤ  ᠦᠪᠡᠷ ᠦᠪᠡᠷ ᠤᠨ ᠰᠠᠶᠢᠨ ᠲᠠᠯ᠎ᠠ᠂ ᠰᠤᠯᠠ ᠲᠠᠯ᠎ᠠ ᠪᠤᠢ᠃ ᠬᠡᠤᠬᠡᠳ ᠮᠠᠨᠢ ᠰᠠᠶᠢᠨ ᠬᠦᠮᠦᠨ ᠪᠠᠶᠢᠬᠤ ᠶᠤᠰᠤᠳᠠᠢ᠂  ᠭᠡᠵᠦ ᠪᠤᠳᠤᠭᠠᠳ ᠯᠡ᠂ ᠵᠢᠳᠬᠦᠭᠡᠳ ᠪᠠᠶᠢᠭ᠎ᠠ ᠵᠠᠯᠠᠭᠤ ᠠᠪᠤ ᠡᠵᠢ ᠦᠪᠡᠷᠰᠡᠳ ᠢᠶᠠᠨ ᠶᠠᠳᠠᠷᠴᠤ᠂ ᠡᠴᠦᠰ ᠲᠡᠭᠡᠨ  ᠦᠪᠡᠷ ᠲᠡᠭᠡᠨ ᠢᠳᠡᠭᠡᠯ ᠦᠭᠡᠢ ᠪᠤᠯᠤᠨ᠎ᠠ᠃ ᠬᠠᠷᠢᠨ ᠢᠩᠬᠢᠵᠦ ︿ᠵᠤᠪᠠᠯ ᠦᠭᠡᠢ﹀᠂ ᠬᠡᠤᠬᠡᠳ  ᠢᠶᠠᠨ ᠦᠪᠡᠷ ᠤᠨ   ᠬᠢ ᠪᠠᠷ ᠢᠶᠠᠨ ᠯᠡ ᠦᠰᠭᠡᠬᠦ ᠬᠡᠷᠡᠭᠲᠡᠢ᠃        10᠂ ᠬᠡᠤᠬᠡᠳ ᠢᠶᠠᠨ ᠵᠦᠪ ᠬᠦᠮᠦᠨ ᠪᠤᠯᠭᠠᠬᠤ ᠶᠢᠨ ᠲᠤᠯᠠᠳᠠ ᠬᠡᠤᠬᠡᠳ ᠢᠶᠠᠨ ᠰᠠᠶᠢᠨ ︿ᠮᠡᠳᠡᠵᠦ ᠲᠠᠨᠢᠬᠤ﹀  ᠬᠡᠷᠡᠭᠲᠡᠢ᠃ ᠠᠪᠤ ᠡᠵᠢ ᠤᠳ ᠬᠡᠤᠬᠡᠳ ᠢᠶᠠᠨ ᠶᠠᠭᠠᠬᠢᠵᠤ ᠬᠦᠮᠦᠵᠢᠬᠦᠯᠬᠦ ᠪᠠᠨ ᠦᠪᠡᠷᠰᠡᠳ ᠢᠶᠠᠨ ᠮᠡᠳᠡᠭᠡᠳ ᠪᠠᠶᠢᠭ᠎ᠠ  ᠶᠤᠮ ᠰᠢᠭ᠋ ᠯᠡ ᠰᠠᠨᠠᠳᠠᠭ᠃ ᠬᠠᠷᠢᠨ ᠡᠨᠡ ᠠᠵᠢᠯ ᠰᠠᠨᠠᠭᠰᠠᠨ ᠤ ᠵᠤᠷᠢᠭ ᠢᠶᠠᠷ ᠪᠤᠯᠬᠤ ᠦᠭᠡᠢ᠃ ᠠᠪᠤ ᠡᠵᠢ  ᠬᠡᠤᠬᠡᠳ ᠢᠶᠠᠨ ᠵᠦᠪ ︿ᠲᠠᠨᠢᠭᠰᠠᠨ﹀ ᠤ ᠠᠴᠢ ᠪᠠᠷ ᠦᠪᠡᠷ ᠤᠨ ᠢᠶᠠᠨ ᠬᠡᠤᠬᠡᠳ ᠲᠤ ᠲᠤᠬᠢᠷᠠᠬᠤ ᠬᠦᠮᠦᠵᠢᠬᠦᠯᠦᠨ  ᠲᠦᠯᠦᠪᠰᠢᠷᠡᠬᠦᠯᠬᠦ ᠠᠷᠭ᠎ᠠ ᠶᠢ ᠤᠯᠤᠨ᠎ᠠ᠃ ᠬᠠᠳᠠᠭᠤ ᠴᠢᠩᠭ᠎ᠠ ᠠᠪᠤ ᠡᠵᠢ ᠲᠠᠢ ᠬᠡᠤᠬᠡᠳ ᠤᠳ ᠤᠨ ᠲᠠᠯ᠎ᠠ ᠤᠷᠴᠢᠮ   ᠨᠢ ᠠᠶᠤᠮᠠᠬᠠᠢ᠂ ᠰᠡᠳᠬᠢᠯ ᠢᠶᠠᠷ ᠤᠨᠠᠮᠠᠳᠠᠭᠠᠢ ᠪᠤᠯᠤᠭᠰᠠᠨ ᠪᠠᠶᠢᠳᠠᠭ ᠢ ᠠᠩᠬᠠᠷᠬᠤ ᠬᠡᠷᠡᠭᠲᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号