ᠶᠢᠰᠦᠨ ᠬᠦᠯᠳᠦ ᠴᠠᠭᠠᠨ ᠰᠦᠯᠳᠡ ᠪᠤᠯ ᠮᠤᠩᠭᠤᠯᠴᠣᠳ ᠤᠨ ᠢᠯᠠᠭᠤᠭᠰᠠᠨ ᠭᠤᠷᠪᠠᠨ ᠶᠡᠭᠡ ᠲᠤᠭ ᠰᠦᠯᠳᠡ | ᠶᠢᠨ ᠨᠢᠭᠡ ᠶᠤᠮ᠃ ᠰᠠᠷᠠᠯ ᠠᠵᠢᠷᠭᠠᠨ ᠤ ᠲᠡᠯ ᠬᠢᠯᠭᠠᠰᠤ ᠪᠠᠷ ᠬᠦᠬᠦᠯ ᠬᠢᠳᠡᠭ ᠠᠴᠠ ᠴᠠᠭᠠᠨ ᠰᠦᠯᠳᠡ ᠭᠡᠵᠡᠢ᠃ | ᠴᠠᠭᠠᠨ ᠰᠦᠯᠳᠡ ᠨᠢ ᠭᠤᠤᠯ ᠳᠠᠭᠠᠨ ᠨᠢᠭᠡ ᠲᠤᠮᠤ ᠰᠦᠯᠳᠡ᠂ ᠲᠡᠭᠦᠨ ᠢᠶᠠᠨ ᠲᠤᠭᠤᠷᠢᠭᠤᠯᠤᠨ ᠨᠠᠢᠮᠠᠨ | ᠲᠠᠭᠠᠯᠳᠠ ᠰᠦᠯᠳᠡ ᠲᠠᠢ ᠲᠤᠯᠠ ᠶᠢᠰᠦᠨ ᠬᠦᠯᠳᠦ ᠴᠠᠭᠠᠨ ᠰᠦᠯᠳᠡ ᠭᠡᠵᠡᠢ᠃ ᠴᠠᠭᠠᠨ ᠰᠦᠯᠳᠡ ᠨᠢ ᠭᠤᠷᠪᠠᠨ | ᠦᠵᠦᠭᠦᠷᠳᠦ ᠲᠡᠮᠦᠷ ᠰᠡᠷᠡᠭᠡ ᠮᠢᠶ᠋ᠢᠭ ᠲᠠᠢ ᠡᠳ᠋ ᠶᠤᠮ᠃ ᠰᠡᠷᠡᠭᠡᠨ ᠤ ᠬᠤᠶᠠᠷ ᠲᠠᠯ᠎ᠠ ᠨᠢ ᠨᠤᠮᠤ ᠪᠠᠨ ᠲᠦᠯᠦᠭᠡᠯᠡᠵᠦ᠂ | ᠭᠤᠤᠯ ᠤᠨ ᠵᠢᠳᠡ ᠰᠢᠭ ᠶᠠᠭᠤᠮ᠎ᠠ ᠨᠢ ᠰᠤᠮᠤ ᠶᠢ ᠲᠦᠯᠦᠭᠡᠯᠡᠵᠦ ᠪᠠᠶᠢᠭ᠎ᠠ ᠭᠡᠳᠡᠭ᠃ ᠴᠠᠷ᠎ᠠ᠂ ᠤᠩᠭᠢ᠂ ᠬᠦᠬᠦᠯ᠂ | ᠡᠰᠢ ᠨᠢ ᠪᠤᠰᠤᠳ ᠰᠦᠯᠳᠡ ᠲᠠᠢ ᠠᠳᠠᠯᠢ ᠦᠭᠡᠢ᠃ ᠯᠤᠤ ᠵᠢᠯ ᠪᠤᠯᠬᠤ ᠪᠦᠷᠢ ᠠᠷᠪᠠᠳᠤᠭᠠᠷ ᠰᠠᠷ᠎ᠠ ᠶᠢᠨ ᠰᠢᠨ᠎ᠡ ᠶᠢᠨ | ᠭᠤᠷᠪᠠᠨ ᠤ ᠯᠤᠤ ᠴᠠᠭ ᠲᠤ ᠰᠦᠯᠳᠡ ᠲᠤᠭᠰᠢᠭᠤᠯᠬᠤ ᠲᠠᠬᠢᠯᠭ᠎ᠠ ᠬᠢᠨ᠎ᠡ᠃ ᠲᠠᠬᠢᠯᠭᠠᠴᠢᠨ ᠠᠴᠠ ᠲᠤᠯᠢ ᠪᠠᠷᠢᠵᠦ | ᠤᠶᠢᠭᠰᠠᠨ ᠭᠡᠷᠡᠯ ᠢ ᠰᠦᠯᠳᠡ ᠶᠢᠨ ᠬᠦᠬᠦᠯ᠂ ᠰᠢᠯᠪᠢ᠂ ᠵᠢᠳᠡ ᠶᠢ ᠰᠢᠨᠡᠳᠭᠡᠨ ᠰᠤᠯᠢᠳᠠᠭ ᠶᠤᠮ᠃ ᠢᠩᠭᠢᠭᠡᠳ | ᠰᠦᠯᠳᠡ ᠤᠷᠤᠭᠤ ᠰᠢᠬᠦᠷᠡᠭᠦᠯᠬᠦ ᠳᠤ ᠰᠦᠯᠳᠡ ᠶᠢ ᠬᠠᠪᠰᠤᠷᠤᠨ ᠲᠠᠬᠢᠭᠴᠢ ᠠᠴᠠ ᠡᠷᠡᠥ ᠶᠢ ᠨᠢ ᠬᠤᠯᠤᠭᠤ ᠲᠤᠯᠳᠠᠯ᠎ᠠ | ᠵᠠᠭᠠᠭᠰᠠᠨ ᠬᠤᠨᠢᠨ ᠲᠤᠯᠤᠭᠠᠢ ᠶᠢ ᠵᠠᠭᠠᠮᠠᠭ ᠲᠠᠢ ᠴᠢᠰᠤᠨ ᠳᠤ ᠲᠦᠷᠦᠵᠦ ᠰᠦᠯᠳᠡ ᠤᠷᠤᠭᠤ ᠭᠤᠷᠪᠠ ᠭᠤᠷᠪᠠ | ᠬᠠᠪᠰᠤᠨᠠ᠃ ᠢᠷᠦᠭᠡᠯᠴᠢ ᠲᠤᠩ ᠦᠯᠢᠶᠡᠵᠦ᠂ ᠬᠠᠷᠠᠩᠭ᠎ᠠ ᠲᠠᠯᠠᠳᠤᠨ ︽ᠡᠨᠡ ᠡᠳᠦᠷ ᠤᠨ ᠴᠠᠭ ᠲᠤ᠂ ᠭᠠᠳᠠᠭᠠᠳᠤ | ᠲᠠᠯᠠᠢ ᠶᠢᠨ ᠲᠡᠷᠳᠡᠭᠡ᠂ ᠭᠠᠷᠬᠤ ᠨᠠᠷᠠᠨ ᠤ ᠵᠦᠭ ᠲᠤ ᠡᠷᠢᠶᠡᠨ ᠰᠢᠯᠪᠢᠳᠦ᠂ ᠡᠷᠬᠢᠬᠦᠯ ᠡᠩᠭᠡᠷᠳᠦ᠂ ᠡᠪᠡᠰᠦᠨ | ᠮᠠᠯᠠᠭᠠᠶᠢᠳᠤ᠂ ᠫᠢᠷᠡᠩ ᠴᠠᠭᠠᠨ ᠱᠠᠬᠠᠶᠢᠳᠦ᠂ ᠪᠠᠭᠠᠷᠠᠩ ᠤᠨ ᠲᠤᠯᠤᠭᠠᠢ ᠤᠷᠤᠭᠤ᠂ ᠰᠢᠯᠡᠭᠡ ᠤᠷᠬᠢᠭᠰᠠᠳ ᠢ ᠤᠷᠬᠢᠪᠠ | ᠂ ᠭᠤᠯᠢᠳ︕ ᠭᠤᠯᠢᠳ︕ ᠭᠤᠯᠢᠳ︕ ᠲᠤᠤᠭᠠᠷᠭᠠᠨᠠ︕︾ ᠭᠡᠵᠦ ᠴᠠᠭᠠᠨ ᠰᠦᠯᠳᠡ ᠲᠤᠭᠰᠢᠭᠤᠯᠬᠤ | ᠦᠴᠢᠭ ᠲᠠᠭᠤᠳᠠᠵᠦ ᠪᠠᠷᠠᠭᠠᠳ ᠰᠦᠯᠳᠡ ᠶᠢ ᠠᠷᠢᠭᠤᠳᠬᠠᠨ ᠤᠭ ᠤᠷᠤᠨ ᠳᠤᠨᠢ ᠪᠤᠴᠠᠭᠠᠨ ᠵᠤᠯᠢᠭ ᠲᠤ ᠭᠠᠷᠬᠤ | ᠬᠦᠮᠦᠨ ᠢ ᠶᠠᠪᠤᠭᠤᠯᠤᠨ᠎ᠠ᠃ ᠲᠠᠷᠠᠭ᠎ᠠ ᠨᠢ ᠰᠦᠯᠳᠡ ᠴᠢᠩᠭᠢᠬᠦ ᠲᠠᠶᠢᠯᠠᠭ᠎ᠠ ᠬᠢᠵᠦ᠂ ᠨᠠᠶᠢᠷ ᠨᠠᠭᠠᠳᠤᠮ ᠪᠤᠯᠬᠤ ᠳᠤ ︽ | ᠲᠠᠰᠢᠭᠤᠷᠴᠢ︾ ᠭᠡᠭᠴᠢ ᠲᠤᠰᠬᠠᠢ ᠬᠦᠮᠦᠨ ᠲᠤᠮᠢᠯᠠᠨ ᠨᠠᠭᠠᠳᠤᠮ ᠢ ᠲᠤᠬᠢᠷᠠᠭᠤᠯᠬᠤ ᠶᠢᠨ ᠬᠠᠮᠳᠦ ᠰᠤᠭᠳᠤᠭᠤ | ᠬᠦᠯᠴᠦᠭᠦᠦ ᠬᠦᠮᠦᠰ ᠢ ᠲᠠᠬᠢᠯᠭᠠᠨ ᠭᠠᠵᠠᠷ ᠤᠷᠤᠭᠤᠯᠬᠤ ᠶᠢ ᠴᠢᠩᠭ᠎ᠠ ᠬᠤᠷᠢᠭᠯᠠᠨ᠎ᠠ᠃ |