ᠭᠠᠯ ᠲᠠᠬᠢᠬᠤ ᠶᠤᠰᠤᠨ
ᠨᠡᠶᠢᠲᠡᠯᠡᠭᠰᠡᠨ ᠴᠠᠭ᠄
2024/12/10
      ᠭᠠᠯ ᠲᠠᠬᠢᠬᠤ ᠶᠤᠰᠤᠨ ᠳᠤ ᠤᠯᠠᠨ ᠵᠦᠢᠯ ᠪᠠᠶᠢᠳᠠᠭ ᠪᠤᠯᠪᠠᠴᠦ ᠪᠢ ᠭᠤᠤᠯ ᠨᠢ ᠮᠤᠩᠭᠤᠯ ᠭᠡᠷ ᠲᠤ ᠡᠪᠴᠢᠭᠦᠦ ᠪᠠᠷ ᠭᠠᠯ ᠲᠠᠬᠢᠬᠤ ᠶᠤᠰᠤᠨ ᠢ ᠲᠦᠬᠦᠮ ᠶᠠᠷᠢᠶ᠎ᠠ᠃ ᠮᠤᠩᠭᠤᠯᠴᠣᠳ ᠭᠠᠯ ᠲᠠᠬᠢᠬᠤ ᠡᠳᠦᠷ ᠤᠨ ᠦᠳᠡᠰᠢ ᠮᠠᠯ ᠰᠦᠷᠦᠭ ᠢᠶᠠᠨ ᠬᠤᠳᠠᠯᠠᠵᠦ ᠤᠳᠤ ᠪᠠᠶᠢᠷᠢᠯᠠᠬᠤ ᠦᠶ᠎ᠡ ᠪᠠᠷ ᠭᠠᠯ ᠢᠶᠠᠨ ᠲᠠᠬᠢᠳᠠᠭ᠃ ᠵᠢᠷᠤᠬᠠᠢ ᠳᠤ ︽ᠭᠠᠯ ᠤᠨ ᠪᠤᠷᠬᠠᠨ ᠨᠢ ᠬᠤᠷᠢᠨ ᠭᠤᠷᠪᠠᠨ ᠤ ᠦᠳᠡᠰᠢ ᠬᠤᠷᠮᠤᠰᠳᠠ ᠲᠡᠭᠷᠢ ᠳᠤ ᠬᠦᠷᠴᠦ᠂ ᠬᠤᠷᠢᠨ ᠲᠦᠷᠪᠡᠨ ᠤ ᠰᠦᠨᠢ ᠪᠠᠭᠤᠵᠦ ᠢᠷᠡᠮᠦᠢ︾ ᠭᠡᠰᠡᠨ ᠢ ᠵᠢᠷᠤᠮᠯᠠᠵᠦ᠂ ᠬᠤᠷᠢᠨ ᠭᠤᠷᠪᠠᠨ ᠪᠤᠶᠤ ᠬᠤᠷᠢᠨ ᠲᠦᠷᠪᠡᠨ ᠤ ᠦᠳᠡᠰᠢ ᠭᠠᠯ ᠢᠶᠠᠨ ᠲᠠᠬᠢᠳᠠᠭ ᠶᠤᠮ᠃      ᠭᠠᠯ ᠲᠠᠬᠢᠬᠤ ᠳᠤ ᠲᠤᠯᠠᠭᠠᠨ ᠳᠠᠭᠠᠨ ᠵᠡᠷᠭᠡᠯᠡᠭᠰᠡᠨ ᠬᠠᠭᠤᠷᠠᠢ ᠠᠷᠭᠠᠯ ᠲᠦᠯᠡᠭᠡ ᠶᠢ ᠨᠤᠴᠤᠭᠠᠵᠦ᠂ ᠲᠠᠬᠢᠯᠭ᠎ᠠ  ᠳᠤ ᠤᠷᠤᠯᠴᠠᠬᠤ ᠬᠦᠮᠦᠰ ᠶᠡᠬᠡᠰ ᠠᠬᠠᠮᠠᠳ ᠠᠴᠠ ᠡᠬᠢᠯᠡᠨ ᠲᠤᠷᠤᠭᠰᠢ ᠲᠡᠰ ᠲᠠᠷᠠᠭ᠎ᠠ ᠪᠠᠷ ᠰᠠᠭᠤᠯᠴᠠᠵᠦ᠂ ᠡᠪᠴᠢᠭᠦᠨ ᠭᠡᠷᠰᠡᠩ᠂ ᠴᠤᠷᠤᠢ᠂ ᠬᠤᠰ᠂ ᠬᠤᠳᠤᠭᠤᠳᠦ᠂ ᠱᠠᠭᠠᠳᠤ᠂ ᠲᠦᠷᠪᠡᠨ ᠦᠨᠳᠦᠷ ᠢ ᠲᠠᠯᠠᠯᠠᠭ᠎ᠠ ᠶᠢᠨ ᠰᠠᠭᠤᠯᠭᠠᠨ ᠳᠤ ᠬᠢᠵᠦ ᠠᠬᠠᠮᠠᠳ ᠬᠦᠮᠦᠨ ᠡᠷᠭᠦᠵᠦ ᠲᠠᠯᠠᠯᠠᠭ᠎ᠠ ᠠᠪᠬᠤ ᠪᠠᠷ ᠪᠡᠯᠡᠳᠭᠡᠨ᠎ᠡ᠃ ᠪᠤᠰᠤᠳ ᠬᠦᠮᠦᠰ ᠪᠦᠭᠦᠳᠡᠭᠡᠷ ᠢᠶᠠᠨ ᠫᠢᠯᠠ ᠲᠠᠪᠠᠭ ᠲᠠᠢ ᠴᠠᠭᠠᠨ ᠢᠳᠡᠭᠡ ᠪᠤᠤᠪᠤ ᠵᠡᠷᠭᠡ ᠶᠢᠨ ᠲᠠᠯᠠᠯᠠᠭ᠎ᠠ ᠪᠠᠷᠢᠵᠦ ᠰᠠᠭᠤᠨ᠎ᠠ᠃ ᠭᠡᠷ ᠤᠨ ᠪᠦᠰᠡᠭᠦᠢ ᠬᠦᠮᠦᠨ ᠪᠤᠶᠤ ᠪᠡᠷᠢ ᠬᠦᠮᠦᠨ ᠭᠠᠯ ᠢᠶᠠᠨ ᠬᠦᠭᠵᠢᠭᠡᠨ ᠰᠡᠷᠵᠢᠮ ᠡᠷᠭᠦᠵᠦ ᠭᠠᠯ ᠠᠪᠤᠯᠴᠠᠬᠤ ᠳᠤ ᠭᠠᠯ ᠤᠨ ᠰᠠᠩ ᠲᠠᠯᠪᠢᠵᠦ ᠤᠩᠰᠢᠯᠭ᠎ᠠ ᠢᠷᠦᠭᠡᠯ ᠲᠠᠯᠪᠢᠨ ᠭᠡᠷ ᠤᠨ ᠡᠵᠡᠨ ᠴᠢᠮᠠᠵᠦ ᠪᠡᠯᠡᠳᠭᠡᠭᠰᠡᠨ ᠡᠪᠴᠢᠭᠦᠦ ︵ᠡᠪᠴᠢᠭᠦᠦ  ᠶᠢᠨ ᠶᠠᠰᠤ ᠪᠦᠳᠦᠨ ᠢᠶᠠᠷ ᠢᠶᠠᠨ᠂ ᠲᠠᠪᠤᠨ ᠦᠩᠭᠡ ᠶᠢᠨ ᠭᠬᠢᠪ ᠲᠤᠷᠭ᠎ᠠ᠂ ᠲᠦᠷᠸᠠ ᠡᠪᠡᠰᠦ᠂ ᠨᠤᠤᠰᠤᠨ ᠣᠳᠠᠰᠦ᠂ ᠲᠤᠷᠭᠠᠨ ᠬᠠᠳᠠᠭ ᠪᠤᠶᠤ ᠰᠠᠮᠪᠠᠢ᠂ ᠴᠢᠪᠠᠭ᠎ᠠ ᠦᠵᠦᠮ ᠢᠶᠠᠷ ᠴᠢᠮᠡᠭᠰᠡᠨ︶ ᠪᠠᠨ ᠪᠦᠳᠦᠷᠬᠡᠢ ᠶᠢ ᠨᠢ ᠲᠤᠯᠭ᠎ᠠ ᠤᠷᠤᠭᠤ ᠬᠠᠨᠳᠤᠭᠤᠯᠤᠨ ᠪᠠᠷᠢᠵᠦ ᠭᠠᠯ ᠳᠤ ᠡᠷᠭᠦᠭᠡᠳ ᠬᠤᠷᠮᠤᠢ ᠪᠠᠨ ᠲᠡᠪᠢᠰᠴᠦ ᠭᠤᠷᠪᠠᠨᠳᠠ ᠮᠦᠷᠭᠦᠨ᠎ᠡ᠃ ᠪᠡᠷᠢ ᠬᠦᠮᠦᠨ ᠭᠠᠯ ᠳᠤ ᠰᠡᠷᠵᠢᠮ ᠡᠷᠭᠦᠵᠦ ᠭᠠᠯ ᠤᠨ ᠰᠤᠷ ᠲᠤᠭᠤᠨᠤ ᠲᠤᠯᠤᠮ᠎ᠠ ᠪᠠᠳᠠᠷᠠᠨ ᠬᠦᠭᠵᠢᠬᠦ ᠳᠤ ᠤᠯᠠᠨ ᠢᠶᠠᠷ ᠢᠶᠠᠨ ︽ᠰᠦᠮᠪᠦᠷ ᠠᠭᠤᠯᠠ ᠮᠡᠳᠦ ᠪᠠᠳᠤ᠂ ᠰᠦᠨ ᠲᠠᠯᠠᠢ ᠮᠡᠳᠦ ᠶᠡᠭᠡ᠂ ᠪᠤᠶᠠᠨ ᠬᠡᠰᠢᠭ ᠬᠠᠶᠢᠷᠠᠯᠠ᠂ ᠬᠤᠷᠤᠢ︕ ᠬᠤᠷᠤᠢ︕ ᠬᠤᠷᠤᠢ︕︾ ᠭᠡᠵᠦ ᠲᠠᠯᠠᠯᠠᠭ᠎ᠠ ᠠᠪᠬᠤ ᠶᠢᠨ ᠵᠡᠷᠭᠡᠴᠡᠭᠡ ᠪᠠᠷ ᠬᠦᠬᠡ ᠪᠤᠶᠤ ᠪᠤᠷᠤ ᠰᠠᠷᠠᠯ ᠢᠮᠠᠭ᠎ᠠ ᠰᠡᠳᠡᠷᠯᠡᠵᠦ᠂ ᠭᠠᠯ ᠭᠠᠯᠠᠶᠢᠬᠠᠨ ᠤ ᠬᠦᠯᠦᠭ ᠪᠤᠯᠭᠠᠵᠦ ᠲᠠᠯᠪᠢᠨ᠎ᠠ᠃ ᠡᠭᠦᠨ ᠤ ᠲᠠᠷᠠᠭ᠎ᠠ ᠲᠠᠯᠠᠯᠠᠭ᠎ᠠ ᠶᠢᠨ ᠰᠠᠭᠤᠯᠠᠭ᠎ᠠ ᠪᠠᠨ ᠲᠡᠭᠡᠭᠰᠢᠯᠡᠭᠦᠯᠵᠦ᠂ ᠤᠯᠠᠨ ᠢᠶᠠᠷ ᠢᠶᠠᠨ ᠭᠠᠯ ᠤᠨ ᠬᠡᠰᠡᠭ᠂ ᠭᠠᠯ ᠤᠨ ᠠᠮᠤᠰᠤ ︵ᠪᠤᠳᠠᠭ᠎ᠠ︶ ᠢᠳᠡᠨ᠎ᠡ᠃ ᠭᠠᠯ ᠲᠠᠬᠢᠭᠰᠠᠨ ᠤ ᠲᠠᠷᠠᠭ᠎ᠠ ᠦᠷᠯᠦᠭᠡ ᠪᠤᠶᠤ ᠭᠤᠷᠪᠠᠨ ᠬᠤᠨᠤᠭ ᠤᠨ ᠲᠠᠷᠠᠭ᠎ᠠ ᠰᠢᠳᠠᠭᠳᠠᠭᠰᠠᠨ ᠶᠠᠰᠤᠨ ᠤ ᠦᠨᠡᠰᠦ ᠶᠢ ᠠᠪᠴᠦ ᠲᠡᠭᠡᠷ᠎ᠡ ᠭᠠᠵᠠᠷ ᠰᠠᠴᠤᠬᠤ ᠪᠤᠶᠤ ᠦᠨᠡᠰᠦᠨ ᠲᠤᠳᠤᠷ᠎ᠠ ᠠᠴᠠ ᠪᠤᠷᠪᠢ᠂ ᠲᠤᠶᠢᠭ ᠤᠨ ᠶᠠᠰᠤ ᠶᠢ ᠠᠪᠴᠦ ᠭᠡᠷ  ᠤᠨ ᠲᠤᠳᠤᠭᠤ ᠲᠡᠭᠡᠷ᠎ᠡ ᠪᠠᠨ ᠲᠠᠯᠪᠢᠵᠦ ᠲᠠᠷᠠᠭ᠎ᠠ ᠵᠢᠯ ᠤᠨ ᠭᠠᠯ ᠲᠠᠬᠢᠬᠤ ᠪᠤᠯᠳᠠᠯ᠎ᠠ ᠲᠠᠬᠢᠵᠦ ᠬᠠᠳᠠᠭᠠᠯᠠᠨ᠎ᠠ᠃
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号