ᠬᠠᠰᠠᠷ ᠤᠨ ᠠᠯᠠᠭ ᠰᠦᠯᠳᠡ ᠶᠢᠨ ᠲᠠᠬᠢᠯᠭ᠎ᠠ
ᠨᠡᠶᠢᠲᠡᠯᠡᠭᠰᠡᠨ ᠴᠠᠭ᠄
2024/12/6
      ᠬᠠᠰᠠᠷ ᠤᠨ ᠠᠯᠠᠭ ᠰᠦᠯᠳᠡ ᠪᠤᠯ ᠮᠤᠩᠭᠤᠯ ᠤᠨ ᠭᠤᠷᠪᠠᠨ ᠲᠤᠭ ᠰᠦᠯᠳᠡ ᠶᠢᠨ ᠨᠢᠭᠡ ᠨᠢ ᠶᠤᠮ᠂ ᠰᠦᠯᠳᠡ ᠶᠢᠨ ᠬᠡᠯᠪᠡᠷᠢ ᠨᠢ ᠶᠡᠭᠡ ᠲᠦᠯᠦᠪ ᠲᠡᠭᠡᠨ ᠬᠠᠷ᠎ᠠ ᠰᠦᠯᠳᠡ ᠲᠠᠢ ᠠᠳᠠᠯᠢ ᠪᠤᠯᠪᠠᠴᠦ ᠰᠦᠯᠳᠡ ᠶᠢᠨ ᠬᠦᠬᠦᠯ  ᠢ ᠮᠤᠷᠢᠨ ᠤ ᠬᠠᠷ᠎ᠠ ᠴᠠᠭᠠᠨ ᠲᠡᠯ ᠢᠶᠠᠷ ᠬᠢᠳᠡᠭ ᠤᠴᠢᠷ ᠠᠴᠠ ᠠᠯᠠᠭ ᠰᠦᠯᠳᠡ ᠭᠡᠵᠡᠢ᠃ ᠠᠯᠠᠭ ᠰᠦᠯᠳᠡ ᠶᠢ ᠶᠡᠷᠦ  ᠳᠡᠭᠡᠨ ᠬᠠᠰᠠᠷ ᠤᠨ ᠠᠯᠠᠭ ᠰᠦᠯᠳᠡ ᠭᠡᠳᠡᠭ᠃ ᠬᠠᠰᠠᠷ ᠤᠨ ᠠᠯᠠᠭ ᠰᠦᠯᠳᠡ ᠪᠤᠯ ᠬᠠᠰᠠᠷ ᠤᠨ ᠡᠷᠬᠡ ᠰᠦᠷ᠂ ᠬᠦᠴᠦᠨ ᠴᠢᠳᠠᠯ ᠲᠡᠷᠢᠭᠦᠳᠡᠨ ᠢ ᠲᠦᠯᠦᠭᠡᠯᠡᠬᠦ ᠰᠦᠯᠳᠡ ᠰᠢᠳᠦᠭᠡᠨ ᠪᠤᠯᠤᠨ᠎ᠠ᠃ ᠴᠢᠩᠭᠢᠰ ᠬᠠᠭᠠᠨ ᠬᠠᠷᠠᠭ᠎ᠠ ᠶᠡᠬᠡᠳᠦ ᠬᠠᠷ᠎ᠠ ᠰᠦᠯᠳᠡ ᠪᠠᠨ ᠡᠷᠭᠦᠨ ᠮᠤᠷᠳᠠᠬᠤ ᠠᠷᠤ ᠠᠴᠠ ᠨᠢ ᠬᠠᠪᠤᠳᠤ ᠬᠠᠰᠠᠷ ᠠᠯᠠᠭ ᠰᠦᠯᠳᠡ ᠪᠠᠨ ᠮᠠᠨᠳᠤᠭᠤᠯᠤᠨ ᠴᠡᠷᠢᠭ ᠢᠶᠠᠨ ᠲᠠᠶᠢᠴᠢᠯᠠᠨ ᠤᠷᠤᠭᠰᠢᠯᠠᠳᠠᠭ ᠭᠡᠵᠦ ᠬᠡᠯᠡᠳᠡᠭ ᠶᠤᠮ᠃ ᠠᠯᠠᠭ ᠰᠦᠯᠳᠡ ᠶᠢᠨ ᠬᠢᠯᠪᠠᠷ ᠤᠨ ᠬᠠᠪᠳᠠᠭᠠᠢ ᠲᠠᠯ᠎ᠠ ᠳᠤ ᠲᠤᠯᠤᠭᠠᠨ ᠪᠤᠷᠬᠠᠨ ᠤᠳᠤ ᠶᠢᠨ ᠲᠦᠷᠰᠦ ᠶᠢ ᠮᠦᠩᠭᠦ ᠪᠠᠷ ᠰᠢᠭᠢᠳᠭᠡᠨ ᠤᠷᠠᠯᠠᠵᠠᠢ᠃ ᠲᠤᠯᠤᠭᠠᠨ ᠪᠤᠷᠬᠠᠨ ᠤᠳᠤ ᠪᠤᠯ ᠭᠤᠴᠢᠨ ᠭᠤᠷᠪᠠᠨ ᠲᠡᠭᠷᠢ ᠶᠢᠨ ᠨᠢᠭᠡ ᠨᠢ ᠪᠤᠯᠤᠨ᠎ᠠ᠃ ︽ᠠᠳᠠᠭ᠎ᠠ ᠲᠡᠭᠷᠢ︾ ᠶᠢ ᠰᠢᠳᠦᠭᠴᠢᠳ ᠴᠦᠮ ᠲᠤᠯᠤᠭᠠᠨ ᠪᠤᠷᠬᠠᠨ ᠤᠳᠤᠨ ᠢ ᠰᠢᠳᠦᠳᠡᠭ᠃      ᠠᠯᠠᠭ ᠰᠦᠯᠳᠡ ᠶᠢ ᠪᠠᠷᠰ ᠵᠢᠯ ᠲᠤᠭᠰᠢᠯᠠᠭᠤᠯᠳᠠᠭ ᠪᠦᠭᠡᠳ ᠲᠤᠭᠰᠢᠭᠤᠯᠬᠤ ᠳᠠᠭᠠᠨ ᠠᠯᠠᠭ ᠰᠦᠯᠳᠡ ᠶᠢᠨ ᠡᠰᠢᠨ ᠳᠤ ᠮᠢᠩᠭᠠᠨ ᠪᠢᠯᠢᠭᠦᠨ ᠤᠷᠠᠯᠠᠭᠰᠠᠨ ᠲᠤᠭᠳᠤᠢ ᠬᠢᠳᠡᠭ᠃ ᠪᠢᠯᠢᠭᠦᠨ ᠭᠡᠳᠡᠭ ᠨᠢ ᠨᠢᠳᠦ ᠶᠢᠨ ᠬᠦᠨᠳᠦᠳᠭᠡᠯ ᠶᠤᠮ᠃ ᠠᠯᠠᠭ ᠰᠦᠯᠳᠡ ᠶᠢ ᠪᠠᠷᠰ ᠵᠢᠯ ᠤᠨ ᠡᠪᠦᠯ ᠤᠨ ᠲᠤᠮᠳᠠ ᠰᠠᠷ᠎ᠠ ᠶᠢᠨ ᠰᠢᠨ᠎ᠡ ᠶᠢᠨ ᠭᠤᠷᠪᠠᠨ ᠳᠤ ᠲᠤᠭᠰᠢᠭᠤᠯᠵᠦ ᠪᠠᠷᠠᠮᠠᠭᠴᠠ ᠤᠯᠠᠨ ᠢᠶᠠᠷ ᠢᠶᠠᠨ ᠬᠤᠮᠤᠷᠭᠠᠨ ᠠᠪᠠ ᠬᠢᠵᠦ᠂ ᠵᠡᠭᠡᠷ᠎ᠡ ᠪᠤᠶᠤ ᠲᠠᠥᠯᠠᠢ ᠠᠯᠠᠵᠦ ᠰᠦᠯᠳᠡ  ᠳᠡᠭᠡᠨ ᠪᠤᠷᠤ ᠬᠦᠷᠦᠭᠡᠰᠦᠨ ᠤ ᠦᠳᠭᠡ ᠶᠢᠨ ᠲᠠᠬᠢᠯᠭ᠎ᠠ ᠬᠢᠳᠡᠭ᠃
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号