ᠬᠢᠷᠠᠭᠤ  ᠤᠨᠠᠬᠤ
ᠨᠡᠶᠢᠲᠡᠯᠡᠭᠰᠡᠨ ᠴᠠᠭ᠄
2024/10/29
     ᠬᠢᠷᠠᠭᠤ ᠤᠨᠠᠬᠤ ᠪᠣᠯ ᠨᠠᠮᠤᠷ ᠤᠨ  ᠡᠴᠤᠰ  ᠡᠪᠦᠯ ᠤᠨ ᠡᠬᠢᠯᠡᠯ ᠪᠤᠯᠵᠤ ᠪᠠᠶᠢᠬᠤ ᠶᠢᠨ ᠰᠢᠨᠵᠢ ᠲᠡᠮᠳᠡᠭ  ᠪᠣᠯᠤᠨ᠎ᠠ᠃  ᠲᠡᠭᠷᠢ ᠠᠭᠠᠷ ᠢᠳᠡᠭ ᠢᠳᠡᠭ ᠢᠶᠠᠷ ᠬᠦᠢᠳᠡᠷᠡᠵᠦ  ᠂ ᠬᠢᠷᠠᠭᠤ ᠤᠨᠠᠬᠤ ᠪᠤᠯ ᠬᠤᠷᠢᠨ ᠳᠥᠷᠪᠡᠨ ᠴᠠᠭ  ᠤᠯᠠᠷᠢᠯ ᠤᠨ ᠠᠷᠪᠠᠨ ᠨᠠᠢᠮᠠᠳᠡᠬᠢ ᠴᠠᠭ ᠤᠯᠠᠷᠢᠯ  ᠪᠣᠯᠤᠨ᠎ᠠ᠃ ᠡᠨᠡ ᠪᠣᠯ ᠨᠠᠮᠤᠷ ᠤᠨ ᠬᠠᠮᠤᠭ ᠤᠨ ᠰᠡᠭᠦᠯᠴᠢ ᠶᠢᠨ ᠨᠢᠭᠡ  ᠴᠠᠭ ᠤᠯᠠᠷᠢᠯ ᠮᠦᠨ᠂ ᠡᠨᠡ ᠨᠢ ᠡᠪᠦᠯ ᠤᠨ ᠤᠯᠠᠷᠢᠯ ᠤᠨ ᠠᠯᠬᠤᠭ᠎ᠠ ᠨᠢᠭᠡᠨᠲᠡ ᠠᠭᠠᠵᠢᠮ ᠢᠶᠠᠷ  ᠤᠶᠢᠷᠠᠳᠤᠭᠰᠠᠨ ᠢ  ᠬᠠᠷᠠᠭᠤᠯᠵᠤ ᠪᠠᠶᠢᠨ᠎ᠠ᠃      ᠰᠢᠭᠦᠳᠡᠷᠢ ᠶᠢᠨ ᠤᠰᠤ ᠬᠢᠷᠠᠭᠤ ᠪᠤᠯᠬᠤ ᠪᠣᠯ ᠤᠯᠠᠷᠢᠯ ᠤᠨ ᠡᠭᠡᠯᠵᠢᠯᠡᠯᠲᠡ᠂ ᠨᠠᠮᠤᠷ  ᠦᠩᠭᠡᠷᠡᠵᠦ ᠡᠪᠦᠯ  ᠢᠷᠡᠬᠦ ᠪᠤᠯ ᠪᠠᠶᠢᠭᠠᠯᠢ ᠶᠢᠨ ᠵᠢᠮ᠎ᠡ ᠶᠣᠰᠣ ᠮᠦᠨ᠃ ᠬᠢᠷᠠᠭᠤ ᠤᠨᠠᠬᠤ ᠴᠠᠭ᠂ ᠠᠭᠠᠷ ᠤᠨ ᠳᠤᠯᠠᠭᠠᠨ ᠭᠡᠨᠡᠳᠲᠡ ᠲᠤᠷᠤᠭᠰᠢᠯᠠᠵᠦ᠂ ᠡᠳᠦᠷ ᠰᠥᠨᠢ ᠶᠢᠨ ᠳᠤᠯᠠᠭᠠᠨ ᠤ ᠵᠥᠷᠢᠶ᠎ᠡ  ᠶᠡᠭᠡᠰᠴᠤ  ᠂  ᠡᠭᠡ ᠪᠠᠶᠢᠭᠠᠯᠢ ᠳᠤ ᠴᠤ  ᠨᠢᠭᠡ ᠵᠦᠢᠯ ᠤᠨ ᠨᠠᠮ  ᠰᠡᠯᠡᠬᠦᠨ ᠪᠥᠭᠡᠳ  ᠭᠤᠸ᠎ᠠ  ᠰᠠᠶᠢᠬᠠᠨ ᠠᠬᠤᠢ ᠪᠠᠶᠢᠳᠠᠯ ᠢᠯᠡᠷᠡᠵᠦ ᠡᠬᠢᠯᠡᠭᠰᠡᠨ ᠪᠠᠶᠢᠨ᠎ᠠ᠃     ᠪᠢᠳᠡ ᠬᠠᠮᠤᠭ ᠰᠡᠭᠦᠯᠴᠢ ᠶᠢᠨ ᠨᠠᠮᠤᠷ ᠤᠨ ᠡᠳᠦᠷ ᠂ ᠬᠢᠷᠠᠭᠤ ᠤᠨᠠᠬᠤ ᠲᠠᠢ ᠬᠠᠮᠲᠤ ᠪᠠᠷ ᠬᠠᠪᠤᠷ ᠤᠨ ᠴᠡᠴᠡᠭ ᠨᠠᠮᠤᠷ ᠤᠨ ᠰᠠᠷ᠎ᠠ ᠶᠢ  ᠵᠢᠷᠤᠭᠯᠠᠵᠤ᠂ ᠬᠠᠮᠤᠭ ᠤᠨ ᠭᠤᠶᠤ ᠰᠠᠶᠢᠬᠠᠨ ᠴᠠᠭ ᠮᠥᠴᠡ  ᠶᠢ  ᠡᠳ᠋ᠯᠡᠶ᠎ᠡ  ᠃
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号