ᠲᠤᠬᠠᠶᠢᠯᠠᠪᠠᠯ ᠠᠯᠡᠭᠪᠠᠬᠢ᠂ ᠠᠯᠠᠬᠠᠢ᠃ ᠪᠠᠷᠤᠭ ᠨᠡᠶᠢᠲᠡ ᠶᠢᠨ ᠣᠨ ᠲᠣᠭᠠᠯᠠᠯ ᠤᠨ 1189 ᠣᠨ ᠳᠤ | ᠲᠦᠷᠦᠵᠠᠢ᠂ ᠨᠠᠰᠤ ᠪᠠᠷᠠᠭᠰᠠᠨ ᠣᠨ ᠨᠢ ᠲᠣᠳᠣᠷᠬᠠᠢ ᠦᠭᠡᠢ᠃ ᠮᠣᠩᠭᠤᠯ ᠦᠨᠳᠦᠰᠦᠲᠡᠨ᠂ ᠤᠯᠤᠰ ᠬᠢᠨᠠᠬᠤ | ᠭᠦᠩᠵᠦ᠂ ᠴᠢᠩᠭᠢᠰ ᠬᠠᠭᠠᠨ ᠤ ᠭᠤᠷᠪᠠᠳᠤᠭᠠᠷ ᠥᠬᠢᠨ᠃ | ᠣᠩᠭᠤᠳ ᠠᠶᠢᠮᠠᠭ ᠠᠯᠲᠠᠨ ᠤᠯᠤᠰ ᠠᠴᠠ ᠤᠷᠪᠠᠵᠤ ᠠᠯᠲᠠᠨ ᠤᠯᠤᠰ ᠤᠨ ᠬᠢᠯᠢ ᠶᠢᠨ ᠬᠡᠷᠡᠮ ᠤᠨ | ᠪᠣᠭᠤᠮᠲᠠ ᠶᠢ ᠴᠢᠩᠭᠢᠰ ᠳᠤ ᠰᠢᠯᠵᠢᠭᠦᠯᠦᠨ ᠲᠤᠰᠢᠶᠠᠵᠤ᠂ ᠴᠢᠩᠭᠢᠰ ᠬᠠᠭᠠᠨ ᠤ ᠮᠣᠩᠭᠤᠯ ᠢ ᠨᠢᠭᠡᠳᠬᠡᠬᠦ ᠶᠡᠭᠡ | ᠦᠢᠯᠡᠰ ᠢ ᠪᠦᠲᠦᠭᠡᠬᠦ ᠠᠮᠵᠢᠯᠲᠠ ᠳᠤ ᠬᠦᠷᠭᠡᠵᠡᠢ᠂ ᠡᠶᠢᠮᠦ ᠶᠢᠨ ᠲᠤᠯᠠᠳᠠ ᠴᠢᠩᠬᠢᠰ ᠬᠠᠭᠠᠨ ᠳᠠᠷᠤᠢ ᠠᠯᠡᠭᠪᠠᠬᠢ ᠶᠢ | ᠤᠩᠭᠤᠳ ᠠᠶᠢᠮᠠᠭ ᠤᠨ ᠠᠬᠠᠯᠠᠭᠴᠢ ᠳᠤ ᠮᠤᠷᠳᠠᠭᠤᠯᠬᠤ ᠵᠠᠷᠯᠢᠭ ᠪᠠᠭᠤᠯᠭᠠᠵᠠᠢ᠃ ᠭᠡᠪᠡᠴᠦ ᠠᠯᠠᠬᠠᠢ ᠭᠦᠩᠵᠦ | ᠴᠣᠬᠤᠮ ᠬᠡᠨ ᠳᠤ ᠮᠤᠷᠳᠠᠭᠰᠠᠨ︖ ᠠᠯᠢ ᠡᠰᠡᠪᠡᠯ ᠠᠯᠢ ᠬᠡᠳᠦᠨ ᠣᠩᠭᠤᠳ ᠠᠶᠢᠮᠠᠭ ᠤᠨ ᠠᠬᠠᠯᠠᠭᠴᠢ ᠳᠤ | ᠮᠣᠷᠳᠠᠭᠰᠠᠨ ᠨᠢ ᠲᠡᠦᠬᠡᠨ ᠮᠠᠲ᠋ᠧᠷᠢᠶᠠᠯ ᠤᠨ ᠬᠡᠯᠡᠯᠭᠡ ᠠᠳᠠᠯᠢ ᠦᠭᠡᠢ᠃ | 1. ︽ᠶᠤᠸᠠᠨ ᠤᠯᠤᠰ ᠤᠨ ᠨᠢᠭᠤᠴᠠ ᠲᠣᠪᠴᠢᠶᠠᠨ︾ ᠤ 239 ᠳ᠋ᠦ᠋ᠭᠡᠷ ᠬᠡᠰᠡᠭ ᠲᠤ 1207 ᠣᠨ ᠳᠤ | ᠴᠢᠩᠬᠢᠰ ᠬᠠᠭᠠᠨ ᠠᠬᠠᠮᠠᠳ ᠬᠥᠪᠡᠭᠦᠨ ᠵᠦᠴᠢ ᠶᠢ ᠵᠠᠷᠯᠢᠭᠳᠠᠨ ᠣᠢ ᠶᠢᠨ ᠢᠷᠭᠡᠳ ᠢ ᠳᠠᠶᠢᠯᠠᠭᠰᠠᠨ ᠳᠤ ︽ᠤᠶᠢᠷᠠᠳ | ᠤᠨ ᠦᠷ᠎ᠡ ᠬᠤᠳᠤᠬ᠎ᠠ ᠪᠠᠬᠢ ᠢ ᠳᠠᠭᠠᠭᠤᠯᠵᠤ ᠢᠷᠡᠭᠰᠡᠨ︾ ᠲᠤᠯᠠ ᠥᠪᠡᠷ ᠤᠨ ᠪᠤᠯᠤᠨ ᠵᠦᠴᠢ ᠶᠢᠨ ᠬᠡᠦᠬᠡᠨ ᠢ | ᠬᠤᠲᠤᠬ᠎ᠠ ᠶᠢᠨ ᠬᠤᠶᠠᠷ ᠬᠦᠦ ᠲᠠᠢ ᠬᠤᠷᠢᠮᠯᠠᠭᠤᠯᠵᠠᠢ᠃ ᠵᠠᠯᠭᠠᠭᠠᠳ ︽ᠠᠯᠠᠬᠠ ﹇ᠪᠠᠬᠢ﹈ ᠨᠠᠷᠠ ᠲᠠᠢ ᠦᠬᠢᠨ ᠪᠠᠨ | ᠣᠩᠭᠤᠳ ᠠᠶᠢᠮᠠᠭ ᠲᠤ ᠦᠭᠴᠡᠢ᠃ ᠬᠠᠷᠢᠨ ᠬᠡᠨ ᠳᠤ ᠥᠭᠭᠦᠭᠰᠡᠨ ᠢᠶᠠᠨ ᠲᠣᠳᠣᠷᠬᠠᠢᠯᠠᠭᠰᠠᠨ ᠦᠭᠡᠢ᠂ ᠭᠡᠪᠡᠴᠦ | ᠴᠢᠩᠭᠢᠰ ᠤᠨ ᠤᠯᠤᠰ ᠪᠠᠶᠢᠭᠤᠯᠤᠭᠳᠠᠬᠤ ᠦᠶ᠎ᠡ ᠳᠤ ᠵᠢᠭᠰᠠᠭᠠᠭᠰᠠᠨ 95 ᠮᠢᠩᠭᠠᠨ ᠡᠷᠦᠬᠡ ᠶᠢᠨ ᠨᠡᠷᠡᠰ ᠲᠤ | ᠤᠩᠭᠤᠳ ᠠᠯᠠᠬᠤᠰᠢ ᠬᠦᠷᠧᠵᠢᠨ ᠭᠡᠳᠡᠭ ᠨᠡᠷ᠎ᠡ ᠪᠠᠶᠢᠳᠠᠭ᠃ ︽ᠬᠦᠷᠧᠵᠢᠨ︾ guragan ᠭᠡᠳᠡᠭ ᠨᠢ | ᠹᠦᠮᠠ ᠶᠢᠨ ᠤᠳᠬ᠎ᠠ ᠲᠠᠢ᠂ ᠡᠶᠢᠮᠦ ᠠᠴᠠ ᠶᠠᠷᠢᠶᠠᠨ ᠦᠭᠡᠢ ᠤᠩᠭᠤᠳ ᠠᠯᠠᠬᠤᠰᠢ ᠬᠦᠷᠧᠵᠢᠨ ᠳᠤ ᠮᠣᠷᠳᠠᠵᠠᠢ᠃ | 2 ᠷᠠᠰᠢᠳᠤᠨᠳᠤᠪ ᠤᠨ ︽ᠰᠤᠳᠤᠷ ᠤᠨ ᠴᠢᠭᠤᠯᠭᠠᠨ︾ ᠳᠤ ᠲᠡᠮᠳᠡᠭᠯᠡᠭᠰᠡᠨ ᠢᠶᠠᠷ ᠪᠣᠯ ᠴᠢᠩᠭᠢᠰ ᠬᠠᠭᠠᠨ ᠤ | ᠭᠤᠷᠪᠠᠳᠤᠭᠠᠷ ᠦᠬᠢᠨ- ᠠᠯᠡᠭᠪᠠᠬᠢ ᠯᠠᠪᠲᠠᠢ ᠣᠩᠭᠤᠤᠳ ᠠᠶᠢᠮᠠᠭ ᠤᠨ ᠠᠬᠠᠯᠠᠭᠴᠢ ᠶᠢᠨ ᠬᠦᠦ ᠵᠧᠨ ᠭᠦᠸᠧ ᠳᠤ | ᠮᠤᠷᠳᠠᠵᠠᠢ᠃ ︽ᠰᠤᠳᠤᠷ ᠤᠨ ᠴᠢᠭᠤᠯᠭᠠᠨ︾ ᠳᠤ ᠠᠯᠡᠭᠪᠠᠬᠢ ᠤᠩᠭᠤᠳ ᠸᠠᠩ ᠤᠨ ᠠᠶᠢᠮᠠᠭ ᠲᠤ ᠮᠣᠷᠳᠠᠬᠤ | ᠶᠠᠪᠤᠴᠠ ᠶᠢ ᠨᠠᠷᠢᠨ ᠲᠣᠳᠣᠷᠬᠠᠶ ᠲᠡᠮᠳᠡᠭᠯᠡᠵᠡᠶ᠄ ᠠᠯᠠᠬᠤᠰ ᠬᠢᠯᠢ ᠶᠢᠨ ᠬᠡᠷᠡᠮ ᠤᠨ ᠪᠣᠭᠤᠮᠲᠠ ᠶᠢ ᠴᠢᠩᠭᠢᠰ ᠬᠠᠭᠠᠨ ᠳᠤ | ᠲᠤᠰᠢᠶᠠᠭᠰᠠᠨ ᠠᠴᠠ ᠴᠢᠩᠭᠢᠰ ᠬᠠᠭᠠᠨ ᠠᠯᠲᠠᠨ ᠤᠯᠤᠰ ᠤᠨ ᠨᠤᠲᠤᠭ ᠲᠤ ᠳᠠᠪᠰᠢᠨ ᠣᠷᠣᠵᠤ ᠲᠡᠭᠦᠨ ᠢ | ᠱᠠᠩᠨᠠᠬᠤ ᠶᠢᠨ ᠲᠤᠯᠠᠳᠠ ᠥᠬᠢᠨ ᠢᠶᠠᠨ ᠡᠬᠡᠨᠡᠷ ᠪᠣᠯᠭᠠᠨ ᠦᠭᠴᠡᠢ᠃ ᠠᠯᠠᠬᠤᠰ ᠨᠠᠰᠤ ᠠᠭᠰᠢᠷᠠᠵᠤ ᠠᠬ᠎ᠠ ᠶᠢᠨ ᠢᠶᠠᠨ | ᠬᠦᠦ ᠵᠧᠨ ᠭᠦᠸᠧ ᠢ ᠲᠥᠷᠥ ᠶᠢᠨ ᠬᠦᠷᠬᠡᠨ ᠪᠣᠯᠭᠠᠨ ᠲᠠᠨᠢᠯᠴᠠᠭᠤᠯᠵᠠᠢ᠃ ᠠᠯᠠᠬᠤᠰ ᠬᠥᠮᠦᠨ ᠲᠣᠮᠢᠯᠠᠵᠤ ᠠᠯᠲᠠᠨ | ᠤᠯᠤᠰ ᠲᠤ ᠪᠠᠷᠢᠴᠠᠭ᠎ᠠ ᠪᠤᠯᠤᠭᠰᠠᠨ ᠵᠧᠨ ᠭᠦᠸᠧ ᠢ ᠲᠤᠰᠬᠤ ᠪᠠᠷ ᠣᠴᠢᠬᠤ ᠦᠶᠡᠰ᠂ ᠣᠩᠭᠤᠤᠳ ᠠᠶᠢᠮᠠᠭ ᠤᠨ | ᠨᠠᠶᠠᠨ ᠤᠷᠪᠠᠵᠤ ᠲᠡᠷᠰᠡᠯᠡᠵᠦ ᠠᠯᠠᠬᠤᠰ ᠤᠨ ᠠᠮᠢ ᠶᠢ ᠬᠤᠤᠷᠯᠠᠵᠤ᠂ ᠴᠢᠩᠭᠢᠰ ᠬᠠᠭᠠᠨ ᠦᠪᠡᠷ ᠤᠨ ᠦᠬᠢᠨ | ᠠᠯᠡᠭᠪᠠᠬᠢ ᠪᠠᠨ ᠵᠧᠨ ᠭᠦᠸᠧ ᠳᠤ ᠪᠤᠭᠳᠤᠯᠠᠵᠤ ᠦᠭᠴᠡᠢ᠃ | 3᠂ ᠰᠦᠩ ᠤᠯᠤᠰ ᠤᠨ ᠡᠯᠴᠢᠨ ᠵᠤᠤ ᠭᠦᠩ《蒙鞑备录》 ᠳᠤ ᠠᠯᠡᠭᠪᠠᠬᠢ ᠶᠢᠨ ᠲᠤᠬᠠᠢ | ᠶᠠᠷᠢᠬᠤ ᠳᠤ ᠪᠠᠨ᠄ ︿︿ᠴᠢᠩᠭᠢᠰ ᠁ ᠬᠤᠶᠠᠳᠤᠭᠠᠷ ᠦᠬᠢᠨ ᠠᠯᠠᠬᠠᠢ ᠪᠠᠶᠠᠨ᠂ ᠰᠤᠷᠪᠠᠵᠢ ᠬᠠᠲᠤᠨ ᠨᠠᠰᠤ | ᠪᠠᠷᠠᠭᠰᠠᠨᠲ᠋ᠦ᠋ᠰᠢᠮᠡᠯ ᠴᠠᠭᠠᠨ ᠳᠦᠷᠪᠡᠨ(不颜昔班) ᠲᠠᠢ ᠬᠤᠷᠢᠮᠯᠠᠵᠠᠢ᠃︽ᠬᠠᠷ᠎ᠠ ᠲᠠᠲ᠋ᠠᠷ ᠤᠨ | ᠤᠴᠢᠷ ᠤᠨ ᠲᠣᠪᠴᠢ︾ ᠳᠤ ᠳᠤᠷᠠᠳᠤᠭᠰᠠᠨ ᠢᠶᠠᠷ᠄ ︽“白厮马,一名白厮卜,即白 | 鞑伪太子。忒没真婿.伪公主阿剌罕之前夫︾ ᠡᠭᠦᠨ ᠠᠴᠠ | ᠦᠵᠡᠪᠡᠯ ᠠᠯᠡᠭᠪᠠᠬᠢ不颜昔班 ᠳᠤ ᠮᠤᠷᠳᠠᠵᠠᠢ᠃ | 4᠂ ᠡᠷᠭᠢᠪᠡᠯ ᠶᠤᠸᠠᠨ ᠤᠯᠤᠰ ᠤᠨ ᠠᠯᠪᠠᠨ ᠤ ᠲᠡᠮᠳᠡᠭᠯᠡᠯ᠂ ᠵᠢᠱᠢᠶᠡᠯᠡᠪᠡᠯ᠂ ︽ᠶᠤᠸᠠᠨ ᠤᠯᠤᠰ ᠤᠨ ᠲᠡᠤᠬᠡ | · ᠤᠯᠠᠨ ᠭᠦᠩᠵᠤ ᠨᠠᠷ ᠤᠨ ᠬᠦᠰᠦᠨᠦᠭᠳᠦ︾᠄ ︽ᠵᠤᠤ ᠤᠯᠤᠰ ᠤᠨ ᠬᠦᠩᠵᠤ ᠶᠡᠭᠡ ᠠᠯᠡᠭᠪᠠᠬᠢ᠂ ᠲᠠᠶᠢᠽᠤ ᠦᠬᠢᠨ | ᠂ ᠱᠢ ᠦ᠋ ᠢ ᠸᠠᠩ ᠪᠣᠶᠣᠬᠡ︾ ︵ᠠᠯᠠᠬᠤᠰᠲ ᠶᠢᠨ ᠬᠦᠪᠡᠬᠦᠨ︶ ᠵᠡᠷᠭᠡ ᠪᠤᠯᠤᠨ᠎ᠠ᠃ ᠶᠠᠨ ᠹᠦ᠋ ᠶᠢᠨ ︽ᠹᠦ᠋ ᠮᠠ | ᠭᠤᠤ ᠲᠠᠩ ᠵᠦᠩ ᠤᠨ ᠡᠷᠭᠦᠭᠰᠡᠨ ᠬᠠᠭᠠᠨ ᠤ ᠬᠦᠰᠢᠶ᠎ᠠ︾ ᠶᠢ ᠴᠧᠩ ᠽᠥᠩ ᠬᠠᠭᠠᠨ ᠤ ᠶᠡᠭᠡ ᠳᠡᠭᠡᠳᠦ | ᠡᠷᠳᠡᠮᠲᠦ ᠶᠢᠨ ᠶᠢᠰᠦᠨ ᠵᠢᠯ ᠭᠡᠵᠦ ᠨᠡᠷᠡᠶᠢᠳᠴᠦ᠂ ᠺᠣᠯᠢᠭᠢᠰ ᠢ ︽ᠡᠯᠦᠨᠴᠡ ᠡᠪᠦᠭᠡ ᠠᠯᠠᠬᠤᠰ︾᠂ ︽ᠡᠯᠦᠨᠴᠡ | ᠡᠪᠦᠭᠡ妣阿里黑︾᠂ ︽ᠳᠡᠭᠡᠳᠦᠰ ᠤᠨ ᠹᠦ᠋ ᠮᠠ ᠪᠣᠶᠣᠬᠡ︾᠂ ︽ᠡᠪᠦᠭᠡ ᠬᠠᠭᠠᠨ ᠤ ᠡᠯᠦᠨᠴᠡ ᠡᠭᠡᠴᠢ | ᠠᠯᠡᠭᠪᠠᠬᠢ ᠭᠡᠵᠡᠢ᠃ ︽ᠯᠢᠦ ᠬᠥᠰᠢᠶ᠎ᠡ︾ ᠨᠢᠷᠧᠨ ᠽᠥᠩ ᠬᠠᠭᠠᠨ ᠤ ᠦᠶ᠎ᠡ ᠳᠤ ᠪᠣᠰᠬᠠᠭᠳᠠᠵᠠᠢ᠃ ᠡᠭᠦᠨ ᠳᠤ | ᠠᠯᠡᠭᠪᠠᠬᠢ ᠪᠣᠯ ︽皇高祖姑︾ ᠬᠡᠮᠡᠨ ᠨᠠᠷᠡᠯᠡᠵᠦ᠂ ᠴᠧᠩ ᠽᠥᠩ ᠷᠧᠨ ᠽᠥᠩ ᠤᠨ ᠳᠡᠭᠡᠳᠦᠰ ᠪᠦᠷ | ᠲᠣᠯᠣᠶ ᠣᠴᠢᠷ ᠠᠴᠠ ᠠᠯᠡᠭᠪᠠᠬᠢ ᠲᠠᠢ ᠡᠭᠡᠴᠢ ᠳᠡᠭᠦᠦ ᠶᠢᠨ ᠬᠠᠷᠢᠴᠠᠭ᠎ᠠ ᠲᠠᠢ ᠪᠠᠶᠢᠵᠤ ᠢᠩᠭᠡᠵᠦ ᠨᠡᠷᠡᠯᠡᠩᠰᠡᠨ ᠢᠶᠠᠷ | ᠪᠠᠲᠤᠯᠠᠭᠰᠠᠨ ᠨᠢ ᠴᠢᠩᠭᠢᠰ ᠬᠠᠭᠠᠨ ᠦᠬᠢᠨᠢᠶ᠋ᠠᠨ ᠪᠣᠶᠦᠬᠡ ᠳᠤ ᠮᠤᠷᠳᠠᠭᠤᠯᠵᠠᠢ᠃ ᠡᠯ᠎ᠡ ᠨᠤᠮ ᠪᠢᠴᠢᠭ ᠲᠤᠷᠠᠰᠬᠠᠯ | ᠬᠦᠰᠢᠶ᠎ᠡ ᠶᠢᠨ ᠠᠳᠠᠯᠢ ᠪᠣᠰᠤ ᠶᠠᠷᠢᠶᠠᠨ ᠠᠴᠠ᠂ ᠡᠮᠦᠨᠡᠬᠢ ᠬᠦᠮᠦᠰ ᠵᠠᠯᠭᠠᠭ᠎ᠠ ᠪᠠᠷ ᠣᠯᠠᠨ ᠶᠠᠩᠵᠤ ᠰᠤᠳᠤᠯᠭᠠᠨ | ᠦᠷᠨᠢᠭᠦᠯᠵᠡᠢ᠃ ᠬᠤᠩ ᠵᠢᠶᠦ᠋ᠨ ᠶᠧᠦ ᠶᠢᠨ《后妃公主表补辑》᠂ ᠶᠠᠫᠤᠨ ᠤ ᠡᠷᠳᠡᠮᠲᠡᠨ那 | 珂通᠂ ᠸᠠᠩ ᠭᠦᠸᠧ ᠸᠧᠢ ᠨᠠᠷ ᠪᠦᠷ ᠦᠪᠡᠷ ᠦᠪᠡᠷ ᠤᠨ ᠬᠡᠯᠡᠯᠴᠡᠭᠡ ᠪᠠᠶᠢᠵᠠᠢ᠃ᠬᠤᠩ ᠵᠢᠶᠦ᠋ᠨ ᠪᠣᠯ | ᠠᠯᠡᠭᠪᠠᠬᠢ ᠶᠢ ᠵᠧᠨ ᠭᠦᠸᠧ᠂ ᠰᠣᠶᠣᠬᠡ ᠬᠤᠶᠠᠷ ᠬᠦᠮᠦᠨ ᠳᠤ ᠮᠤᠷᠳᠠᠵᠠᠢ ᠬᠡᠮᠡᠨ ᠣᠶᠢᠯᠠᠭᠠᠳᠠᠭ᠂那珂通世 | ᠪᠣᠯ ᠠᠯᠠᠬᠤᠰ᠂ ᠵᠧᠨ ᠲᠥᠩ᠂ ᠰᠣᠶᠣᠬᠡ ᠵᠡᠷᠭᠡ ᠭᠤᠷᠪᠠᠨ ᠬᠦᠮᠦᠨ ᠳᠤ ᠮᠤᠷᠳᠠᠵᠠᠢ ᠭᠡᠳᠡᠭ᠂人·屠寄 | ᠶᠢᠨ ᠣᠶᠢᠯᠠᠭᠠᠯᠳᠠ ᠪᠣᠯ ᠠᠯᠡᠭᠪᠠᠬᠢ ᠶᠢ不颜昔班᠂ ᠵᠧᠨ ᠭᠦᠸᠧ᠂ ᠰᠣᠶᠣᠬᠡ ᠵᠡᠷᠭᠡ ᠭᠤᠷᠪᠠᠨ | ᠬᠦᠮᠦᠨ ᠳᠤ ᠮᠤᠷᠳᠠᠵᠠᠢ ᠭᠡᠳᠡᠭ᠂ ᠶᠠᠭᠤ ᠪᠤᠯᠤᠭᠰᠠᠨ ᠴᠦ ᠡᠳᠡᠭᠡᠷ ᠡᠷᠳᠡᠮᠳᠡᠨ ᠴᠦᠮ ᠠᠯᠡᠭᠪᠠᠬᠢ ᠶᠢ ᠲᠠᠬᠢᠨ | ᠣᠷᠣᠭᠯᠠᠵᠠᠢ ᠬᠡᠮᠡᠨ ᠮᠡᠳᠡᠷᠡᠳᠡᠭ᠃ ᠠᠯᠡᠭᠪᠠᠬᠢ ᠣᠩᠭᠤᠤᠳ ᠠᠶᠢᠮᠠᠭ ᠲᠤ ᠮᠤᠷᠳᠠᠵᠤ ᠣᠴᠢᠭᠰᠠᠨ ᠤ ᠰᠡᠭᠦᠯᠡᠷ ᠨᠢᠭᠡᠨᠨ | ᠦᠶ᠎ᠡ ᠡᠷᠬᠡ ᠵᠡᠷᠬᠡ ᠲᠤᠶᠢᠯ ᠤᠨ ᠦᠨᠳᠦᠷ ᠪᠠᠶᠢᠵᠠᠢ᠂ ᠶᠠᠨ ᠹᠦ᠋ ᠶᠢᠨ︽ᠹᠦ᠋ ᠮᠠ ᠭᠤᠤ ᠲᠠᠩ ᠵᠦᠩ ᠤᠨ ᠡᠷᠭᠦᠭᠰᠡᠨ | ᠬᠠᠭᠠᠨ ᠤ ᠬᠦᠰᠢᠶ᠎ᠠ︾ ᠳᠤ᠄ ᠴᠢ ᠤᠯᠤᠰ ᠤᠨ ᠶᠡᠭᠡ ᠭᠦᠩᠵᠦ ︵ᠲᠠᠷᠤᠢ ᠠᠯᠡᠭᠪᠠᠬᠢ︶ ᠰᠡᠴᠡᠨ ᠮᠡᠷᠭᠡᠨ | ᠮᠦᠷᠳᠡᠭᠡᠨ ᠠᠷᠭ᠎ᠠ ᠤᠬᠠᠭᠠᠨ ᠲᠠᠢ ᠬᠡᠮᠡᠵᠡᠢ᠂ ᠡᠪᠦᠭᠡ ᠲᠡᠭᠡᠳᠦᠯ ᠳᠥᠷᠪᠡ ᠤᠳᠠᠭ᠎ᠠ ᠲᠠᠶᠢᠯᠠᠨ ᠪᠠᠶᠢᠯᠳᠤᠬᠤ ᠳᠤ | ᠣᠩᠭᠤᠳ ᠠᠶᠢᠮᠠᠭ ᠤᠨ ᠠᠶᠢᠮᠠᠭ ᠤᠨ ᠣᠴᠢᠷ ᠢ ᠬᠠᠮᠢᠶᠠᠷᠤᠨ᠂ᠴᠡᠷᠢᠭ ᠤᠯᠤᠰ ᠲᠣᠮᠣ ᠲᠥᠷᠥ ᠪᠠᠷ ᠲᠤᠰ ᠲᠤᠰ ᠤᠨ | ᠳᠠᠪᠠᠭᠤᠯᠢᠭ ᠢᠶᠠᠨ ᠠᠰᠢᠭᠯᠠᠨ ᠳᠣᠲᠣᠭᠠᠳᠤ ᠳᠤ ᠪᠠᠨ ᠰᠠᠨᠠᠭᠠᠰᠢᠷᠠᠨ ᠵᠣᠪᠠᠭ᠋ᠤ ᠦᠭᠡᠢ ᠭᠦᠩᠵᠦ ᠶᠢᠨ ᠬᠦᠴᠦ ᠣᠯᠠᠨ | ᠪᠠᠶᠢᠳᠠᠭ︾ ᠭᠡᠵᠡᠢ᠃ ᠠᠯᠠᠭᠠᠢ ᠤᠤᠯ ᠳᠤ ᠪᠠᠨ ᠴᠡᠷᠢᠭ ᠤᠯᠤᠰ ᠤᠨ ᠶᠡᠭᠡ ᠵᠠᠰᠠᠭ ᠢ ᠡᠷᠬᠢᠯᠡᠵᠦ ᠪᠠᠶᠢᠭᠰᠠᠨ ᠲᠤᠬᠠᠢ᠂ | ᠵᠤᠤ ᠭᠦᠩ ᠲᠡᠬᠦᠨ ᠤ ︽蒙鞑备录︾ ᠳᠡᠭᠡᠷ᠎ᠡ ᠠᠬᠢᠨ ᠳᠠᠬᠢᠨ ᠳᠤᠷᠠᠳᠴᠠᠢ᠃ᠵᠣᠣ ᠭᠦᠩ | 1221 ᠤᠨ ︵ᠴᠠᠭᠠᠭᠴᠢᠨ ᠮᠣᠭᠠᠢ ᠨᠠᠰᠤ ᠪᠠᠷᠠᠪᠠ︶ ᠳᠤ ᠲᠤᠬᠠᠢ ᠶᠢᠨ ᠦᠶ᠎ᠡ ᠳᠤ ᠠᠯᠠᠬᠠᠢ ᠶᠢᠨ ᠨᠦᠬᠦᠷ ᠶᠠᠭ | ᠨᠠᠰᠤ ᠪᠠᠷᠠᠵᠤ ᠪᠡᠯᠪᠡᠰᠦᠨ ᠠᠮᠢᠳᠤᠷᠠᠵᠤ ᠪᠠᠶᠢᠵᠠᠢ᠂ ᠶᠠᠭ ᠬᠡᠯᠡᠪᠡᠯ ᠵᠧᠨ ᠭᠦᠸᠧ ᠨᠠᠰᠤ ᠪᠠᠷᠠᠵᠠᠢ᠃ ᠨᠣᠮ ᠳᠤ ᠪᠠᠰᠠ᠄ | ︽今领白鞑靼同事,日逐看经。有妇士数千人事之。凡 | 征伐斩杀.皆自己出︾ ᠭᠡᠪᠡ᠃ ᠪᠠᠰᠠ᠄ ︽“所谓白鞑靼者,……今 | 彼部族之后,其国乃鞑主成吉思公主必姬权管国事︾ | | 1221ᠣᠨ ᠳᠤ ᠴᠢᠩᠭᠢᠰ ᠬᠠᠭᠠᠨ ᠶᠡᠭᠡ ᠴᠡᠷᠢᠭ ᠢᠶᠠᠨ ᠲᠠᠶᠢᠴᠢᠯᠠᠨ ᠬᠤᠶᠠᠷ ᠣᠷᠣᠨ ᠢ ᠲᠠᠶᠢᠯᠠᠬᠤ ᠪᠠᠷ | ᠶᠠᠪᠣᠪᠠ᠂ ᠲᠠᠶᠢᠯᠠᠬᠤ ᠠᠴᠠ ᠡᠮᠦᠨ᠎ᠡ ᠲᠡᠷᠡ ᠮᠣᠬᠤᠯᠠᠢ ᠶᠢ ᠣᠯᠣᠰ ᠤᠨ ᠡᠵᠡᠨ ᠢᠶᠠᠷ ᠡᠷᠭᠦᠮᠵᠢᠯᠡᠵᠦ᠂ ᠣᠩᠭᠤᠤᠳ᠂ | ᠬᠤᠩᠭᠢᠷᠠᠳ ᠵᠡᠷᠭᠡ ᠠᠶᠢᠮᠠᠭ汉诸军“以图巾原”。 ᠮᠣᠬᠤᠯᠠᠢ ᠴᠡᠷᠢᠭ ᠳᠠᠶᠢᠴᠢᠯᠠᠨ | ᠡᠮᠦᠨᠡᠰᠢ ᠱᠠᠨ ᠰᠢ᠂ ᠱᠠᠨᠰᠢ ᠵᠡᠷᠭᠡ ᠭᠠᠵᠠᠷ ᠢ ᠳᠠᠭᠠᠷᠢᠨ ᠢᠷᠡᠵᠦ᠂ ᠬᠠᠨ ᠤᠯᠤᠰ ᠤᠨ ᠡᠷᠲᠡᠨ ᠤ ᠠᠶᠢᠮᠠᠭ ᠤᠨ | ᠡᠷᠭᠦᠮᠵᠢᠯᠡᠯ ᠤᠨ ᠭᠠᠵᠠᠷ ᠢ ᠦᠩᠭᠡᠷᠴᠦ ᠠᠯᠠᠬᠠᠢ ᠭᠦᠩᠵᠦ ︵ᠳᠠᠷᠤᠢ ᠣᠯᠣᠰ ᠬᠢᠨᠠᠭᠴᠢ ᠬᠦᠩᠵᠦ︶ ᠦᠪᠡᠷ ᠢᠶᠠᠨ | ᠬᠦᠮᠦᠨ ᠲᠤᠮᠢᠯᠠᠪᠠ᠃ ︽ᠶᠤᠸᠠᠨ ᠤᠯᠤᠰ ᠤᠨ ᠨᠡᠷᠡᠲᠦ ᠲᠦᠰᠢᠮᠡᠯ ᠤᠨ ᠲᠤᠶᠢᠮᠤ︾ ᠳᠤ辛巳(1221)八月 | 。王(术华黎)至天德.监国公主遣其臣习里吉思劳王, | 且飨将土。︽ᠶᠤᠸᠠᠨ ᠤ ᠲᠡᠤᠬᠡ᠂ ᠮᠤᠬᠤᠯᠠᠢ ᠶᠢᠨ ᠨᠠᠮᠲᠠᠷ︾ ᠨᠡᠩ ᠣᠨᠣᠪᠴᠢᠲᠠᠢ ᠪᠠᠷ ᠬᠡᠯᠡᠪᠡᠯ“驻 | 青冢” ᠣᠳᠣ ᠶᠢᠨ ᠬᠦᠬᠡᠬᠤᠲᠠ ᠶᠢᠨ ᠡᠮᠦᠨ᠎ᠡ ᠲᠡᠭᠦᠷᠭᠡ ᠶᠢᠨ ︿︿ᠵᠣᠣ ᠵᠢᠶᠦ᠋ᠨ ᠤ ᠣᠩᠭᠤᠨ﹀﹀ | ᠡᠨᠡᠦᠶᠡ ᠳᠤ ᠤᠯᠤᠰ ᠢ ᠬᠢᠨᠠᠭᠴᠢ ᠭᠦᠩᠵᠦ ᠶᠠᠭ ᠣᠩᠭᠤᠤᠳ ᠠᠶᠢᠮᠠᠭ ᠢ ᠬᠠᠮᠢᠶᠠᠷᠴᠤ ᠪᠠᠶᠢᠵᠠᠢ᠃ ᠡᠨᠡ ᠬᠦ | ᠬᠤᠭᠤᠴᠠᠭᠠᠨ ᠳᠤ ᠣᠩᠭᠤᠤᠳ ᠠᠶᠢᠮᠠᠭ ᠤᠨ ᠴᠡᠷᠢᠭ ᠶᠠᠨ ᠮᠧᠨ ᠬᠠᠭᠠᠯᠭ᠎ᠠ ᠶᠢ ᠲᠠᠶᠢᠯᠳᠤᠵᠤ ᠪᠠᠶᠢᠬᠤ ᠦᠶᠡᠰ ᠵᠢᠶᠠᠨ | ᠵᠸᠥ ᠶᠢᠨ ᠬᠦᠮᠦᠨ ᠸᠠᠩ ᠵᠤᠤ ︽ᠤᠯᠤᠰ ᠢ ᠨᠢ ᠬᠢᠨᠠᠨ ᠪᠠᠶᠢᠴᠠᠭᠠᠭᠴᠢ ᠭᠦᠩᠵᠦ ᠶᠢᠨ ᠵᠠᠷᠯᠢᠭ ᠢᠶᠠᠷ᠂ ᠴᠢᠶᠠᠨᠵᠤᠤ | ᠡᠤ ᠵᠠᠩᠵᠤᠨ ᠨᠡᠭᠦᠭᠰᠡᠨ ᠤ ᠳᠠᠷᠠᠭ᠎ᠠ᠂ ᠽᠦᠸᠧ ᠹᠦ᠋ ᠶᠤᠸᠠᠨ ᠱᠤᠸᠠᠢ ᠶᠢ ᠰᠠᠭᠤᠵᠠᠢ᠃ ︽ᠸᠠᠩ ᠵᠤᠤ ᠶᠢ | ᠬᠠᠮᠲᠤ ᠳᠤ ᠨᠢ ᠥᠪᠥᠷ ᠮᠣᠩᠭᠤᠯ ᠳᠤ ᠪᠠᠭᠤᠵᠤ ᠥᠭᠭᠦᠭᠰᠡᠨ ᠯᠢᠦ ᠬᠤ᠋ ᠶᠢᠨ ᠨᠤᠶᠠᠳ ᠤᠨ ᠲᠤᠰᠢᠶᠠᠯ ᠪᠠ | ᠵᠠᠯᠭᠠᠮᠵᠢᠯᠠᠯ ᠢ ᠤᠯᠤᠰ ᠤᠨ ᠬᠢᠨᠠᠭᠴᠢ ᠭᠦᠩᠵᠦ ᠲᠤᠭᠲᠠᠭᠠᠨ᠎ᠠ᠃ ᠲᠡᠷᠡ ᠪᠠᠰᠠ ︽ᠮᠣᠵᠢ ᠶᠠᠪᠤᠭᠤᠯᠤᠭᠰᠠᠨ ᠭᠠᠵᠠᠷ᠂ | ᠭᠤᠣᠯ ᠤᠨ ᠵᠡᠭᠦᠨ ᠬᠡᠰᠡᠭ ᠢ ᠬᠤᠷᠢᠶᠠᠨ ᠠᠪᠬᠤ ᠦᠭᠡᠢ︾᠂ ᠯᠢ ᠵᠢᠶᠠᠨ ᠹᠧᠨ ᠵᠧᠦ ᠶᠢᠨ ᠵᠡᠭᠦᠨ ᠬᠠᠷᠠᠭᠤᠯ ᠤᠨ | ᠴᠡᠷᠢᠭ ᠢ ᠣᠯᠭᠤᠪᠠ︾ 1228 ᠤᠨ ︵ᠰᠢᠷ᠎ᠠ ᠬᠤᠯᠤᠭᠠᠨ᠎ᠠ ᠵᠢᠯ︶ ᠳᠤ ᠸᠠᠩ ᠶᠢ ︵ji︶ ︽ᠤᠯᠤᠰ ᠬᠢᠨᠠᠭᠴᠢ | ᠭᠦᠩᠵᠦ ᠶᠢᠨ ᠵᠠᠷᠯᠢᠭ ᠢᠶᠠᠷ ᠮᠤᠵᠢ ᠶᠢᠨ ᠵᠦᠩᠳᠦ ᠬᠤᠲᠠ ᠪᠠᠷ︾᠃ ᠳᠡᠭᠡᠷᠡᠬᠢ ᠦᠢᠯᠡ ᠶᠠᠪᠤᠳᠠᠯ ᠠᠴᠠ ᠦᠵᠡᠪᠡᠯ᠂ | ᠲᠡᠭᠦᠨ ᠤ ᠡᠷᠬᠡ ᠰᠦᠷ ᠤᠨ ᠶᠡᠭᠡ ᠭᠡᠳᠡᠭ ᠢ ᠮᠡᠳᠡᠵᠦ ᠪᠣᠯᠣᠨ᠎ᠠ᠃ 1236 ᠣᠨ ᠳᠤ ᠥᠭᠡᠳᠡᠶ ︽ᠵᠦᠩᠶᠤᠸᠠᠨ ᠤ | ᠡᠯ᠎ᠡ ᠵᠧᠦ ᠶᠢᠨ ᠢᠷᠭᠡᠳ ᠂ ᠸᠠᠩ ᠨᠣᠶᠠᠨ᠂ ᠢᠵᠠᠭᠤᠷᠲᠠᠨ︾ ᠭᠡᠵᠦ ᠬᠤᠪᠢᠶᠠᠨ ᠥᠭᠴᠦ᠂ ᠡᠭᠦᠨ ᠤ ᠳᠣᠲᠣᠷ᠎ᠠ ︽ | ᠳ᠋ᠦᠩ ᠫᠢᠩ ᠹᠦ᠋ ᠡᠷᠦᠬᠡ ᠳᠤ ᠱᠠᠩᠨᠠᠵᠤ︾ ᠪᠠᠶᠢᠭᠰᠠᠨ ᠣᠯᠠᠨ ᠸᠠᠩ᠂ ᠹᠦ᠋ ᠮᠠ᠂ ᠭᠠᠪᠢᠶᠠᠲᠠᠨ 12 ᠡᠷᠦᠬᠡ ᠲᠠᠢ᠂ | ᠡᠭᠦᠨ ᠤ ᠳᠣᠲᠣᠷ᠎ᠠ ︽ᠭᠦᠩᠵᠦ ᠶᠢᠨ ᠠᠯᠠᠬᠠᠢ︾ ᠭᠡᠵᠦ ᠬᠡᠮᠡᠨ᠂ ᠡᠨᠡ ᠦᠶ᠎ᠡ ᠳᠤ ᠲᠡᠭᠦᠨ ᠤ ᠨᠡᠷ᠎ᠡ ᠮᠦᠨ | ᠤᠩᠭᠤᠳ ᠠᠶᠢᠮᠠᠭ ᠢ ᠲᠥᠯᠥᠭᠡᠯᠡᠵᠦ ᠪᠠᠶᠢᠪᠠ᠃ | 1305ᠣᠨ ︵ᠶᠤᠸᠠᠨ ᠳ᠋ᠠ ᠳ᠋ᠧ ᠤᠨ ᠶᠢᠰᠦᠳᠦᠭᠡᠷ ᠣᠨ︶ ᠭᠤᠤ ᠲᠠᠩ ᠸᠠᠩ ︵ᠣᠩᠭᠤᠤᠳ ᠠᠶᠢᠮᠠᠭ︶ | ᠤᠨ ᠵᠠᠷᠯᠢᠭ᠂ ᠶᠤᠸᠠᠨ ᠴᠧᠩ ᠽᠥᠩ ︵ᠲᠡᠮᠦᠷ︶ ᠤᠨ ᠵᠠᠷᠯᠢᠭ᠄ ᠡᠯᠦᠨᠴᠡ ᠠᠪᠠᠭ᠎ᠠ ᠠᠯᠠᠬᠠᠢ ᠶᠢ ᠴᠢ ᠤᠯᠤᠰ ᠤᠨ | ᠶᠡᠭᠡ ᠭᠦᠩᠵᠦ ᠪᠠᠷ ᠡᠷᠭᠦᠮᠵᠢᠯᠡᠨ᠎ᠡ᠃ 1311 ᠣᠨ ᠳᠤ ᠷᠧᠨ ᠽᠥᠩ ᠰᠠᠭᠤᠷᠢᠨ ᠳᠤ ᠪᠠᠶᠢᠬᠤ ᠳᠤ ᠪᠠᠨ ᠵᠣᠣ ᠸᠠᠩ | ᠱᠦᠦ ᠠᠨ ᠤ ᠨᠠᠶᠢᠳᠠᠯᠭ᠎ᠠ ᠪᠠᠷ ︿ᠬᠤᠸᠠᠩ ᠭᠤᠤ ᠽᠦ ᠠᠪᠠᠭ᠎ᠠ ᠵᠣᠣ ᠤᠯᠤᠰ ᠤᠨ ᠶᠡᠭᠡ ᠭᠦᠩᠵᠦ﹀ ᠬᠡᠮᠡᠨ | ᠡᠷᠭᠦᠮᠵᠢᠯᠡᠵᠡᠢ᠃ | 1217ᠣᠨ ᠠᠴᠠ ᠡᠬᠢᠯᠡᠨ ᠣᠯᠣᠰ ᠬᠢᠨᠠᠭᠴᠢ ᠭᠦᠩᠵᠦ ᠬᠡᠮᠡᠭᠳᠡᠭᠰᠡᠨ ᠠᠴᠠ ᠪᠤᠳᠤᠪᠠᠯ᠂ ᠤᠯᠤᠰ ᠬᠢᠨᠠᠭᠴᠢ | ᠭᠦᠯᠵᠦ ᠠᠯᠠᠬᠠᠢ ᠪᠠᠷᠤᠭ ᠬᠤᠷᠢ ᠭᠠᠷᠤᠢ ᠵᠢᠯ ᠣᠩᠭᠤᠤᠳ ᠠᠶᠢᠮᠠᠭ ᠢ ᠡᠵᠡᠮᠳᠡᠵᠦ ᠡᠷᠲᠡᠨ ᠤ ᠲᠡᠤᠬᠡ ᠶᠢᠨ | ᠲᠦᠰᠢᠮᠡᠯ ᠤᠳ ᠲᠡᠭᠦᠨ ᠢ ᠮᠠᠭᠲᠠᠨ ᠰᠠᠶᠢᠰᠢᠶᠠᠵᠦ᠄ ︽ᠪᠤᠷᠬᠠᠨ ᠰᠠᠬᠢᠭᠤᠯᠰᠤᠨ ᠨᠢ ᠡᠭᠡᠯ ᠵᠢᠷ ᠤᠨ ᠪᠣᠯᠪᠠᠴᠤ ᠠᠷᠭ᠎ᠠ | ᠰᠠᠮᠪᠠᠭ᠎ᠠ ᠨᠢ ᠣᠯᠠᠨ ᠠᠴᠠ ᠳᠠᠪᠠᠭᠰᠠᠨ᠂ ᠠᠮᠢ ᠴᠦᠯᠡᠨ ᠲᠡᠮᠡᠴᠡᠯᠳᠦᠵᠦ᠂ ᠡᠷ᠎ᠡ ᠬᠦᠮᠦᠨ ᠤ ᠡᠷᠡᠰ ᠰᠢᠭᠤᠷᠬᠠᠢ | ᠪᠠᠶᠢᠳᠠᠭ﹀﹀ ᠭᠡᠵᠡᠢ᠃ |