ᠤᠮᠠᠷᠠᠲᠤ ᠶᠤᠸᠠᠨ ᠤ ᠲᠡᠦᠬᠡ ︵ᠭᠤᠷᠪᠠ︶
ᠨᠡᠶᠢᠲᠡᠯᠡᠭᠰᠡᠨ ᠴᠠᠭ᠄
2024/9/19
     ᠠᠷᠪᠠᠨ ᠲᠦᠷᠪᠡᠲᠦᠭᠡᠷ ᠵᠠᠭᠤᠨ ᠤ ᠰᠡᠭᠦᠯᠴᠢ ᠠᠴᠠ ᠠᠷᠪᠠᠨ ᠲᠠᠪᠤᠳᠤᠭᠠᠷ ᠵᠠᠭᠤᠨ ᠤ ᠡᠬᠢ ᠬᠦᠷᠲᠡᠯ᠎ᠡ ᠮᠤᠩᠭᠤᠯ ᠲᠦᠴᠢᠨ ᠠᠶᠢᠮᠠᠭ ᠪᠦᠯᠦᠭ ᠪᠤᠯᠵᠤ ᠡᠭᠦᠨ ᠤ ᠳᠤᠳᠤᠷ᠎ᠠ ᠮᠤᠩᠭᠤᠯ ᠤᠨ ᠲᠠᠯ᠎ᠠ ᠨᠤᠳᠤᠭ ᠤᠨ ᠵᠡᠭᠦᠨ ᠬᠡᠰᠡᠭ ᠲᠠᠬᠢ ᠲᠠᠲ᠋ᠠᠷ ᠠᠶᠢᠮᠠᠭ᠂ ᠪᠠᠷᠠᠭᠤᠨ ᠬᠡᠰᠡᠭ ᠳᠠᠬᠢ ᠤᠶᠢᠷᠠᠳ ᠠᠶᠢᠮᠠᠭ ᠪᠤᠯᠤᠨ ᠲᠡᠳᠡᠨ ᠤ ᠬᠤᠭᠤᠷᠤᠨᠳᠤ ᠤᠷᠤᠰᠢᠨ ᠰᠠᠭᠤᠭᠰᠠᠨ ᠤᠷᠢᠶᠠᠩᠬᠠᠢ ᠠᠶᠢᠮᠠᠭ ᠵᠡᠷᠭᠡ ᠭᠤᠷᠪᠠᠨ ᠠᠶᠢᠮᠠᠭ ᠬᠦᠴᠦᠷᠬᠡᠭᠵᠢᠭᠡᠳ ᠳᠤᠰᠠᠭᠠᠷ ᠭᠤᠷᠪᠠᠨ ᠶᠡᠭᠡ ᠬᠦᠴᠦᠨ ᠪᠤᠯᠤᠨ ᠪᠦᠷᠢᠯᠲᠦᠵᠡᠢ᠃ ᠡᠨᠡᠬᠦ ᠵᠠᠳᠠᠷᠠᠯ ᠪᠤᠲᠠᠷᠠᠯ ᠤᠨ ᠪᠠᠶᠢᠳᠠᠯ ᠨᠢ ᠡᠰᠡᠨ ᠲᠠᠶᠢᠱᠢ ᠶᠢᠨ ᠬᠤᠷᠤᠮ ᠵᠠᠭᠤᠷ᠎ᠠ ᠶᠢᠨ ᠨᠢᠭᠡᠲᠦᠯ ᠠᠴᠠ ᠬᠤᠶᠢᠰᠢ ᠮᠠᠨᠳᠤᠭᠤᠯᠢ ᠬᠠᠭᠠᠨ ᠨᠦᠭᠴᠢᠵᠦ᠂ ᠲᠠᠶᠠᠨ ᠬᠠᠭᠠᠨ ᠪᠦᠬᠦ ᠮᠤᠩᠭᠤᠯ ᠢ ᠳᠠᠬᠢᠨ ᠮᠠᠨᠳᠤᠭᠤᠯᠤᠭᠰᠠᠨ ᠦᠶ᠎ᠡ ᠪᠤᠯᠳᠠᠯ᠎ᠠ ᠦᠷᠭᠦᠯᠵᠢᠯᠡᠭᠰᠡᠨ ᠪᠠᠶᠢᠨ᠎ᠠ᠃      ᠲᠠᠲ᠋ᠠᠷ ᠭᠡᠬᠦ ᠨᠡᠷᠡᠶᠢᠳᠦᠯ ᠨᠢ ᠮᠠᠰᠢ ᠡᠷᠳᠡᠨ ᠠᠴᠠ ᠡᠭᠦᠰᠦᠯᠲᠡᠢ᠃ ᠤᠮᠠᠷᠠᠳᠤ ᠰᠦᠩ ᠤᠯᠤᠰ ᠤᠨ ᠦᠶ᠎ᠡ ᠳᠤ ᠲᠠᠲ᠋ᠠᠷ ᠠᠶᠢᠮᠠᠭ ᠤᠮᠠᠷᠠᠳᠤ ᠰᠦᠩ ᠤᠯᠤᠰ ᠲᠤ ᠭᠤᠷᠪᠠ ᠤᠳᠠᠭ᠎ᠠ ᠠᠯᠪᠠ ᠦᠭᠴᠦ ᠪᠠᠶᠢᠵᠠᠢ᠃ ᠯᠢᠶᠤᠤ ᠤᠯᠤᠰ ᠤᠨ ᠦᠶ᠎ᠡ ᠳᠤ ᠲᠠᠲ᠋ᠠᠷ ᠢ ᠼᠦᠹᠦ᠋ ᠭᠡᠵᠦ᠂ ᠠᠯᠲᠠᠨ ᠤᠯᠤᠰ ᠤᠨ ᠦᠶ᠎ᠡ ᠳᠤ ᠼᠦᠫᠦ᠋ ᠭᠡᠵᠦ ᠭᠤᠪᠢ ᠶᠢᠨ ᠡᠮᠦᠨᠡᠬᠢ ᠤᠩᠭᠤᠳ ᠠᠶᠢᠮᠠᠭ ᠢ ᠴᠠᠭᠠᠨ ᠲᠠᠲ᠋ᠠᠷ ᠬᠡᠮᠡᠵᠦ ᠪᠠᠶᠢᠵᠠᠢ᠃ ᠮᠤᠩᠭᠤᠯ ᠢ ᠠᠩᠬ᠎ᠠ ᠮᠠᠨᠳᠤᠬᠤ ᠦᠶ᠎ᠡ ᠳᠤ ᠲᠠᠲ᠋ᠠᠷ ᠬᠡᠮᠡᠬᠦ ᠪᠦᠯᠦᠭᠡ᠂ 1206 ᠤᠨ ᠳᠤ ᠴᠢᠩᠬᠢᠰ ᠬᠠᠭᠠᠨ ᠭᠤᠪᠢ ᠶᠢᠨ ᠠᠷᠤ ᠶᠢ ᠨᠢᠭᠡᠳᠬᠡᠭᠡᠳ ᠤᠯᠤᠰ ᠤᠨ ᠨᠡᠷ᠎ᠡ ᠪᠠᠨ ᠮᠤᠩᠭᠤᠯ ᠭᠡᠰᠡᠨ ᠠᠴᠠ ᠮᠤᠩᠭᠤᠯ ᠭᠡᠳᠡᠭ ᠨᠡᠷᠡᠶᠢᠳᠦᠯ ᠵᠢᠩᠭᠢᠨᠢ ᠪᠠᠷ ᠲᠠᠭᠤᠳᠠᠭᠳᠠᠵᠤ ᠡᠬᠢᠯᠡᠵᠡᠢ᠃ ᠲᠠᠲ᠋ᠠᠷᠴᠤᠳ ᠶᠤᠸᠠᠨ ᠤᠯᠤᠰ ᠤᠨ ᠦᠶ᠎ᠡ ᠠᠴᠠ ᠮᠤᠩᠭᠤᠯ ᠵᠠᠬᠢᠷᠭᠠᠨ ᠳᠤ ᠤᠷᠤᠵᠤ ᠬᠠᠭᠠᠨ ᠤᠭᠰᠠᠭᠠᠨ ᠤ ᠦᠷ᠎ᠡ ᠠᠴᠢᠨᠠᠷ ᠲᠤ ᠰᠢᠭᠤᠳ ᠡᠵᠡᠮᠰᠢᠭᠲᠡᠨ ᠵᠠᠬᠢᠷᠤᠭᠳᠠᠬᠤ ᠪᠤᠯᠵᠠᠢ᠃ ᠡᠭᠦᠨ ᠠᠴᠠ ᠡᠮᠦᠨ᠎ᠡ ᠲᠠᠲ᠋ᠠᠷᠴᠤᠳ ᠲᠡᠦᠬᠡ ᠶᠢᠨ ᠶᠠᠪᠤᠴᠠ ᠳᠤ ᠭᠤᠪᠢ ᠶᠢᠨ ᠠᠷᠤ ᠦᠪᠦᠷ ᠤᠨ ᠦᠷᠭᠡᠨ ᠲᠡᠨᠢᠭᠡᠷ ᠨᠤᠳᠤᠭ ᠲᠡᠪᠢᠰᠭᠡᠷ ᠲᠡᠭᠡᠷ᠎ᠡ ᠨᠡᠭᠦᠲᠡᠯᠯᠡᠨ ᠠᠮᠢᠳᠤᠷᠠᠵᠤ ᠪᠠᠶᠢᠵᠠᠢ᠃      ᠭᠦᠢᠯᠢᠴᠢ 1403 ᠤᠨ ᠳᠤ ᠲᠠᠲ᠋ᠠᠷ ᠠᠶᠢᠮᠠᠭ ᠤᠨ ᠹᠸᠦᠲᠡᠯ ᠤᠨ ᠡᠵᠡᠨ ᠠᠷᠤᠭᠲᠠᠢ ᠯᠤᠭ᠎ᠠ ᠬᠤᠷᠰᠢᠵᠤ ᠬᠦᠨᠲᠡᠮᠦᠷ ᠢ ᠰᠠᠭᠤᠷᠢᠨ ᠠᠴᠠ ᠦᠯᠲᠡᠨ ᠪᠠᠭᠤᠯᠭᠠᠭᠠᠳ ᠬᠠᠭᠠᠨ ᠤᠷᠤ ᠡᠵᠡᠯᠡᠵᠡᠢ᠃ ᠵᠠᠷᠢᠮ ᠡᠷᠲᠡᠮᠲᠡᠨ ᠭᠦᠢᠯᠢᠴᠢ ᠶᠢ ᠦᠭᠡᠲᠡᠢ ᠶᠢᠨ ᠬᠤᠶᠢᠴᠢᠰ ᠦᠭᠡᠴᠢ ᠬᠠᠰᠬ᠎ᠠ ︵ᠦᠷᠯᠦᠭᠲᠡᠮᠦᠷ︶ ᠤᠶᠢᠷᠠᠳ ᠤᠨ ᠳᠤᠮᠤ ᠹᠸᠦᠲᠡᠯ ᠤᠨ ᠡᠵᠡᠨ ᠦᠭᠡᠴᠢ ᠬᠠᠰᠬ᠎ᠠ ᠲᠠᠢ ᠨᠡᠷ᠎ᠡ ᠨᠢᠭᠡᠲᠡᠢ ᠭᠡᠵᠦ ᠦᠵᠡᠵᠡᠢ᠃ ︵ᠮᠤᠩᠭᠤᠯ ᠤᠨ ᠭᠤᠴᠢᠨ ᠲᠤᠯᠤᠭᠠᠨ ᠬᠠᠭᠠᠨ ᠤ ᠲᠤᠳᠤᠷ᠎ᠠ ᠭᠦᠢᠯᠢᠴᠢ ᠬᠠᠭᠠᠨ ᠭᠡᠵᠦ ᠪᠠᠶᠢᠬᠤ ᠦᠭᠡᠢ᠂ ᠬᠠᠷᠢᠨ ᠦᠭᠡᠴᠢ ᠬᠠᠰᠬ᠎ᠠ 1399 ᠊᠊᠊᠊᠊᠊᠊᠊᠊᠊᠊ 1408 ᠭᠡᠵᠦ ᠲᠡᠮᠳᠡᠭᠯᠡᠵᠦ ᠪᠤᠢ︶ ᠬᠦᠨᠲᠡᠮᠦᠷ ᠬᠠᠭᠠᠨ 1403 ᠤᠨ ᠠᠴᠠ ᠡᠮᠦᠨᠡᠭᠦᠷ ᠨᠠᠰᠤ ᠪᠠᠷᠠᠵᠤ ᠪᠤᠶᠠᠨᠰᠢᠷᠢ ︵ᠦᠯᠵᠡᠶᠢᠲᠡᠮᠦᠷ ᠬᠠᠭᠠᠨ︶ 1408 ᠤᠨ ᠳᠤ ᠰᠠᠭᠤᠷᠢᠨ ᠵᠠᠯᠭᠠᠮᠵᠢᠯᠠᠭᠰᠠᠨ ᠪᠠᠶᠢᠳᠠᠭ᠃ 1399 ᠤᠨ ᠳᠤ ᠡᠯᠪᠡᠭ ᠬᠠᠭᠠᠨ᠂ ᠲᠡᠭᠦᠦ ᠬᠠᠷᠭᠤᠴᠠᠭ ᠲᠠᠶᠢᠵᠢ ᠶᠢ ᠠᠯᠠᠭᠠᠳ᠂ ᠲᠡᠭᠦᠦ ᠪᠡᠷᠢ ᠦᠯᠵᠡᠶᠢᠲᠦ ᠬᠤᠩ ᠭᠤᠸ᠎ᠠ ᠪᠢᠵᠢ ᠶᠢ ᠬᠠᠳᠤᠨ ᠪᠤᠯᠭᠠᠨ ᠠᠪᠴᠠᠢ᠃ ᠤᠳᠠᠯ ᠦᠭᠡᠢ ᠪᠠᠳᠤᠯᠠ ᠴᠢᠩᠰᠠᠩ ᠦᠭᠡᠴᠢ ᠬᠠᠰᠬ᠎ᠠ ᠲᠠᠢ ᠬᠤᠯᠪᠤᠭᠠᠯᠠᠨ ᠡᠯᠪᠡᠭ ᠬᠠᠭᠠᠨ ᠢ ᠬᠤᠷᠤᠭᠠᠳ ᠲᠦᠷᠪᠡᠨ ᠤᠶᠢᠷᠠᠳ ᠢᠶᠠᠨ ᠠᠪᠴᠤ ᠤᠷᠪᠠᠪᠠ᠃ ᠲᠡᠦᠬᠡᠨ᠎ᠡ ᠡᠨᠡ ᠤᠴᠢᠷ ᠢ ᠲᠦᠷᠪᠡᠨ ᠤᠶᠢᠷᠠᠳ ᠮᠤᠩᠭᠤᠯ ᠤᠨ ᠲᠦᠷᠦ ᠶᠢ ᠪᠤᠯᠢᠶᠠᠭᠰᠠᠨ ᠭᠡᠲᠡᠭ᠃ ᠦᠭᠡᠴᠢ ᠬᠠᠰᠬ᠎ᠠ ᠵᠡᠷᠭᠡ ᠬᠦᠮᠦᠰ ᠦᠪᠡᠷ ᠤᠨ ᠬᠦᠴᠦᠨ ᠢᠶᠠᠨ ᠦᠷᠭᠡᠳᠬᠡᠬᠦ ᠴᠢᠬᠤᠯᠠᠴᠢᠯᠠᠯᠭ᠎ᠠ ᠠᠴᠠ ᠪᠤᠯᠵᠤ ᠡᠯᠪᠡᠭ ᠬᠠᠭᠠᠨ ᠤ ᠠᠬᠠᠮᠠᠳ ᠬᠦᠪᠡᠭᠦᠨ ᠬᠦᠨᠲᠡᠮᠦᠷ ᠢ ᠬᠠᠭᠠᠨ ᠰᠠᠭᠤᠷᠢᠨ ᠳᠤ ᠡᠷᠭᠦᠵᠦ ᠭᠠᠷᠭᠠᠪᠠ᠃ ᠦᠭᠡᠴᠢ ᠬᠠᠰᠬ᠎ᠠ ᠬᠠᠷᠢᠨ ᠦᠪᠡᠷ ᠢᠶᠠᠨ ᠬᠠᠭᠠᠨ ᠰᠠᠭᠤᠭᠰᠠᠨ ᠦᠭᠡᠢ᠃      ᠭᠦᠢᠯᠢᠴᠢ ︵ᠦᠭᠡᠴᠢ ᠬᠠᠰᠬ᠎ᠠ︶ ᠬᠡᠷᠪᠡ ᠤᠶᠢᠷᠠᠳ ᠬᠦᠮᠦᠨ ᠪᠠᠶᠢᠭᠰᠠᠨ ᠪᠣᠯ ᠬᠡᠷᠬᠢᠨ ᠠᠷᠤᠭᠲᠠᠢ ᠯᠤᠭ᠎ᠠ ᠬᠤᠯᠪᠤᠭᠠᠯᠠᠵᠤ ᠤᠶᠢᠷᠠᠳ ᠢ ᠡᠰᠡᠷᠭᠦᠴᠡᠭᠡᠳ ᠨᠢᠭᠡᠨ ᠦᠶ᠎ᠡ ᠠᠯᠲᠠᠷ ᠨᠡᠷ᠎ᠡ ᠮᠠᠨᠳᠤᠬᠤ ᠪᠢᠯᠡ︖ ᠤᠮᠠᠷᠠᠳᠤ ᠶᠤᠸᠠᠨ ᠤ ᠦᠶ᠎ᠡ ᠳᠤ ᠴᠦ ᠪᠤᠷᠵᠢᠭᠡᠨ ᠤᠪᠤᠭᠲᠠᠨ ᠠᠴᠠ ᠪᠤᠰᠤᠳ ᠤᠭᠰᠠᠭᠠᠨ ᠤ ᠬᠦᠮᠦᠨ ᠬᠠᠭᠠᠨ ᠰᠠᠭᠤᠷᠢᠨ ᠳᠤ ᠰᠠᠭᠤᠵᠤ ᠦᠯᠦ ᠪᠤᠯᠬᠤ ᠬᠠᠲᠠᠭᠤ ᠵᠢᠷᠦᠮ ᠲᠠᠢ᠃ ᠡᠰᠡᠨ ᠬᠡᠲᠦ᠋ᠢᠪᠡᠷ ᠬᠠᠭᠠᠨ ᠰᠠᠭᠤᠭᠰᠠᠨ ᠴᠦ ᠠᠯᠲᠠᠨ ᠤᠷᠤᠭᠲᠠᠨ ᠤ ᠬᠤᠶᠢᠴᠢᠰ ᠪᠢᠰᠢ ᠤᠴᠢᠷ ᠠᠴᠠ ᠬᠠᠭᠠᠨ ᠤᠷᠤ ᠳᠤ ᠤᠳᠠᠭᠠᠨ ᠳᠤᠭᠲᠠᠵᠤ ᠴᠢᠳᠠᠭᠰᠠᠨ ᠦᠭᠡᠢ ᠪᠠᠶᠢᠳᠠᠭ ᠨᠢ ᠡᠭᠦᠨ ᠤ ᠪᠤᠲᠠᠳᠤ ᠵᠢᠱᠢᠶ᠎ᠡ ᠪᠤᠯᠤᠨ᠎ᠠ᠃      ᠭᠦᠢᠯᠢᠴᠢ ︵ᠦᠭᠡᠴᠢ ᠬᠠᠰᠬ᠎ᠠ︶ ᠰᠠᠭᠤᠷᠢᠨ ᠳᠤ ᠪᠠᠶᠢᠬᠤ ᠬᠤᠭᠤᠴᠠᠭᠠᠨ ᠳᠠᠭᠠᠨ ᠪᠡᠶ᠎ᠡ ᠪᠠᠨ ᠬᠠᠨ ᠭᠡᠵᠦ ᠨᠡᠷᠡᠯᠡᠭᠰᠡᠨ ᠪᠤᠯᠪᠠᠴᠤ ᠬᠠᠭᠠᠨ ᠴᠤᠯᠠ ᠡᠷᠭᠦᠮᠵᠢᠯᠡᠭᠰᠡᠨ ᠦᠭᠡᠢ᠃ ᠲᠠᠲ᠋ᠠᠷ ᠭᠡᠵᠦ ᠨᠡᠷᠡᠯᠡᠵᠦ ᠪᠠᠶᠢᠭᠰᠠᠨ ᠠᠴᠠ ᠪᠢᠰᠢ᠂ ᠶᠡᠭᠡ ᠶᠤᠸᠠᠨ ᠤᠯᠤᠰ ᠪᠤᠶᠤ ᠤᠮᠠᠷᠠᠳᠤ ᠶᠤᠸᠠᠨ ᠤᠯᠤᠰ ᠭᠡᠵᠦ ᠨᠡᠷᠡᠶᠢᠲᠦᠭᠰᠡᠨ ᠦᠭᠡᠢ ᠪᠠᠶᠢᠪᠠ᠃ ᠡᠭᠦᠨᠴᠡ ᠲᠠᠲ᠋ᠠᠷ  ᠨᠢ ᠮᠤᠩᠭᠤᠯ ᠤᠨ ᠦᠭᠡᠷ᠎ᠡ ᠨᠡᠷᠡᠶᠢᠲᠦᠯ ᠪᠤᠯᠵᠠᠢ᠃      ᠭᠦᠢᠯᠢᠴᠢ ᠠᠷᠤ ᠭᠠᠵᠠᠷ ᠬᠠᠭᠠᠨ ᠰᠠᠭᠤᠭᠰᠠᠨ ᠪᠣᠯᠪᠠᠴᠤ ᠤᠤᠯ ᠰᠠᠭᠤᠷᠢᠨ ᠭᠠᠵᠠᠷ ᠨᠢ ᠭᠠᠨᠰᠤ ᠨᠢᠩᠰᠢᠶᠠ  ᠶᠢᠨ ᠬᠢᠵᠠᠭᠠᠷ ᠤᠨ ᠭᠠᠳᠠᠨ᠎ᠠ ᠪᠠᠶᠢᠪᠠ᠃ ᠮᠢᠩ ᠤᠯᠤᠰ ᠤᠨ ᠴᠧᠩᠽᠦ ᠬᠠᠭᠠᠨ ᠭᠦᠢᠯᠢᠴᠢ ᠳᠤ ᠪᠢᠴᠢᠭ ᠶᠠᠪᠤᠭᠤᠯᠵᠤ ᠲᠡᠭᠦᠨ ᠯᠦᠭᠡ ︿︿ᠬᠠᠷᠢᠯᠴᠠᠨ ᠡᠯᠴᠢ ᠲᠤᠮᠢᠯᠠᠨ ᠬᠠᠷᠢᠴᠠᠭ᠎ᠠ ᠪᠠᠨ ᠰᠠᠶᠢᠵᠢᠷᠠᠭᠤᠯᠵᠤ ᠨᠢᠭᠡᠨ ᠭᠡᠷ ᠮᠡᠲᠦ ᠡᠶ᠎ᠡ ᠡᠪ  ᠲᠠᠢ ᠶᠠᠪᠤᠯᠴᠠᠨ ᠡᠩᠬᠡ ᠵᠢᠷᠭᠠᠯ ᠢ ᠡᠲᠡᠯᠡᠬᠦ︔︔︔︔﹀﹀ ᠶᠢ ᠬᠦᠰᠡᠮᠵᠢᠯᠡᠬᠦ ᠶᠢᠨ ᠵᠡᠷᠭᠡᠪᠡᠷ ᠰᠢᠲᠠᠷ ᠲᠦᠰᠢᠮᠡᠳ  ᠳᠤ ᠨᠢ ᠪᠠᠰᠠ ᠡᠯᠴᠢ ᠭᠦᠶᠦᠯᠭᠡᠵᠦ ᠰᠠᠨᠠᠭ᠎ᠠ ᠪᠠᠨ ᠲᠠᠮᠵᠢᠭᠤᠯᠵᠤ ᠪᠠᠶᠢᠪᠠ᠃ ᠭᠦᠢᠯᠢᠴᠢ ᠬᠠᠮᠢᠯ ᠤᠷᠴᠢᠮ ᠭᠠᠵᠠᠷ ᠢ ᠡᠷᠭᠡᠰᠢᠶᠡᠨ ᠠᠪᠬᠤ ᠶᠢᠨ ᠲᠦᠯᠦᠭᠡ ᠮᠢᠩ ᠤᠯᠤᠰ ᠲᠠᠢ ᠡᠶ᠎ᠡ ᠨᠠᠶᠢᠷᠲᠠᠢ ᠪᠠᠶᠢᠭᠰᠠᠨ ᠵᠦᠩᠱᠠᠨ ᠸᠠᠩ ᠡᠩᠬᠡᠲᠡᠮᠦᠷ ᠢ ᠬᠤᠤᠷᠯᠠᠵᠠᠢ᠃ 1407 ᠤᠨ ᠳᠤ ᠡᠩᠬᠡᠲᠡᠮᠦᠷ ᠤᠨ ᠡᠬᠡᠨᠡᠷ ᠴᠦ ᠭᠦᠢᠯᠢᠴᠢ ᠶᠢ ᠲᠦᠰᠢᠬᠦ ᠪᠠᠷ ᠢᠷᠡᠵᠡᠢ᠃ ᠡᠭᠦᠨ ᠠᠴᠠ ᠠᠪᠤᠭᠠᠳ ᠭᠤᠪᠢ ᠶᠢᠨ ᠠᠷᠤ ᠳᠠᠬᠢ ᠭᠦᠢᠯᠢᠴᠢ ᠪᠤᠯᠤᠨ ᠭᠤᠪᠢ ᠶᠢᠨ ᠡᠮᠦᠨᠡᠬᠢ ᠬᠠᠮᠢᠯ ᠤᠨ ᠬᠠᠷᠢᠴᠠᠭ᠎ᠠ ᠨᠢᠭᠲᠠ ᠪᠤᠯᠵᠠᠢ᠃ 1408 ᠤᠨ ᠳᠤ ᠲᠠᠲ᠋ᠠᠷ ᠠᠶᠢᠮᠠᠭ ᠶᠢᠨ ᠠᠰᠤᠳ ᠪᠦᠯᠦᠭ ᠤᠨ ᠳᠤᠮᠤ ᠹᠸᠦᠲᠡᠯ ᠤᠨ ᠡᠵᠡᠨ᠂ ᠴᠡᠷᠢᠭ ᠤᠨ ᠶᠠᠪᠤᠳᠠᠯ ᠤᠨ ᠬᠦᠷᠢᠶᠡᠯᠡᠩ ᠤᠨ ᠬᠡᠷᠡᠭ ᠮᠡᠲᠡᠭᠴᠢ ᠠᠷᠤᠭᠲᠠᠢ ᠲᠠᠶᠢᠱᠢ ᠶᠢᠨ ᠬᠦᠴᠦᠨ ᠪᠤᠵᠠᠭᠠᠶᠢᠷᠠᠭᠠᠳ᠂ ᠬᠠᠮᠤᠭ ᠲᠡᠭᠡᠲᠦ ᠨᠤᠶᠠᠷᠬᠠᠬᠤ ᠡᠷᠬᠡ ᠪᠤᠯᠢᠶᠠᠯᠳᠤᠨ ᠭᠦᠢᠯᠢᠴᠢ ᠲᠠᠢ ᠠᠯᠠᠯᠳᠤᠭᠠᠨ ᠲᠡᠮᠡᠴᠡᠭᠡᠨ ᠪᠤᠯᠪᠠ᠂ ᠡᠨᠡ ᠲᠡᠮᠡᠴᠡᠭᠡᠨ ᠳᠤ ᠭᠦᠢᠯᠢᠴᠢ ᠲᠡᠶᠢᠯᠦᠭᠲᠡᠵᠦ ᠠᠷᠭ᠎ᠠ ᠪᠤᠰᠤ ᠤᠤᠯ ᠤᠨ ᠰᠠᠭᠤᠷᠢᠨ ᠭᠠᠵᠠᠷ ᠵᠦᠭ ᠢᠶᠠᠨ ᠤᠬᠤᠷᠢᠵᠤ ᠭᠠᠨᠰᠤ ᠨᠢᠩᠰᠢᠶᠠ  ᠶᠢᠨ ᠬᠢᠵᠠᠭᠠᠷ ᠤᠨ ᠭᠠᠳᠠᠨ᠎ᠠ᠂ ᠬᠠᠮᠢᠯ ᠠᠴᠠ ᠤᠮᠠᠷᠠᠰᠢ ᠠᠯᠲᠠᠢ ᠤᠷᠤᠭᠤ ᠵᠠᠪᠬᠠᠨ ᠭᠤᠤᠯ ᠤᠷᠴᠢᠮ ᠡᠭᠡᠵᠦ ᠶᠠᠪᠤᠵᠠᠢ᠃ ᠪᠤᠶᠠᠨᠰᠢᠷᠢ ︵ᠦᠯᠵᠡᠶᠢᠲᠡᠮᠦᠷ︶ ᠬᠠᠭᠠᠨ ᠢ ᠪᠢᠱᠪᠠᠯᠠᠭ ᠠᠴᠠ ᠠᠷᠤᠭᠲᠠᠢ ᠲᠠᠶᠢᠱᠢ ᠤᠭᠳᠤᠨ ᠠᠪᠴᠢᠷᠠᠭᠠᠳ ᠬᠠᠭᠠᠨ ᠰᠠᠭᠤᠷᠢᠨ ᠳᠤ ᠰᠠᠭᠤᠯᠭᠠᠪᠠ᠃ ᠪᠤᠶᠠᠨᠰᠢᠷᠢ 1379 ᠤᠨ ᠳᠤ ᠮᠡᠨᠲᠦᠯᠡᠵᠡᠢ᠂ ᠲᠡᠷᠡ ᠪᠣᠯ ᠡᠯᠪᠡᠭ ᠬᠠᠭᠠᠨ ᠤ ᠬᠤᠶᠠᠳᠤᠭᠠᠷ ᠬᠦᠪᠡᠭᠦᠨ᠂ ᠬᠦᠨᠲᠡᠮᠦᠷ ᠤᠨ ᠲᠡᠭᠦᠦ ᠪᠤᠯᠤᠨ᠎ᠠ᠂ ᠲᠠᠶᠢᠨ ᠤ ᠰᠠᠮᠠᠭᠤᠷᠠᠯ ᠳᠤ ᠰᠢᠬᠠᠭᠳᠠᠨ ᠲᠡᠮᠦᠷ ᠬᠠᠭᠠᠨᠳᠤ ᠤᠯᠤᠰ ᠢ ᠲᠦᠰᠢᠬᠦ ᠪᠠᠷ ᠰᠠᠮᠠᠷᠺᠠᠨᠳ᠋ ᠬᠤᠲᠠᠨ᠎ᠠ ᠤᠴᠢᠬᠤ ᠳᠤ ᠨᠢ ᠲᠠᠭᠠᠭᠰᠠᠳ ᠨᠢ ᠠᠷᠠᠢ ᠵᠠᠭᠤ ᠬᠦᠷᠬᠦ ᠦᠭᠡᠢ ᠪᠠᠶᠢᠪᠠ᠃ ᠬᠤᠵᠢᠮ ᠨᠢ ᠪᠢᠱᠪᠠᠯᠠᠭ ᠳᠤ ᠨᠡᠭᠦᠨ ᠰᠠᠭᠤᠵᠠᠢ᠃ ᠪᠤᠶᠠᠨᠰᠢᠷᠢ ᠰᠠᠭᠤᠷᠢᠨ ᠵᠠᠯᠭᠠᠮᠵᠢᠯᠠᠭᠠᠳ ᠤᠳᠠᠭᠰᠠᠨ ᠦᠭᠡᠢ ᠮᠢᠩ ᠤᠯᠤᠰ ᠪᠤᠯᠤᠨ ᠤᠶᠢᠷᠠᠳ ᠤᠨ ᠴᠡᠷᠢᠭ ᠤᠨ ᠬᠦᠴᠦᠨ ᠤ ᠲᠠᠷᠤᠯᠲᠠ ᠲᠤᠤᠷ᠎ᠠ ᠤᠨᠤᠨ ᠭᠤᠤᠯ᠂ ᠭᠡᠷᠡᠯᠦᠨ ᠮᠦᠷᠡᠨ ᠤ ᠲᠡᠭᠡᠲᠦ ᠤᠷᠤᠰᠬᠠᠯ ᠲᠠᠭᠠᠤ ᠤᠷᠤᠨ ᠢᠶᠠᠷ ᠤᠬᠤᠷᠢᠨ ᠤᠴᠢᠭᠠᠳ ᠵᠡᠭᠦᠨ ᠮᠤᠩᠭᠤᠯ  ᠤᠨ ᠠᠷᠤᠭᠲᠠᠢ ᠲᠠᠶᠢᠱᠢ ᠵᠡᠷᠭᠡ ᠶᠢᠨ ᠹᠸᠦᠲᠡᠯ ᠤᠨ ᠡᠵᠡᠳ ᠲᠠᠢ ᠬᠤᠯᠪᠤᠭ᠎ᠠ ᠪᠠᠶᠢᠭᠤᠯᠪᠠ᠃ ᠲᠡᠭᠡᠭᠰᠡᠨ ᠠᠴᠠ ᠬᠠᠭᠠᠨ  ᠤ ᠪᠤᠲᠠᠳᠤ ᠡᠷᠬᠡ ᠠᠷᠤᠭᠲᠠᠢ ᠶᠢᠨ ᠮᠡᠲᠡᠯ ᠳᠤ ᠰᠢᠯᠵᠢᠵᠡᠢ᠃ ᠪᠤᠶᠠᠨᠰᠢᠷᠢ ᠶᠢ ᠬᠠᠭᠠᠨ ᠰᠠᠭᠤᠷᠢᠨ ᠳᠤ ᠪᠠᠶᠢᠬᠤ ᠬᠤᠭᠤᠴᠠᠭᠠᠨ ᠳᠤ ᠵᠡᠭᠦᠨ ᠮᠤᠩᠭᠤᠯ ᠳᠤ ᠪᠤᠶᠠᠨᠰᠢᠷᠢ᠂ ᠠᠷᠤᠭᠲᠠᠢ ᠪᠠᠷ ᠲᠤᠯᠤᠭᠠᠶᠢᠯᠠᠭᠤᠯᠤᠭᠰᠠᠨ ᠲᠠᠲ᠋ᠠᠷ ᠠᠶᠢᠮᠠᠭ ᠤᠨ ᠬᠦᠴᠦᠨ ᠪᠠ ᠪᠠᠷᠠᠭᠤᠨ ᠮᠤᠩᠭᠤᠯ ᠳᠤ ᠮᠠᠬᠠᠮᠤ᠂ ᠠᠮᠤᠭᠤᠯᠠᠩ᠂ ᠪᠠᠲᠤᠪᠤᠯᠤᠳ ᠨᠠᠷ ᠢᠶᠠᠷ ᠲᠤᠯᠤᠭᠠᠶᠢᠯᠠᠭᠤᠯᠤᠭᠰᠠᠨ ᠤᠶᠢᠷᠠᠳ ᠠᠶᠢᠮᠠᠭ ᠤᠨ ᠬᠦᠴᠦᠨ ᠤᠷᠳᠤ ᠬᠤᠭᠤᠴᠠᠭ᠎ᠠ ᠪᠠᠷ ᠦᠷᠢᠰᠦᠯᠲᠦᠨ ᠲᠡᠮᠡᠴᠡᠯᠲᠦᠵᠦ ᠪᠠᠶᠢᠯ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号