ᠠᠷᠤᠭᠳᠠᠢ ᠪᠤᠯ ᠠᠰᠤᠳ ᠤᠨ ᠲᠤᠮᠤ ᠹᠸᠦᠲᠡᠯ ᠤᠨ ᠡᠵᠡᠨ ᠮᠦᠨ᠃ ᠲᠡᠷᠡ ᠤᠮᠠᠷᠠᠳᠤ ᠶᠤᠸᠠᠨ ᠤᠯᠤᠰ ᠤᠨ | ᠴᠡᠷᠢᠭ ᠤᠨ ᠶᠠᠪᠤᠳᠠᠯ ᠤᠨ ᠬᠦᠷᠢᠶᠡᠯᠡᠩ ᠤᠨ ᠬᠡᠷᠡᠭ ᠮᠡᠳᠡᠭᠴᠢ ᠪᠠᠶᠢᠭᠰᠠᠨ ᠪᠦᠭᠡᠳ ᠲᠠᠶᠢᠱᠢ ᠶᠢᠨ ᠳᠤᠰᠢᠶᠠᠯ ᠲᠠᠢ | ᠪᠠᠶᠢᠪᠠ᠃ ᠬᠦᠢᠯᠢᠴᠢ ᠶᠢ ᠢᠯᠠᠭᠰᠠᠨ ᠤ ᠳᠠᠷᠠᠭ᠎ᠠ ᠠᠷᠤᠭᠳᠠᠢ ᠶᠢᠨ ᠬᠦᠴᠦ ᠤᠯᠠᠮ ᠢᠶᠠᠷ ᠶᠡᠬᠡᠲᠦᠭᠡᠳ ᠡᠴᠦᠰ ᠲᠤ | ᠬᠠᠭᠠᠨ ᠤ ᠡᠷᠬᠡ ᠶᠢ ᠬᠠᠵᠠᠭᠤᠳᠠᠭᠤᠯᠤᠨ ᠤᠮᠠᠷᠠᠳᠤ ᠶᠤᠸᠠᠨ ᠤᠯᠤᠰ ᠤᠨ ᠵᠠᠰᠠᠭ ᠢ ᠡᠵᠡᠷᠬᠡᠪᠡ᠃ 1412 ᠤᠨ ᠳᠤ | ᠤᠶᠢᠷᠠᠳ ᠤᠨ ᠬᠦᠴᠦᠨ ᠤ ᠰᠢᠬᠠᠮᠳᠠᠭᠤᠯᠤᠯ ᠲᠤᠤᠷ᠎ᠠ ᠨᠢᠭᠡᠨ ᠦᠶ᠎ᠡ ᠮᠢᠩ ᠤᠯᠤᠰ ᠲᠤ ᠡᠶᠡᠯᠳᠦᠨ ᠲᠡᠭᠠᠵᠤ | ᠪᠡᠭᠡᠵᠢᠩ ᠲᠤ ᠡᠯᠴᠢ ᠲᠤᠮᠢᠯᠠᠵᠤ ᠪᠠᠶᠢᠵᠠᠢ᠃ ᠮᠢᠩ ᠤᠯᠤᠰ ᠤᠨ ᠴᠧᠩᠽᠦ ᠬᠠᠭᠠᠨ ᠮᠤᠩᠭᠤᠯ ᠤᠨ ᠡᠯ᠎ᠡ ᠪᠦᠯᠦᠭ ᠤᠨ | ᠵᠠᠪᠰᠠᠷ ᠶᠠᠰᠤ ᠬᠠᠶᠠᠵᠤ ᠬᠠᠷᠢᠯᠴᠠᠨ ᠦᠷᠢᠰᠦᠯᠳᠦᠭᠦᠯᠪᠡ᠃ 1423 ᠤᠨ ᠳᠤ ᠮᠢᠩ ᠤᠯᠤᠰ ᠤᠨ ᠵᠠᠰᠠᠭ ᠤᠨ | ᠭᠠᠵᠠᠷ ᠠᠷᠤᠭᠳᠠᠢ ᠶᠢ ᠾᠸᠢ ᠨᠢᠩ ᠸᠠᠩ ᠡᠷᠭᠦᠮᠵᠢᠯᠡᠵᠦ ᠠᠶᠢᠮᠠᠭ ᠬᠠᠷᠢᠶᠠᠳᠤ ᠳᠤ ᠨᠢ ᠬᠡᠰᠢᠭ ᠮᠦᠩᠭᠦ ᠤᠯᠭᠤᠨ | ᠬᠢᠵᠠᠭᠠᠷ ᠤᠨ ᠠᠷᠠᠯᠵᠢᠶ᠎ᠠ ᠶᠢ ᠴᠦ ᠵᠦᠪᠰᠢᠶᠡᠷᠡᠵᠡᠢ᠃ ᠠᠷᠤᠭᠳᠠᠢ 1410 ᠤᠨ ᠪᠤᠯᠤᠨ 1419 ᠤᠨ ᠳᠤ | ᠬᠤᠶᠠᠷ ᠤᠳᠠᠭ᠎ᠠ ᠤᠶᠢᠷᠠᠳ ᠵᠦᠭ ᠳᠠᠶᠢᠯᠠᠵᠤ ᠤᠶᠢᠷᠠᠳ ᠢ ᠶᠡᠬᠡᠪᠡᠷ ᠢᠯᠠᠭᠰᠠᠨ ᠪᠠᠶᠢᠨ᠎ᠠ᠃ ᠡᠭᠦᠨ ᠤ ᠵᠡᠷᠭᠡᠪᠡᠷ | ᠤᠷᠢᠶᠠᠩᠬᠠᠢ ᠯᠤᠭ᠎ᠠ ᠵᠡᠪᠰᠡᠭᠳᠦ ᠬᠢᠮᠤᠷᠠᠯᠳᠤᠭᠠᠨ ᠡᠭᠦᠰᠬᠡᠵᠦ ᠡᠭᠦᠷ ᠢ ᠨᠢ ᠡᠪᠳᠡᠨ ᠪᠤᠴᠠᠵᠤ ᠮᠢᠩ ᠤᠯᠤᠰ ᠤᠨ ᠬᠢᠯᠢ | ᠳᠠᠭᠠᠤ ᠤᠳᠤᠷᠯᠠᠨ ᠮᠠᠯᠵᠢᠵᠤ ᠰᠠᠭᠤᠵᠠᠢ᠃ 1422 ᠤᠨ ᠳᠤ ᠠᠷᠤᠭᠳᠠᠢ ᠬᠦᠴᠦᠨ ᠶᠡᠬᠡᠲᠦᠭᠰᠡᠨ ᠳᠡᠭᠡᠨ ᠡᠷᠡᠮᠰᠢᠵᠦ | ᠮᠢᠩ ᠤᠯᠤᠰ ᠲᠠᠢ ᠡᠪᠯᠡᠷᠡᠬᠦ ᠪᠠᠨ ᠪᠤᠯᠢᠭᠠᠳ ᠴᠡᠷᠢᠭ ᠬᠦᠳᠡᠯᠭᠡᠨ ᠡᠮᠦᠨᠡᠰᠢ ᠮᠤᠷᠳᠠᠪᠠ᠃ ᠠᠷᠤᠭᠳᠠᠢ ᠶᠢᠨ | ᠬᠤᠰᠢᠭᠤᠴᠢ ᠴᠡᠷᠢᠭ ᠰᠢᠩ ᠾᠧ ᠤᠷᠴᠢᠮ ᠬᠦᠷᠦᠭᠰᠡᠨ ᠳᠤ ᠮᠢᠩ ᠤᠯᠤᠰ ᠤᠨ ᠴᠧᠩᠽᠦ ᠬᠠᠭᠠᠨ ᠰᠡᠩᠳᠡ ᠮᠡᠩᠳᠡ | ᠴᠡᠷᠢᠭ ᠠᠪᠴᠤ ᠤᠭᠳᠤᠨ ᠪᠠᠶᠢᠯᠳᠤᠭᠠᠳ ᠮᠦᠨ ᠭᠤᠷᠪᠠᠨ ᠵᠢᠯ ᠳᠠᠷᠠᠭᠠᠯᠠᠨ ᠲᠠᠶᠢᠯᠠᠯᠳᠤᠪᠠ᠃ | 1434 ᠤᠨ ᠳᠤ ᠠᠷᠤᠭᠳᠠᠢ ᠤᠶᠢᠷᠠᠳ ᠤᠨ ᠳᠤᠭᠤᠨ ᠲᠠᠶᠢᠱᠢ ᠶᠢᠨ ᠴᠷᠢᠭ ᠲᠤ ᠲᠡᠶᠢᠯᠦᠭᠲᠡᠵᠦ ᠬᠦᠪᠡᠭᠦᠨ | ᠰᠢᠨᠠᠭᠠᠨ ᠤ ᠬᠠᠮᠳᠤ ᠠᠶᠢᠮᠠᠭ ᠬᠠᠷᠢᠶᠠᠳᠤ ᠲᠦᠮᠡ ᠭᠤᠷᠪᠠᠨ ᠮᠢᠩᠭ᠎ᠠ ᠭᠠᠷᠤᠢ ᠬᠦᠮᠦᠨ ᠢᠶᠠᠨ ᠳᠠᠭᠠᠭᠤᠯᠤᠨ ᠦᠯᠡ | ᠠᠭᠤᠯᠠ᠂ ᠴᠠᠭᠠᠨ ᠨᠠᠭᠤᠷ ︵ᠤᠳᠤ ᠶᠢᠨ ᠦᠪᠦᠷ ᠮᠤᠩᠭᠤᠯ ᠤᠨ ᠦᠶᠦᠸᠡᠨ ᠰᠢᠶᠠᠨ ᠤ ᠵᠡᠭᠦᠨ ᠬᠡᠰᠡᠭ︶ ᠬᠠᠪᠢ ᠪᠠᠷ | ᠮᠠᠯᠵᠢᠵᠤ ᠰᠠᠭᠤᠪᠠ᠃ ᠠᠳᠠᠢ ᠬᠠᠭᠠᠨ 1426 ᠤᠨ ᠳᠤ ᠬᠠᠭᠠᠨ ᠤᠷᠤ ᠰᠠᠭᠤᠪᠠ᠃ ᠠᠳᠠᠢ ᠶᠢ ᠬᠠᠰᠠᠷ ᠤᠨ | ᠦᠷᠡᠳᠦᠰ ᠭᠡᠳᠡᠭ ᠬᠡᠯᠡᠯᠭᠡ ᠪᠤᠢ ᠴᠦ ᠦᠭᠡᠳᠡᠢ ᠶᠢᠨ ᠬᠤᠶᠢᠴᠢᠰ ᠭᠡᠳᠡᠭ ᠬᠡᠯᠡᠯᠭᠡ ᠨᠢ ᠢᠯᠡᠭᠦᠦ ᠪᠠᠳᠤᠲᠠᠢ᠃ ᠠᠳᠠᠢ | ᠶᠢᠨ ᠡᠵᠡᠮᠰᠢᠯ ᠭᠠᠵᠠᠷ ᠨᠢ ᠭᠠᠨᠰᠤ ᠶᠢᠨ ᠬᠢᠵᠠᠭᠠᠷ ᠲᠤ ᠪᠠᠶᠢᠵᠠᠢ᠃ ᠡᠨᠡ ᠪᠤᠯ ᠶᠠᠭ ᠦᠭᠡᠲᠡᠢ ᠶᠢᠨ ᠬᠤᠶᠢᠴᠢᠰ ᠤᠨ | ᠬᠠᠷᠢᠶ᠎ᠠ ᠡᠵᠡᠮᠰᠢᠯ ᠭᠠᠵᠠᠷ ᠪᠤᠯᠬᠤ ᠶᠤᠮ᠃ ᠠᠳᠠᠢ ᠪᠤᠯ ᠡᠰᠡᠬᠦ ᠬᠠᠭᠠᠨ ᠤ ᠳᠠᠷᠠᠭᠠᠬᠢ ᠬᠠᠭᠠᠨ ᠮᠦᠨ᠃ ᠠᠳᠠᠢ᠂ | ᠠᠷᠤᠭᠳᠠᠢ ᠬᠤᠶᠠᠭᠤᠯᠠ ᠮᠠᠬᠠᠮᠤ ︵ᠪᠠᠳᠤᠯᠠ︶ ᠶᠢ ᠪᠠᠶᠢᠯᠳᠤᠨ ᠢᠯᠠᠭᠠᠳ ᠠᠳᠠᠢ ᠮᠠᠬᠠᠮᠤ ᠶᠢᠨ ᠡᠬᠡᠨᠡᠷ ᠢ ᠠᠪᠴᠤ | ᠠᠷᠤᠭᠳᠠᠢ ᠴᠦ ᠳᠤᠭᠤᠨ ᠢᠶᠠᠷ ᠬᠤᠨᠢ ᠮᠠᠯ ᠢᠶᠠᠨ ᠠᠳᠤᠭᠤᠯᠠᠭᠤᠯᠵᠤ ᠪᠠᠶᠢᠵᠠᠢ᠃ ᠳᠤᠭᠤᠨ ᠤ ᠡᠬᠡ ᠪᠤᠯ ᠡᠯᠪᠡᠭ | ᠬᠠᠭᠠᠨ ᠤ ᠦᠬᠢᠨ ᠰᠠᠮᠤᠷ ᠭᠦᠩᠵᠦ ᠮᠦᠨ᠃ ᠰᠠᠮᠤᠷ ᠭᠦᠩᠵᠦ ᠠᠳᠠᠢ ᠬᠠᠭᠠᠨ ᠠᠴᠠ ᠭᠤᠶᠤᠵᠤ ᠪᠠᠶᠢᠭᠠᠳ | ᠰᠢᠯᠠᠮᠤᠴᠢᠨ᠂ ᠰᠡᠶᠢᠮᠦᠴᠢᠨ ᠬᠤᠶᠠᠷ ᠡᠯᠴᠢᠨ ᠢᠶᠠᠷ ᠳᠤᠭᠤᠨ ᠢ ᠤᠶᠢᠷᠠᠳ ᠲᠤ ᠬᠦᠷᠭᠡᠯᠭᠡᠵᠡᠢ᠃ | ᠳᠤᠭᠤᠨ ᠤᠶᠢᠷᠠᠳ ᠳᠠᠭᠠᠨ ᠪᠤᠴᠠᠭᠰᠠᠨ ᠤ ᠬᠤᠶᠢᠨ᠎ᠠ ᠲᠦᠷᠪᠡᠨ ᠲᠦᠮᠡᠨ ᠤ ᠴᠤᠭᠯᠠᠭ᠎ᠠ ᠪᠤᠯᠵᠤ ᠠᠷᠤᠭᠳᠠᠢ | ᠶᠢ ᠲᠠᠶᠢᠯᠠᠬᠤ ᠪᠤᠳᠤᠯᠭ᠎ᠠ ᠲᠤᠭᠳᠠᠭᠠᠨ ᠠᠳᠠᠢ ᠬᠠᠭᠠᠨ ᠤ ᠡᠯᠴᠢ ᠰᠢᠯᠠᠮᠤᠴᠢᠨ᠂ ᠰᠠᠶᠢᠮᠤᠴᠢᠨ ᠬᠤᠶᠠᠷ ᠢ ᠡᠯᠳᠡᠪ ᠢᠶᠠᠷ | ᠠᠷᠭᠠᠳᠠᠨ ᠮᠡᠬᠡᠯᠡᠭᠰᠡᠨ ᠪᠦᠭᠡᠳ ᠳᠤᠭᠤᠨ ᠲᠠᠶᠢᠱᠢ ᠪᠡᠶ᠎ᠡ ᠪᠠᠷ ᠢᠶᠠᠨ ᠰᠠᠶᠢᠨ ᠮᠤᠷᠢ᠂ ᠪᠤᠯᠠᠭ᠎ᠠ᠂ ᠰᠢᠭᠦᠯᠡᠰᠦ ᠶᠢᠨ | ᠠᠷᠠᠰᠤ ᠵᠡᠷᠭᠡ ᠰᠠᠶᠢᠨ ᠡᠳ᠋ ᠲᠠᠸᠠᠷ ᠠᠪᠴᠤ ᠠᠳᠠᠢ ᠬᠠᠭᠠᠨ ᠳᠤ ᠬᠦᠷᠭᠡᠬᠦ ᠪᠠᠷ ᠢᠷᠡᠬᠦ ᠳᠤ ᠨᠢ ᠠᠷᠤ ᠠᠴᠠ ᠲᠦᠷᠪᠡᠨ | ᠤᠶᠢᠷᠠᠳ ᠤᠨ ᠴᠡᠷᠢᠭ ᠨᠢᠭᠤᠴᠠ ᠪᠠᠷ ᠳᠠᠭᠠᠯᠴᠠᠨ ᠢᠷᠡᠭᠡᠳ ᠠᠳᠠᠢ ᠬᠠᠭᠠᠨ ᠢ ᠭᠡᠨᠡᠲᠡᠭᠦᠯᠦᠨ ᠳᠠᠭᠠᠷᠢᠵᠤ ᠪᠠᠷᠢᠵᠤ | ᠠᠪᠤᠭᠠᠳ ᠬᠤᠷᠤᠭᠠᠪᠠ᠃ ᠠᠳᠠᠢ ᠬᠠᠭᠠᠨ ᠡᠶᠢᠨᠬᠦ 1438 ᠤᠨ ᠳᠤ ᠤᠶᠢᠷᠠᠳ ᠤᠨ ᠳᠤᠭᠤᠨ ᠲᠠᠶᠢᠱᠢ ᠶᠢᠨ | ᠭᠠᠷ ᠲᠤ ᠡᠴᠦᠰ ᠪᠤᠯᠵᠠᠢ᠃ | ᠠᠷᠤᠭᠳᠠᠢ ᠠᠴᠠ ᠰᠡᠭᠦᠯᠡᠷ ᠲᠠᠲ᠋ᠠᠷ ᠠᠶᠢᠮᠠᠭ ᠤᠨ ᠳᠤᠳᠤᠷ᠎ᠠ ᠠᠴᠠ ᠮᠦᠨ ᠬᠡᠲᠦ ᠬᠡᠲᠦᠨ ᠠᠯᠳᠠᠷᠳᠤ | ᠳᠦᠷᠦᠭᠦᠳ ᠴᠤᠯᠭᠠᠷᠠᠨ ᠭᠠᠷᠴᠤ ᠶᠡᠭᠡ ᠡᠷᠬᠡ ᠶᠢ ᠡᠵᠡᠷᠬᠡᠵᠦ ᠪᠠᠶᠢᠭᠰᠠᠨ ᠶᠤᠮ᠃ 1453 ᠤᠨ ᠳᠤ ᠲᠠᠲ᠋ᠠᠷ | ᠠᠶᠢᠮᠠᠭ ᠤᠨ ᠪᠤᠯᠠᠢ ᠶᠢᠨ ᠬᠦᠴᠦᠨ ᠴᠢᠬᠢᠷᠠᠭᠵᠠᠨ ᠤᠶᠢᠷᠠᠳ ᠢ ᠳᠤᠪᠳᠤᠯᠤᠭᠠᠳ ᠠᠯᠠᠭ ᠲᠡᠮᠦᠷ ᠴᠢᠩᠰᠠᠩ ᠢ ᠠᠯᠠᠵᠠᠢ | ᠃ 1454 ᠤᠨ ᠳᠤ ᠪᠤᠯᠠᠢ᠂ ᠲᠠᠶᠢᠰᠤᠩ ᠬᠠᠭᠠᠨ ᠤ ᠬᠦᠪᠡᠭᠦᠨ ᠮᠠᠬᠠᠭᠦᠷᠭᠢᠰ ᠢ ᠬᠠᠭᠠᠨ ᠰᠠᠭᠤᠷᠢᠨ ᠳᠤ ᠡᠷᠭᠦᠨ | ᠭᠠᠷᠭᠠᠭᠠᠳ ᠦᠭᠡᠭᠲᠦ ᠬᠠᠭᠠᠨ ᠬᠡᠮᠡᠨ ᠴᠤᠯᠠᠯᠠᠪᠠ᠃ ᠮᠠᠬᠠᠭᠦᠷᠭᠢᠰ ᠲᠡᠷᠡ ᠦᠶ᠎ᠡ ᠳᠤ ᠲᠤᠯᠤᠭᠠᠬᠠᠨ ᠨᠠᠰᠤᠳᠠᠢ ᠪᠠᠶᠢᠵᠠᠢ | ᠃ 1465 ᠤᠨ ᠳᠤ ᠮᠠᠬᠠᠭᠦᠷᠭᠢᠰ ᠢ ᠨᠠᠰᠤ ᠨᠦᠭᠴᠢᠭᠰᠡᠨ ᠤ ᠳᠠᠷᠠᠭ᠎ᠠ ᠲᠠᠲ᠋ᠠᠷ ᠤᠨ ᠲᠦᠷᠦᠭᠦᠴᠦᠳ ᠮᠤᠯᠤᠨ ᠢ | ᠪᠤᠷᠵᠢᠭᠢᠨ ᠤᠪᠤᠭᠲᠠᠨ ᠤ ᠦᠷᠡᠲᠦᠰ ᠬᠡᠮᠡᠨ ᠬᠡᠮᠵᠢᠭᠦᠳ ᠤᠨ ᠲᠠᠭᠠᠳᠠᠷ ᠲᠠᠶᠢᠪᠤ ᠭᠤᠷᠯᠤᠰ ᠤᠨ ᠬᠤᠪᠴᠢᠷ ᠮᠤᠯᠠᠳᠠᠢ | ᠬᠤᠶᠠᠷ ᠤᠩᠭᠤᠨᠢᠭᠤᠳ ᠤᠨ ᠮᠤᠤᠯᠢᠬᠠᠢ ᠸᠠᠩ ᠤᠨ ᠵᠠᠬ᠎ᠠ ᠳᠤ ᠬᠦᠷᠭᠡᠯᠭᠡᠪᠡ᠃ 1466 ᠤᠨ ᠳᠤ ᠮᠤᠤᠯᠢᠬᠠᠢ ᠸᠠᠩ | ᠮᠤᠯᠤᠨ ᠢ ᠠᠷᠪᠠᠨ ᠲᠤᠯᠤᠭᠠᠨ ᠨᠠᠰᠤᠨ ᠳᠤ ᠨᠢ ᠬᠠᠭᠠᠨ ᠰᠠᠭᠤᠷᠢᠨ ᠳᠤ ᠲᠡᠳᠬᠦᠨ ᠭᠠᠷᠭᠠᠪᠠ᠃ ᠲᠡᠮᠡᠢ ᠤᠳᠠᠭᠰᠠᠨ | ᠦᠭᠡᠢ ᠲᠠᠲ᠋ᠠᠷ ᠤᠨ ᠲᠦᠷᠦᠭᠦᠦ ᠤᠷᠤᠴᠤ ᠪᠤᠷᠤ ᠲᠤᠬᠤᠢ ᠤᠷᠤᠨ ᠳᠤ ᠤᠷᠤᠵᠤ ᠰᠠᠭᠤᠷᠢᠰᠢᠭᠰᠠᠨ ᠪᠦᠭᠡᠳ ᠵᠠᠯᠭᠠᠪᠠᠷ | ᠪᠤᠯᠠᠢ ᠪᠤᠯᠤᠨ ᠮᠤᠤᠯᠢᠬᠠᠢ ᠨᠠᠷ ᠴᠦ ᠪᠠᠭ᠎ᠠ ᠬᠠᠭᠠᠨ ᠢ ᠠᠪᠴᠤ ᠪᠤᠷᠤᠲᠤᠬᠤᠢ ᠤᠷᠤᠨ ᠳᠤ ᠤᠷᠤᠪᠠ᠃ ᠲᠡᠲᠡ | ᠦᠷᠭᠦᠯᠵᠢ ᠮᠢᠩ ᠤᠯᠤᠰ ᠤᠨ ᠬᠢᠵᠠᠭᠠᠷ ᠤᠷᠤᠨ ᠢ ᠬᠠᠯᠳᠠᠨ ᠳᠤᠪᠳᠤᠯᠳᠠᠭ ᠪᠠᠶᠢᠯ᠎ᠠ᠃ 1467 ᠤᠨ ᠳᠤ | ᠨᠤᠶᠠᠷᠬᠠᠭᠳᠠᠭᠴᠢ ᠪᠦᠯᠦᠭ ᠤᠨ ᠳᠤᠳᠤᠭᠠᠳᠤ ᠶᠢᠨ ᠬᠢᠮᠤᠷᠠᠯᠳᠤᠭᠠᠨ ᠡᠭᠦᠰᠴᠦ ᠪᠤᠯᠠᠢ᠂ ᠪᠠᠭ᠎ᠠ ᠬᠠᠭᠠᠨ ᠮᠤᠯᠤᠨ ᠢ | ᠬᠤᠷᠤᠭᠠᠵᠤ᠂ ᠮᠤᠤᠯᠢᠬᠠᠢ᠂ ᠪᠤᠯᠠᠢ ᠶᠢ ᠠᠯᠠᠵᠤ᠂ ᠤᠷᠤᠴᠤ ᠶᠢ ᠪᠤᠷᠤ ᠲᠤᠬᠤᠢ ᠤᠷᠤᠨ ᠠᠴᠠ ᠦᠯᠳᠡᠨ ᠶᠠᠪᠤᠭᠤᠯᠪᠠ᠃ | ᠢᠩᠬᠢᠭᠡᠳ 1468 ᠤᠨ ᠳᠤ ᠬᠠᠷᠭᠤᠴᠠᠭ ᠤᠨ ᠬᠦᠪᠡᠭᠦᠨ ᠪᠠᠶᠠᠨᠮᠦᠩᠬᠡ ᠪᠤᠯᠬᠤ ᠵᠢᠨᠦᠩ ᠬᠠᠭᠠᠨ ᠰᠠᠭᠤᠨᠰᠠᠨ ᠠᠴᠠ | ᠬᠤᠶᠢᠰᠢ ᠰᠠᠶ᠋ᠢ ᠠᠶᠢᠮᠠᠭ ᠪᠦᠯᠦᠭ ᠤᠨ ᠳᠤᠰᠠᠭᠠᠷ ᠬᠦᠴᠦ ᠪᠠᠭᠤᠷᠠᠨ ᠬᠠᠭᠠᠨ ᠡᠷᠬᠡ ᠶᠢᠨ ᠬᠦᠴᠦᠨ ᠰᠦᠷ ᠠᠭᠠᠵᠢᠮ | ᠪᠠᠷ ᠰᠡᠭᠦᠨ ᠮᠠᠨᠳᠤᠬᠤ ᠵᠠᠮ ᠳᠤ ᠤᠷᠤᠭᠰᠠᠨ ᠪᠠᠶᠢᠨ᠎ᠠ᠃ ︿ᠦᠷᠭᠦᠯᠵᠢᠯᠡᠯ ᠪᠤᠢ﹀ |