110 ᠪᠠ 122 ᠴᠠᠭᠳᠠᠭ᠎ᠠ ᠳᠤ ᠮᠡᠳᠡᠭᠦᠯᠬᠦ ᠤᠲᠠᠰᠤ ᠪᠣᠯ ᠨᠡᠶᠢᠭᠡᠮ ᠨᠡᠶᠢᠲᠡ ᠶᠢᠨ ᠡᠷᠬᠢᠮ ᠨᠠᠨᠳᠢᠨ ᠡᠬᠢ | ᠪᠠᠶᠠᠯᠢᠭ ᠮᠥᠨ᠂ ᠤᠯᠠᠨ ᠲᠦᠮᠡᠨ ᠬᠠᠤᠯᠢ ᠪᠤᠰᠤ ᠬᠠᠯᠳᠠᠯᠭ᠎ᠠ ᠂ ᠠᠶᠤᠯ ᠲᠦᠭᠰᠢᠭᠦᠷᠢ ᠳᠤ ᠤᠴᠠᠷᠠᠭᠰᠠᠨ ᠦᠶ᠎ᠡ ᠶᠢᠨ | ᠲᠤᠰᠠᠯᠠᠮᠵᠢ ᠭᠤᠶᠤᠬᠤ ᠲᠦᠰᠢᠭ ᠮᠥᠨ᠂ ᠡᠳᠦᠷ ᠰᠦᠨᠢ ᠶᠢ ᠢᠯᠭᠠᠯ ᠦᠭᠡᠢ᠂ ᠴᠠᠭᠳᠠᠭᠠᠴᠢ ᠶᠢ 24 ᠴᠠᠭ ᠢᠶᠠᠷ | ᠠᠵᠢᠯ ᠤᠨ ᠪᠠᠶᠢᠷᠢ ᠳᠠᠭᠠᠨ ᠵᠢᠵᠢᠭᠦᠷᠯᠡᠵᠦ᠂ ᠤᠯᠠᠨ ᠲᠦᠮᠡᠨ ᠤ ᠴᠠᠭᠳᠠᠭ᠎ᠠ ᠳᠤ ᠮᠡᠳᠡᠭᠦᠯᠬᠦ ᠶᠢ ᠴᠠᠭ ᠲᠤᠬᠠᠢ ᠳᠤᠨᠢ | ᠬᠦᠯᠢᠶᠡᠨ ᠲᠣᠰᠬᠤ ᠪᠠᠷ ᠪᠡᠯᠡᠬᠡᠨ ᠪᠡᠯᠡᠳᠬᠡᠵᠦ ᠪᠠᠶᠢᠳᠠᠭ᠃ ᠭᠡᠪᠡᠴᠦ ᠵᠠᠷᠢᠮ ᠬᠥᠮᠥᠨ ᠬᠠᠷᠢᠨ ᠬᠠᠤᠯᠢ ᠴᠠᠭᠠᠵᠠ ᠶᠢ | ᠬᠠᠶᠢᠬᠤᠷᠬᠤ ᠦᠭᠡᠢ ᠪᠠᠷ ᠴᠠᠭᠳᠠᠭ᠎ᠠ ᠳᠤ ᠮᠡᠳᠡᠭᠦᠯᠬᠦ ᠤᠲᠠᠰᠤ ᠶᠢ ᠮᠠᠭᠤ ᠰᠠᠨᠠᠭ᠎ᠠ ᠲᠠᠢ ᠪᠠᠷ ᠤᠲᠠᠰᠤᠳᠠᠳᠠᠭ᠃ | ᠣᠶᠢᠷ᠎ᠠ ᠳᠤ᠂ ᠤᠯᠠᠭᠠᠨᠬᠠᠳᠠ ᠶᠢᠨ ᠨᠢᠭᠡᠨ ᠡᠷᠡᠭᠲᠡᠢ ᠯᠢᠦ ᠣᠪᠣᠭᠲᠤ ᠠᠷᠢᠬᠢ ᠤᠤᠭᠤᠭᠰᠠᠨ ᠤ ᠪᠠᠨ ᠳᠠᠷᠠᠭ᠎ᠠ | ᠦᠪᠡᠷ ᠢ ᠪᠠᠨ ᠰᠣᠭᠲᠤᠭᠤ ᠪᠠᠷ ᠲᠡᠷᠭᠡ ᠵᠢᠯᠤᠭᠤᠭᠳᠤᠭᠰᠠᠨ᠂ ᠪᠤᠰᠤᠳ ᠤᠨ ᠡᠳ᠋ ᠪᠣᠳᠠᠰ ᠢ ᠡᠪᠳᠡᠨ ᠰᠦᠢᠳᠬᠡᠭᠰᠡᠨ | ᠂ ᠴᠠᠯᠢᠩ ᠬᠥᠯᠥᠰᠦ ᠨᠡᠬᠡᠵᠦ ᠠᠪᠤᠭᠰᠠᠨ ᠵᠡᠷᠭᠡ ᠴᠠᠭᠳᠠᠭᠠᠨ ᠤ ᠪᠠᠶᠢᠳᠠᠯ ᠢ ᠬᠤᠳᠠᠯ ᠢᠶᠠᠷ ᠵᠣᠬᠢᠶᠠᠵᠤ᠂ ᠵᠠᠯᠭᠠᠭ᠎ᠠ ᠪᠠᠷ | 16 ᠤᠳᠠᠭ᠎ᠠ ᠮᠠᠭᠤ ᠰᠠᠨᠠᠭ᠎ᠠ ᠲᠠᠢ ᠪᠠᠷ 110᠂ 122 ᠴᠠᠭᠳᠠᠭ᠎ᠠ ᠳᠤ ᠮᠡᠳᠡᠭᠦᠯᠬᠦ ᠤᠲᠠᠰᠤ ᠤᠲᠠᠰᠤᠳᠠᠭᠠᠳ | ᠰᠦᠩᠱᠠᠨ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠵᠠᠰᠠᠭ ᠵᠠᠬᠢᠷᠭᠠᠨ ᠢᠶᠠᠷ ᠲᠦᠷ | ᠬᠤᠷᠢᠭᠳᠠᠵᠠᠢ᠃ | 10 ᠰᠠᠷ᠎ᠠ ᠶᠢᠨ 24 ᠤ ᠡᠳᠦᠷ ᠤᠨ ᠥᠷᠯᠥᠭᠡ ᠶᠢᠨ 3 ᠴᠠᠭ ᠤᠨ ᠦᠶ᠎ᠡ ᠪᠠᠷ᠂ ᠤᠯᠠᠭᠠᠨᠬᠠᠳᠠ ᠬᠤᠲᠠ ᠶᠢᠨ | ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ 110 ᠵᠢᠯᠤᠭᠤᠳᠬᠤ ᠲᠥᠪ ᠠᠴᠠ ᠯᠢᠦ ᠣᠪᠣᠭᠲᠤ ᠶᠢᠨ | ᠴᠠᠭᠳᠠᠭ᠎ᠠ ᠳᠤ ᠮᠡᠳᠡᠭᠦᠯᠬᠦ ᠤᠲᠠᠰᠤ ᠶᠢ ᠲᠤᠰᠴᠤ᠂ ᠰᠦᠩᠱᠠᠨ ᠲᠣᠭᠤᠷᠢᠭ ᠤᠨ ᠨᠢᠭᠡᠨ ᠬᠤᠭᠤᠯᠠᠨ ᠭᠡᠷ ᠲᠡᠭᠦᠨ ᠳᠤ | ᠴᠠᠯᠢᠩ ᠥᠭᠬᠦ ᠦᠭᠡᠢ ᠥᠷᠢᠲᠦᠭᠡᠳ᠂ ᠣᠳᠣᠬᠠᠨ ᠳᠤ ᠲᠣᠰ ᠬᠤᠭᠤᠯᠠᠨ ᠭᠡᠷ ᠲᠤ ᠠᠷᠢᠬᠢ ᠤᠤᠭᠤᠵᠤ ᠪᠠᠶᠢᠨ᠎ᠠ᠂ | ᠲᠡᠷᠡ ᠮᠦᠷᠲᠡᠭᠡᠨ ᠯᠢ ᠣᠪᠣᠭᠲᠤ ᠥᠪᠡᠷ ᠢ ᠪᠠᠨ ᠮᠡᠳᠡᠷᠡᠯ ᠤᠨ ᠲᠥᠷᠥᠯ ᠤᠨ ᠡᠪᠡᠳᠴᠢᠨ ᠲᠠᠢ ᠭᠡᠵᠡᠢ᠃ ᠰᠦᠩᠱᠠᠨ | ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠢᠶ᠎ᠠ ᠶᠢᠨ ᠴᠢᠤᠸᠠᠨ ᠨᠢᠩ ᠲᠣᠮᠢᠯᠠᠭᠰᠠᠨ ᠰᠠᠯᠪᠤᠷᠢ | ᠴᠠᠭᠳᠠᠭᠠᠨ ᠤ ᠮᠡᠳᠡᠭᠡ ᠶᠢ ᠣᠯᠣᠭᠰᠠᠨ ᠤ ᠳᠠᠷᠠᠭ᠎ᠠ ᠲᠡᠷᠡ ᠳᠠᠷᠤᠢ ᠳᠤᠨᠢ ᠴᠠᠭᠳᠠᠭ᠎ᠠ ᠭᠠᠷᠭᠠᠵᠤ ᠰᠢᠢᠳᠪᠦᠷᠢᠯᠡᠵᠡᠢ᠃ | ᠲᠤᠬᠠᠢ ᠶᠢᠨ ᠲᠠᠯᠠᠪᠠᠶ ᠳᠤ ᠴᠠᠭᠳᠠᠭ᠎ᠠ ᠳᠤ ᠮᠡᠳᠡᠭᠦᠯᠦᠭᠰᠡᠨ ᠯᠢᠦ ᠣᠪᠣᠭᠲᠤ ᠵᠣᠴᠢᠳ ᠤᠨ ᠪᠠᠭᠤᠳᠠᠯ ᠴᠠᠯᠢᠩ ᠢ ᠨᠢ | ᠥᠭᠬᠦ ᠦᠭᠡᠢ ᠤᠳᠠᠭᠠᠰᠢᠷᠠᠭᠤᠯᠵᠤ ᠪᠠᠶᠢᠨ᠎ᠠ ᠭᠡᠵᠦ ᠬᠡᠯᠡᠭᠰᠡᠨ ᠪᠥᠭᠡᠳ ᠠᠷᠠᠳ ᠤᠨ ᠴᠠᠭᠳᠠᠭ᠎ᠠ ᠳᠤ ᠲᠡᠭᠦᠨ ᠢ ᠭᠡᠷ | ᠲᠤᠨᠢ ᠬᠦᠷᠭᠡᠵᠦ ᠥᠭᠬᠦ ᠬᠡᠷᠡᠭᠲᠡᠢ ᠭᠡᠵᠦ ᠱᠠᠭᠠᠷᠳᠠᠵᠠᠢ᠂ ᠠᠷᠠᠳ ᠤᠨ ᠴᠠᠭᠳᠠᠭ᠎ᠠ ᠲᠡᠭᠦᠨ ᠳᠤ ᠴᠠᠯᠢᠩ ᠨᠡᠬᠡᠵᠦ | ᠠᠪᠬᠤ ᠬᠡᠪ ᠤᠨ ᠠᠷᠭ᠎ᠠ ᠵᠠᠮ ᠪᠣᠯᠣᠨ ᠰᠢᠢᠳᠪᠦᠷᠢᠯᠡᠬᠦ ᠠᠷᠭ᠎ᠠ ᠶᠢ ᠬᠡᠯᠡᠵᠦ ᠥᠭᠭᠦᠭᠰᠡᠨ ᠤ ᠳᠠᠷᠠᠭ᠎ᠠ ᠤᠲᠠᠰᠤ ᠪᠠᠷ | ᠲᠡᠭᠦᠨ ᠤ ᠭᠡᠷ ᠪᠦᠯᠢ ᠶᠢᠨ ᠬᠢᠨ ᠲᠠᠢ ᠬᠠᠷᠢᠯᠴᠠᠵᠤ᠂ ᠭᠡᠷ ᠪᠦᠯᠢ ᠶᠢᠨ ᠬᠢᠨ ᠳᠤ ᠨᠢ ᠲᠡᠭᠦᠨ ᠢ ᠲᠤᠰᠴᠤ ᠠᠪᠠᠴᠢᠬᠤ | ᠶᠢ ᠮᠡᠳᠡᠭᠳᠡᠵᠡᠢ᠃ | ᠭᠡᠲᠡᠯ᠎ᠡ ᠲᠤᠰ ᠡᠳᠦᠷ ᠤᠨ ᠥᠷᠯᠥᠭᠡ ᠶᠢᠨ 3 ᠴᠠᠭ ᠠᠴᠠ 5 ᠴᠠᠭ ᠤᠨ ᠬᠤᠭᠤᠷᠣᠨᠳᠤ ᠯᠢᠦ ᠣᠪᠣᠭᠲᠤ ᠭᠡᠷ | ᠪᠦᠯᠢ ᠶᠢᠨ ᠬᠢᠨ ᠤ ᠪᠠᠨ ᠢᠳᠬᠠᠯ ᠢ ᠰᠣᠨᠣᠰᠣᠭᠰᠠᠨ ᠦᠭᠡᠢ᠂ ᠠᠷᠢᠬᠢ ᠤᠤᠭᠤᠭᠰᠠᠨ ᠤ ᠳᠠᠷᠠᠭ᠎ᠠ ᠤᠷᠢᠳ | ᠬᠤᠵᠢᠳ 110᠂ 122 ᠴᠠᠭᠳᠠᠭ᠎ᠠ ᠳᠤ ᠮᠡᠳᠡᠭᠦᠯᠬᠦ ᠤᠲᠠᠰᠤ ᠪᠠᠷ ᠣᠯᠠᠨᠲᠠ ᠤᠲᠠᠰᠤᠳᠠᠵᠤ᠂ ᠲᠤᠰ ᠲᠤᠰ ᠠᠷᠢᠬᠢ | ᠤᠤᠭᠤᠭᠰᠠᠨ ᠤ ᠳᠠᠷᠠᠭ᠎ᠠ ᠲᠡᠷᠭᠡ ᠵᠢᠯᠣᠭᠤᠳᠤᠭᠠᠳ ᠵᠠᠮ ᠬᠠᠷᠢᠯᠴᠠᠭᠠᠨ ᠤ ᠠᠳᠡᠯ ᠭᠠᠷᠤᠭᠰᠠᠨ᠂ ᠵᠣᠴᠢᠳ ᠤᠨ | ᠪᠠᠭᠤᠳᠠᠯ ᠤᠨ ᠲᠧᠯᠸᠢᠰ ᠢ ᠵᠣᠷᠢᠭᠤᠳᠠ ᠡᠪᠳᠡᠭᠰᠡᠨ᠂ ᠵᠣᠴᠢᠳ ᠤᠨ ᠪᠠᠭᠤᠳᠠᠯ ᠲᠥᠯᠥᠪᠦᠷᠢ ᠲᠠᠢ ᠦᠢᠯᠡᠴᠢᠯᠡᠭᠡ | ᠬᠠᠩᠭᠠᠬᠤ ᠶᠢ ᠢᠯᠡᠴᠢᠯᠡᠨ ᠮᠡᠳᠡᠭᠦᠯᠬᠦ ᠵᠡᠷᠭᠡ ᠴᠠᠭᠳᠠᠭᠠᠨ ᠤ ᠪᠠᠶᠢᠳᠠᠯ ᠢ ᠢᠯᠡᠴᠢᠯᠡᠨ ᠮᠡᠳᠡᠭᠦᠯᠵᠦ᠂ ᠠᠷᠠᠳ ᠤᠨ | ᠴᠠᠭᠳᠠᠭ᠎ᠠ ᠶᠢ ᠴᠠᠭᠳᠠᠭ᠎ᠠ ᠭᠠᠷᠭᠠᠵᠤ ᠰᠢᠢᠳᠪᠦᠷᠢᠯᠡᠬᠦ ᠬᠡᠷᠡᠭᠲᠡᠢ ᠭᠡᠵᠦ ᠱᠠᠭᠠᠷᠳᠠᠵᠠᠢ᠃ ᠲᠣᠮᠢᠯᠠᠭᠰᠠᠨ ᠰᠠᠯᠪᠤᠷᠢ ᠵᠢᠴᠢ | ᠵᠠᠮ ᠬᠠᠷᠢᠯᠴᠠᠭᠠᠨ ᠤ ᠴᠠᠭᠳᠠᠭᠠᠨ ᠤ ᠰᠠᠯᠠᠭ᠎ᠠ ᠮᠥᠴᠢᠷ ᠤᠨ ᠵᠢᠵᠢᠭᠦᠷ ᠤᠨ ᠴᠠᠭᠳᠠᠭ᠎ᠠ ᠲᠤᠰ ᠲᠤᠰ ᠲᠤᠬᠠᠢ ᠶᠢᠨ | ᠲᠠᠯᠠᠪᠤᠷ ᠲᠤ ᠬᠦᠷᠴᠦ ᠬᠢᠨᠠᠨ ᠬᠠᠷᠭᠤᠭᠤᠯᠤᠭᠰᠠᠨ ᠤ ᠳᠠᠷᠠᠭ᠎ᠠ᠂ ᠯᠢᠦ ᠣᠪᠣᠭᠲᠤ ᠶᠢᠨ ᠴᠠᠭᠳᠠᠭ᠎ᠠ ᠳᠤ ᠮᠡᠳᠡᠭᠦᠯᠦᠭᠰᠡᠨ | ᠠᠭᠤᠯᠭ᠎ᠠ ᠨᠢ ᠴᠥᠮ ᠬᠤᠳᠠᠯ ᠢᠶᠠᠷ ᠵᠣᠬᠢᠶᠠᠨ ᠬᠤᠳᠠᠯ ᠢᠶᠠᠷ ᠮᠡᠳᠡᠭᠦᠯᠵᠦ᠂ ᠬᠡᠷᠡᠭ ᠡᠳᠦᠭᠰᠡᠨ ᠰᠡᠵᠢᠭᠲᠡᠢ ᠪᠠᠶᠢᠬᠤ ᠶᠢ | ᠣᠯᠵᠤ ᠮᠡᠳᠡᠭᠡᠳ᠂ ᠲᠡᠭᠦᠨ ᠢ ᠲᠣᠮᠢᠯᠠᠭᠰᠠᠨ ᠰᠠᠯᠪᠤᠷᠢ ᠳᠤ ᠳᠠᠭᠤᠳᠠᠨ ᠠᠪᠠᠴᠢᠵᠤ ᠪᠠᠶᠢᠴᠠᠭᠠᠯᠲᠠ ᠬᠢᠵᠡᠢ᠃ | 10 ᠰᠠᠷ᠎ᠠ ᠶᠢᠨ 24 ᠤ ᠡᠳᠦᠷ ᠤᠨ ᠦᠳᠡ ᠶᠢᠨ ᠬᠤᠶᠢᠨ᠎ᠠ᠂ ᠠᠷᠢᠬᠢ ᠰᠡᠷᠭᠦᠭᠰᠡᠨ ᠤ ᠲᠠᠷᠠᠭ᠎ᠠ᠂ ᠯᠢᠦ | ᠣᠪᠣᠭᠲᠤ ᠥᠪᠡᠷ ᠤᠨ ᠠᠭᠤᠷ ᠤᠴᠠᠭᠠᠷ ᠢᠶᠠᠨ ᠲᠠᠶᠢᠯᠬᠤ ᠶᠢᠨ ᠲᠥᠯᠥᠭᠡ᠂ ᠤᠷᠢᠳ ᠬᠤᠵᠢᠳ 16 ᠤᠳᠠᠭ᠎ᠠ | ᠬᠤᠳᠠᠯ ᠬᠡᠷᠡᠭ ᠵᠣᠬᠢᠶᠠᠵᠤ᠂ ᠬᠤᠳᠠᠯ ᠬᠠᠭᠤᠷᠮᠠᠭ ᠢᠶᠠᠷ ᠴᠠᠭᠳᠠᠭ᠎ᠠ ᠳᠤ ᠮᠡᠳᠡᠭᠦᠯᠵᠦ᠂ 110᠂ 122 | ᠴᠠᠭᠳᠠᠭ᠎ᠠ ᠳᠤ ᠮᠡᠳᠡᠭᠦᠯᠬᠦ ᠤᠲᠠᠰᠤ ᠶᠢ ᠮᠠᠭᠤ ᠰᠠᠨᠠᠭ᠎ᠠ ᠲᠠᠢ ᠪᠠᠷ ᠤᠲᠠᠰᠤᠳᠠᠭᠰᠠᠨ ᠬᠠᠤᠯᠢ ᠠᠴᠠ ᠵᠥᠷᠢᠴᠡᠭᠰᠡᠨ | ᠬᠡᠷᠡᠭ ᠢᠶᠠᠨ ᠥᠴᠢᠭᠯᠡᠨ ᠮᠡᠳᠡᠷᠡᠪᠡ᠃ ︽ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠠᠮᠤᠷ ᠢ | ᠬᠠᠮᠠᠭᠠᠯᠠᠬᠤ ᠠᠵᠢᠯ ᠤᠨ ᠬᠠᠮᠢᠶᠠᠷᠤᠯᠲᠠ ᠶᠢᠨ ᠰᠢᠢᠳᠬᠡᠯ ᠤᠨ ᠬᠠᠤᠯᠢ︾ ᠶᠢᠨ ᠬᠤᠯᠪᠣᠭᠳᠠᠯ ᠪᠦᠬᠦᠢ ᠬᠠᠤᠯᠢ | ᠴᠠᠭᠠᠵᠠ ᠶᠢᠨ ᠵᠦᠢᠯ ᠵᠤᠷᠪᠤᠰ ᠤᠨ ᠲᠣᠭᠲᠠᠭᠠᠯ ᠢ ᠦᠨᠳᠦᠰᠦᠯᠡᠨ᠂ ᠰᠦᠩᠱᠠᠨ ᠤ ᠳᠣᠲᠣᠭᠠᠳᠤ ᠶᠢ ᠬᠠᠮᠠᠭᠠᠯᠠᠬᠤ | ᠬᠤᠪᠢᠶᠠᠷᠢ ᠲᠣᠪᠴᠢᠶ᠎ᠠ ᠠᠴᠠ ᠬᠠᠤᠯᠢ ᠶᠢ ᠵᠥᠷᠢᠴᠡᠭᠰᠡᠨ ᠦᠢᠯᠡ ᠠᠵᠢᠯᠯᠠᠭᠠᠳᠠᠨ ᠯᠢᠦ ᠣᠪᠣᠭᠲᠤ ᠳᠤ ᠬᠠᠤᠯᠢ | ᠶᠣᠰᠣᠭᠠᠷ 15 ᠡᠳᠦᠷ ᠤᠨ ᠵᠠᠰᠠᠭ ᠵᠠᠬᠢᠷᠭᠠᠨ ᠤ ᠲᠦᠷ ᠬᠤᠷᠢᠬᠤ ᠰᠢᠢᠳᠬᠡᠯ ᠥᠭᠴᠡᠢ᠃ | |