ᠤᠯᠠᠨ 5 G — A ᠨᠢ ᠨᠢᠰᠬᠦ ᠮᠡᠳᠦ ᠲᠦᠷᠭᠡᠨ ᠪᠤᠯᠭᠠᠳᠠᠭ ᠬᠡᠨ᠎ᠡ ᠤᠤ︖
ᠨᠡᠶᠢᠲᠡᠯᠡᠭᠰᠡᠨ ᠴᠠᠭ᠄
2024/11/12
      ᠤᠯᠠᠨ 5 G — A ᠨᠢ ᠨᠢᠭᠡᠨ 10 G ᠶᠢᠨ ᠥᠨᠳᠥᠷ ᠲᠣᠳᠣᠴᠠ ᠲᠠᠢ ᠺᠢᠨᠣ᠋ ᠶᠢ ᠨᠢᠭᠡ ᠯᠡ ᠰᠧᠺᠦ᠋ᠨ᠋ᠳ᠋ ᠲᠤ ᠪᠠᠭᠤᠯᠭᠠᠨ ᠠᠪᠴᠤ ᠲᠡᠶᠢᠯᠦᠨ᠎ᠡ᠃ ᠲᠡᠷᠡ ᠨᠢ ᠰᠦᠯᠵᠢᠶᠡᠨ ᠤ ᠬᠤᠷᠳᠤᠴᠠ ᠶᠢ ᠨᠢᠰᠬᠦ ᠮᠡᠳᠦ ᠲᠦᠷᠭᠡᠨ ᠪᠤᠯᠭᠠᠬᠤ ᠪᠠᠷ ᠪᠠᠷᠠᠬᠤ ᠦᠭᠡᠢ᠂ ᠪᠠᠰᠠ ᠠᠵᠢᠯ ᠳᠠᠭᠠᠨ ᠶᠠᠪᠤᠵᠤ ᠪᠠᠶᠢᠭᠠᠳ ᠬᠤᠵᠢᠭᠳᠠᠮᠠᠷ ᠪᠤᠯᠬᠤ᠂ ᠵᠠᠮ ᠲᠦᠭᠵᠢᠷᠡᠵᠦ ᠶᠠᠪᠤᠵᠤ ᠲᠡᠶᠢᠯᠬᠦ ᠦᠭᠡᠢ ᠪᠤᠯᠬᠤ ᠦᠶ᠎ᠡ ᠳᠤ᠂ ᠭᠠᠷ ᠤᠲᠠᠰᠤ ᠪᠠᠨ ᠭᠠᠷᠭᠠᠭᠠᠳ ᠬᠦᠡᠭᠭᠡᠭᠡᠨ ᠲᠤᠪᠰᠢᠵᠦ ᠠᠪᠤᠪᠠᠯ᠂ ︽ᠨᠢᠰᠬᠦ ᠮᠡᠳᠦ︾ ᠲᠦᠷᠭᠡᠨ ᠴᠢᠮ᠎ᠠ ᠶᠢ ᠲᠡᠭᠡᠭᠡᠵᠦ ᠠᠵᠢᠯ ᠳᠤ ᠴᠢᠨᠢ ᠠᠪᠠᠴᠢᠵᠦ ᠦᠭᠭᠦᠨ᠎ᠡ︔ ᠲᠡᠷᠭᠡ ᠵᠢᠯᠣᠭᠤᠳᠴᠤ ᠴᠢᠳᠠᠬᠤ ᠦᠭᠡᠢ ᠮᠥᠷᠲᠡᠭᠡᠨ ᠪᠠᠰᠠ ᠵᠢᠯᠤᠭᠤᠴᠢ ᠦᠭᠡᠢ ᠲᠡᠷᠭᠡ ᠶᠢ ᠠᠮᠤᠷ ᠲᠦᠪᠰᠢᠨ ᠪᠤᠰᠤ ᠭᠡᠵᠦ ᠠᠶᠤᠪᠠᠯ ᠶᠠᠭᠠᠬᠢᠬᠤ ᠪᠤᠢ︖ 5 G - A ᠵᠢᠯᠤᠭᠤᠴᠢ ᠦᠭᠡᠢ ᠲᠡᠷᠭᠡ ᠨᠢ ᠶᠠᠭ ᠬᠤᠷᠮᠤᠰᠲᠠ ᠲᠩᠷᠢ ᠶᠢᠨ ᠬᠠᠷᠠᠭ᠎ᠠ ᠶᠢ ᠨᠡᠭᠡᠭᠡᠭᠰᠡᠨ ᠰᠢᠭ ᠪᠤᠳᠤᠯᠢᠶᠠᠨᠲᠠᠶ ᠵᠠᠮ ᠤᠨ ᠪᠠᠶᠢᠳᠠᠯ ᠠᠴᠠ ᠠᠶᠤᠬᠤ ᠦᠭᠡᠢ ᠪᠠᠶᠢᠳᠠᠭ᠃ ᠵᠠᠷᠢᠮ ᠬᠥᠮᠦᠨ ᠤ ᠬᠡᠯᠡᠬᠦ ᠪᠠᠷ ᠡᠳᠡᠭᠡᠷ ᠨᠢ ᠵᠥᠪᠬᠡᠨ ᠰᠢᠨᠵᠢᠯᠡᠬᠦ ᠤᠬᠠᠭᠠᠨ ᠤ ᠬᠡᠢ ᠪᠤᠳᠤᠯ ᠤᠨ ᠺᠢᠨᠣ᠋ ᠳᠣᠲᠣᠷ᠎ᠠ ᠭᠠᠷᠳᠠᠭ᠂ ᠪᠣᠳᠠᠲᠤ ᠠᠮᠳᠤᠷᠠᠯ ᠳᠤ ᠪᠠᠶᠢᠳᠠᠭ ᠦᠭᠡᠢ ᠭᠡᠵᠦ ᠪᠤᠢ᠃ 5 G - A ᠨᠢ ᠣᠯᠠᠨ ᠠᠵᠢᠯ ᠲᠥᠷᠥᠯ ᠳᠤ ᠬᠦᠴᠦᠨ ᠨᠡᠮᠡᠷᠢᠯᠡᠬᠦ ᠦᠶ᠎ᠡ ᠳᠤ᠂ ᠡᠲᠡᠭᠡᠷ ᠪᠠᠶᠢᠳᠠᠯ ᠨᠢ ᠬᠦᠰᠡᠯ ᠮᠦᠷᠦᠭᠡᠳᠦᠯ ᠲᠡᠳᠦᠢ ᠪᠢᠰᠢ ᠪᠤᠯᠬᠤ ᠶᠤᠮ᠃ 
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号