ᠠᠷᠠᠳ ᠨᠡᠶᠢᠳᠡ ᠪᠠᠷ ᠢᠶᠠᠨ ᠰᠡᠷᠡᠮᠵᠢ ᠪᠠᠨ ᠲᠡᠭᠡᠭᠰᠢᠯᠡᠭᠦᠯᠦᠨ ᠰᠦᠯᠵᠢᠶᠡᠨ ᠤ ᠮᠡᠬᠡᠯᠡᠯ ᠢ ᠰᠡᠷᠭᠡᠶᠢᠯᠡᠶ᠎ᠡ
ᠨᠡᠶᠢᠲᠡᠯᠡᠭᠰᠡᠨ ᠴᠠᠭ᠄
2023/11/21
      ᠪᠡᠯᠡ ᠮᠦᠩᠭᠦ ᠶᠢ ᠤᠷᠤᠯᠠᠨ ᠦᠭᠴᠦ ᠡᠭᠦᠷᠭᠡ ᠭᠦᠢᠴᠡᠳᠭᠡᠭᠦᠯᠬᠦ ᠪᠠᠷ ᠱᠠᠭᠠᠷᠳᠠᠭᠰᠠᠨ ᠲᠤᠰᠢᠶᠠᠯ ᠬᠠᠪᠰᠤᠷᠭᠠᠭᠰᠠᠨ ᠬᠠᠭᠤᠳᠠᠰᠦ ᠪᠦᠬᠦᠨ ᠪᠤᠯ ᠴᠦᠮ ᠮᠡᠬᠡᠯᠡᠯ ᠮᠦᠨ︕      ︽ᠲᠤᠳᠤᠭᠠᠳᠦ ᠶᠢᠨ ᠮᠡᠳᠡᠭᠡ᠂ ᠲᠤᠰᠬᠠᠢ ᠮᠡᠷᠭᠡᠵᠢᠯᠳᠡᠨ ᠤ ᠵᠢᠯᠤᠭᠤᠳᠤᠯᠭ᠎ᠠ᠂ ᠲᠤᠭᠳᠠᠪᠤᠷᠢᠳᠠᠢ ᠬᠤᠨᠵᠢᠪᠠᠯ ᠠᠯᠳᠠᠬᠤ ᠦᠭᠡᠢ᠂ ᠶᠡᠭᠡ ᠬᠠᠷᠠᠮᠵᠢ ᠤᠯᠤᠨ᠎ᠠ︾ ᠭᠡᠵᠦ ᠵᠠᠷᠯᠠᠭᠰᠠᠨ ᠪᠡᠯᠡ ᠤᠷᠤᠭᠤᠯᠤᠯᠳᠠ ᠶᠢᠨ ᠡᠳ᠋ ᠤᠨ ᠶᠠᠪᠤᠳᠠᠯ  ᠤᠨ ᠬᠠᠮᠢᠶᠠᠷᠤᠯᠳᠠ ᠪᠤᠯ ᠴᠦᠮ ᠮᠡᠬᠡᠯᠡᠯ ᠮᠥᠨ︕      ︽ᠪᠠᠷᠢᠴᠠᠭ᠎ᠠ ᠦᠬᠡᠢ᠂ ᠬᠢᠷᠢ ᠬᠡᠮ ᠤᠨ ᠱᠠᠭᠠᠷᠳᠠᠯᠭ᠎ᠠ ᠦᠭᠡᠢ᠂ ᠬᠦᠤ ᠮᠦᠩᠭᠦ ᠶᠢᠨ ᠨᠤᠷᠮ᠎ᠠ ᠲᠤᠤᠷ᠎ᠠ᠂ ᠵᠢᠭᠡᠯᠡᠯᠭᠡ ᠲᠠᠯᠪᠢᠬᠤ ᠨᠢ ᠲᠦᠷᠭᠡᠨ︾ ᠭᠡᠵᠦ ᠵᠠᠷᠯᠠᠭᠰᠠᠨ ᠰᠦᠯᠵᠢᠶᠡᠨ ᠵᠢᠭᠡᠯᠯᠡᠭᠡ ᠶᠢᠨ ᠵᠠᠷ ᠲᠤ ᠰᠢᠯᠭᠠᠨ ᠪᠠᠳᠤᠯᠠᠬᠤ ᠺᠤᠳ᠋ ᠬᠠᠩᠭᠠᠬᠤ ᠪᠤᠶᠤ ᠤᠷᠢᠳᠠᠪᠠᠷ ᠬᠡᠰᠢᠭᠦᠨ ᠤ ᠰᠦᠢᠳᠭᠡᠯ᠂ ᠪᠠᠳᠤᠯᠠᠭ᠎ᠠ ᠶᠢᠨ ᠮᠦᠩᠭᠦ᠂ ᠴᠡᠪᠡᠳᠡᠭᠰᠢᠭᠦᠯᠦᠯ ᠠᠴᠠ ᠲᠠᠶᠢᠯᠬᠤ ᠰᠦᠢᠳᠭᠡᠯ ᠪᠤᠶᠤ ᠲᠠᠩᠰᠠ ᠰᠢᠯᠵᠢᠭᠦᠯᠬᠦ ᠶᠢ ᠱᠠᠭᠠᠷᠳᠠᠬᠤ ᠵᠡᠷᠭᠡ ᠪᠤᠯ ᠴᠦᠮ ᠮᠡᠬᠡᠯᠡᠯ ᠮᠦᠨ᠃ ᠦᠪᠡᠷ ᠢ ᠪᠠᠨ ᠡᠯᠧᠺᠲᠷᠤᠨ ᠬᠤᠳᠠᠯᠳᠤᠭ᠎ᠠ᠂ ᠪᠠᠷᠠᠭᠠᠨ ᠤ ᠭᠦᠢᠯᠭᠡᠭᠡᠨ ᠤ ᠲᠠᠪᠴᠠᠩ ᠤᠨ ᠦᠢᠯᠡᠴᠢᠯᠡᠭᠴᠢ ᠭᠡᠵᠦ᠂ ᠰᠠᠨᠠᠭᠠᠴᠢᠯᠠᠭ᠎ᠠ ᠠᠴᠠ ᠪᠠᠨ ᠵᠤᠭᠤᠰ ᠪᠤᠴᠠᠭᠠᠬᠤ ᠵᠡᠷᠭᠡ ᠪᠠᠷ ᠰᠢᠯᠳᠠᠭ ᠪᠤᠯᠭᠠᠵᠦ ᠪᠠᠩᠭᠢ ᠶᠢᠨ ᠺᠠᠷᠲ ᠪᠠ ᠭᠠᠷ ᠤᠳᠠᠰᠤᠨ ᠤ ᠰᠢᠯᠭᠠᠨ ᠪᠠᠳᠤᠯᠠᠬᠤ ᠺᠤᠳ᠋ ᠬᠠᠩᠭᠠᠯᠭᠠᠬᠤ ᠪᠠᠷ ᠱᠠᠭᠠᠷᠳᠠᠵᠦ ᠪᠠᠶᠢᠪᠠᠯ ᠴᠦᠮ ᠮᠡᠬᠡᠯᠡᠯ ᠮᠦᠨ︕      ᠦᠪᠡᠷ ᠢ ᠪᠠᠨ ᠲᠤᠳᠤᠭᠠᠳᠦ ᠶᠢ ᠬᠠᠮᠠᠭᠠᠯᠠᠬᠤ ᠲᠤᠪᠴᠢᠶ᠎ᠠ᠂ ᠪᠠᠶᠢᠴᠠᠭᠠᠬᠤ ᠲᠤᠪᠴᠢᠶ᠎ᠠ᠂ ᠰᠢᠬᠦᠬᠦ ᠬᠤᠷᠢᠶᠠᠨ  ᠤ ᠠᠵᠢᠯᠳᠠᠨ ᠭᠡᠵᠦ ᠲᠠᠨ ᠢ ᠬᠤᠯᠪᠤᠭᠳᠠᠯ ᠪᠦᠬᠦᠢ ᠬᠠᠥᠯᠢ ᠠᠴᠠ ᠵᠦᠷᠢᠴᠡᠭᠰᠡᠨ ᠶᠠᠯᠠᠳᠤ ᠠᠵᠢᠯᠯᠠᠭ᠎ᠠ ᠬᠢᠭᠰᠡᠨ ᠢᠶᠠᠷ ᠰᠢᠯᠳᠠᠭ ᠪᠤᠯᠭᠠᠵᠦ᠂ ᠪᠡᠯᠡ ᠮᠦᠩᠭᠦ ᠪᠠᠨ ︽ᠠᠮᠤᠷ ᠲᠦᠪᠰᠢᠨ ᠤ ᠲᠠᠩᠰᠠ︾ ᠳᠤ ᠤᠷᠤᠭᠤᠯᠬᠤ ᠶᠢ ᠱᠠᠭᠠᠷᠳᠠᠭᠰᠠᠨ ᠪᠦᠬᠦᠨ ᠪᠤᠯ ᠴᠦᠮ ᠮᠡᠬᠡᠯᠡᠯ ᠮᠦᠨ︕      ᠨᠡᠶᠢᠭᠡᠮ ᠤᠨ ᠬᠠᠷᠢᠯᠴᠠᠭᠠᠨ ᠤQQ᠂ ᠸᠢᠴᠠᠲ ᠵᠡᠷᠭᠡ ᠪᠠᠷ ᠲᠠᠮᠵᠢᠨ ᠨᠠᠶᠢᠵᠠ ᠨᠦᠬᠦᠳ ᠢᠶᠠᠨ ᠬᠠᠪᠰᠤᠷᠬᠤ  ᠪᠠᠷ ᠰᠢᠯᠳᠠᠭ ᠪᠤᠯᠭᠠᠵᠦ ᠲᠠᠨ ᠠᠴᠠ ᠵᠤᠭᠤᠰ ᠵᠢᠭᠡᠯᠡᠨ ᠲᠠᠩᠰᠠ ᠰᠢᠯᠵᠢᠭᠦᠯᠬᠦ ᠶᠢ ᠭᠤᠶᠤᠴᠢᠯᠠᠵᠦ ᠪᠠᠶᠢᠪᠠᠯ ᠪᠦᠷ ᠮᠡᠬᠡᠯᠡᠯ︕      ᠡᠯ᠎ᠡ ᠵᠦᠢᠯ ᠤᠨ ᠨᠡᠷ᠎ᠡ ᠪᠠᠷ ᠲᠤᠳᠤᠷᠬᠠᠢ ᠪᠤᠰᠤ ᠴᠦᠷᠬᠡᠯᠡᠭᠡ ᠶᠠᠪᠤᠭᠤᠯᠵᠦ᠂ ᠴᠢᠮ᠎ᠠ ᠪᠠᠷ ᠪᠠᠩᠭᠢ ᠶᠢᠨ ᠺᠠᠷᠲ  ᠤᠨ ᠨᠤᠮᠧᠷ᠂ ᠭᠠᠷ ᠣᠳᠠᠰᠤᠨ ᠤ ᠰᠢᠯᠭᠠᠨ ᠪᠠᠳᠤᠯᠠᠬᠤ ᠺᠤᠳ᠋ ᠪᠠ ᠡᠯ᠎ᠡ ᠵᠦᠢᠯ ᠤᠨ ᠨᠢᠭᠤᠴᠠ ᠨᠤᠮᠧᠷ ᠢ ᠤᠷᠤᠭᠤᠯᠤᠭᠰᠠᠨ ᠪᠤᠯ ᠴᠦᠮ ᠮᠡᠬᠡᠯᠡᠯ ᠮᠦᠨ︕
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号