W ᠪᠦᠷᠬᠦᠪᠴᠢ ᠪᠠᠷ ᠪᠣᠷᠣᠭᠠᠨ ᠤ ᠤᠰᠤ ᠶᠢ ᠬᠤᠷᠠᠮᠳᠤᠭᠤᠯᠬᠤ ᠮᠡᠷᠭᠡᠵᠢᠯ ᠢ ᠬᠡᠷᠡᠭᠯᠡᠬᠦ ᠳᠤ ᠬᠢᠯᠪᠡᠷ᠂ | ᠡᠵᠡᠮᠰᠢᠬᠦ ᠳᠤ ᠠᠮᠠᠷᠬᠠᠨ ᠪᠠᠶᠢᠳᠠᠭ᠃ ᠡᠭᠦᠨ ᠳᠤ ᠭᠤᠣᠯᠳᠠᠭᠤ ᠬᠠᠭᠤᠷᠠᠢ ᠬᠤᠳᠳᠤᠭ ᠮᠠᠯᠲᠠᠬᠤ᠂ ᠭᠤᠤ ᠰᠤᠪᠠᠭ ᠢ | ᠨᠡᠭᠡᠭᠡᠨ ᠪᠦᠷᠬᠦᠪᠴᠢ ᠶᠢ ᠳᠡᠪᠢᠰᠬᠦ᠂ ᠬᠡᠪ ᠵᠠᠭᠪᠤᠷ ᠢᠶᠠᠷ ᠲᠠᠷᠢᠵᠤ ᠪᠤᠶᠢᠵᠢᠭᠤᠯᠬᠤ ᠵᠡᠷᠭᠡ ᠭᠤᠷᠪᠠᠨ ᠬᠡᠰᠡᠭ ᠪᠠᠭᠲᠠᠨ᠎ᠠ | ᠃ | ᠨᠢᠭᠡᠳᠦᠭᠡᠷ ᠠᠯᠬᠤᠮ᠄ ᠬᠠᠭᠤᠷᠠᠢ ᠬᠤᠳᠳᠤᠭ ᠮᠠᠯᠲᠠᠬᠤ᠃ ᠬᠠᠭᠤᠷᠠᠢ ᠬᠤᠳᠳᠤᠭ ᠢ ᠤᠯᠠᠭᠠᠨ ᠰᠢᠷᠣᠢ | ᠪᠣᠯᠣᠨ ᠴᠣᠬᠤᠢ ᠶᠢᠨ ᠬᠤᠯᠢᠮᠠᠭ ᠡᠭᠡᠳᠡᠩ ᠪᠤᠶᠤ ᠼᠧᠮᠧᠨ᠋ᠲ ᠢᠶᠠᠷ ᠮᠢᠯᠢᠶᠠᠵᠤ ᠪᠣᠯᠣᠨ᠎ᠠ᠃ ᠬᠠᠭᠤᠷᠠᠢ ᠬᠤᠳᠳᠤᠭ ᠤᠨ | ᠪᠦᠲᠦᠴᠡ ᠨᠢ ᠶᠡᠷᠦ ᠳᠤ ᠪᠠᠨ ᠵᠠᠳᠠᠭᠠᠢ ᠳ᠋ᠢᠶᠠᠮᠧᠳ᠋ᠷ ᠨᠢ 0.6 ᠮᠧᠳ᠋ᠷ᠂ ᠢᠷᠤᠭᠠᠷ ᠤᠨ ᠳ᠋ᠢᠶᠠᠮᠧᠳ᠋ᠷ ᠨᠢ 3 ᠮᠧᠳ᠋ᠷ᠂ | ᠭᠦᠨ ᠨᠢ 5 ᠮᠧᠳ᠋ᠷ ᠪᠠᠶᠢᠵᠤ᠂ 35 ᠳᠥᠷᠪᠡᠯᠵᠢᠨ ᠮᠧᠳ᠋ᠷ ᠤᠰᠤ ᠬᠠᠳᠠᠭᠠᠯᠠᠵᠤ ᠪᠣᠯᠣᠨ᠎ᠠ᠃ ᠪᠠᠷᠤᠭ ᠳᠥᠷᠪᠡ | ᠲᠠᠪᠤᠨ ᠵᠠᠭᠤᠨ ᠲᠥᠭᠦᠷᠢᠭ ᠤᠨ ᠪᠡᠯᠡ ᠣᠷᠣᠭᠤᠯᠤᠨ᠎ᠠ᠃ ᠬᠠᠭᠤᠷᠠᠢ ᠬᠤᠳᠳᠤᠭ ᠢ ᠬᠠᠮᠤᠭ ᠤᠨ ᠬᠤᠳᠤᠭᠤᠷ | ᠭᠠᠵᠠᠷ ᠢ ᠰᠤᠩᠭᠤᠨ᠂ ᠶᠡᠷᠦ ᠳᠤ ᠪᠠᠨ 1 — 3 ᠮᠦ ᠪᠦᠷᠢ ᠳᠤ ᠨᠢᠭᠡ ᠬᠠᠭᠤᠷᠠᠢ ᠬᠤᠳᠳᠤᠭ ᠮᠠᠯᠲᠠᠵᠤ ᠪᠣᠯᠣᠨ᠎ᠠ | ᠃ ᠬᠠᠭᠤᠷᠠᠢ ᠬᠤᠳᠳᠤᠭ ᠢ ᠶᠡᠷᠦ ᠳᠤ ᠪᠠᠨ ᠨᠠᠮᠤᠷ ᠤᠨ ᠬᠤᠷᠢᠶᠠᠯᠲᠠ ᠶᠢᠨ ᠳᠠᠷᠠᠭ᠎ᠠ ᠡᠪᠦᠯ ᠤᠨ ᠤᠯᠠᠷᠢᠯ ᠪᠣᠯᠲᠠᠯ᠎ᠠ | ᠮᠠᠯᠲᠠᠵᠤ᠂ ᠲᠤᠬᠠᠢ ᠶᠢᠨ ᠵᠢᠯ ᠳᠤ ᠪᠠᠨ ᠳᠠᠷᠤᠢ ᠨᠠᠮᠤᠷ ᠡᠪᠦᠯ ᠤᠨ ᠬᠤᠷ᠎ᠠ ᠲᠤᠨᠳᠠᠰᠤ ᠶᠢ ᠬᠤᠷᠠᠮᠳᠤᠭᠤᠯᠤᠨ | ᠬᠠᠳᠠᠭᠠᠯᠠᠵᠤ᠂ ᠬᠠᠪᠤᠷ ᠤᠨ ᠭᠠᠩ ᠬᠠᠭᠤᠷᠠᠢ ᠦᠶ᠎ᠡ ᠳᠤ ᠬᠡᠷᠡᠭᠯᠡᠬᠦ ᠪᠠᠷ ᠪᠡᠯᠡᠳᠬᠡᠳᠡᠭ᠃ | ᠬᠤᠶᠠᠳᠤᠭᠠᠷ ᠠᠯᠬᠤᠮ᠄ ᠭᠤᠤ ᠰᠤᠪᠠᠭ ᠢ ᠨᠡᠭᠡᠭᠡᠨ ᠪᠦᠷᠬᠦᠪᠴᠢ ᠶᠢ ᠳᠡᠪᠢᠰᠬᠦ᠃ ᠭᠤᠤ ᠭᠠᠷᠭᠠᠬᠤ ᠠᠴᠠ ᠪᠠᠨ | ᠡᠮᠦᠨ᠎ᠡ ᠤᠷᠢᠳᠠᠪᠠᠷ ᠪᠣᠷᠳᠣᠭᠤᠷ ᠣᠷᠣᠭᠤᠯᠵᠤ ᠭᠠᠵᠠᠷ ᠲᠡᠭᠰᠢᠯᠡᠬᠦ ᠬᠡᠷᠡᠭᠲᠡᠢ᠃ ᠪᠣᠷᠳᠣᠭᠤᠷ ᠣᠷᠣᠭᠤᠯᠤᠭᠰᠠᠨ | ᠰᠠᠭᠤᠷᠢᠨ ᠳᠡᠭᠡᠷ᠎ᠡ ᠭᠠᠵᠠᠷ ᠢᠶᠠᠨ ᠲᠡᠭᠰᠢᠯᠡᠨ᠂ ᠬᠥᠷᠥᠰᠥ ᠰᠢᠷᠣᠢ ᠶᠢ ᠵᠦᠭᠡᠯᠡᠷᠡᠬᠦᠯᠦᠨ᠂ ᠡᠩᠬᠦᠯ ᠳᠤᠩᠬᠤᠯ ᠦᠭᠡᠢ᠂ | ᠭᠤᠤᠷᠰᠤ ᠦᠭᠡᠢ᠂ ᠡᠰᠢ ᠰᠦᠷᠡᠯ ᠦᠭᠡᠢ ᠪᠣᠯᠭᠠᠬᠤ ᠪᠠᠷᠢᠮᠵᠢᠶ᠎ᠠ ᠳᠤ ᠬᠦᠷᠭᠡᠬᠦ ᠬᠡᠷᠡᠭᠲᠡᠢ᠃ W ᠬᠡᠯᠪᠡᠷᠢ ᠶᠢᠨ | ᠳᠠᠯᠠᠩ ᠤᠨ ᠭᠤᠤ ᠶᠢ ᠨᠡᠭᠡᠭᠡᠬᠦ ᠳᠤ ᠲᠤᠰᠬᠠᠶᠢᠯᠠᠨ ᠬᠢᠭᠰᠡᠨ ᠲᠡᠮᠦᠷ ᠨᠠᠷᠬ᠎ᠠ ᠶᠢᠨ ᠥᠷᠭᠡᠨ ᠨᠢ 82 ᠰᠠᠨᠲ᠋ᠢᠮᠧᠳ᠋ᠷ | ᠪᠠᠶᠢᠬᠤ ᠬᠡᠷᠡᠭᠲᠡᠢ᠃ ᠬᠡᠪ ᠤᠨ ᠨᠢᠷᠤᠭᠤᠨ ᠳᠤ 4 ᠨᠤᠮᠤ ᠶᠢᠨ ᠬᠡᠮᠵᠢᠶ᠎ᠡ ᠲᠠᠢ ᠭᠤᠷᠪᠠᠯᠵᠢᠨ ᠲᠡᠮᠦᠷ ᠰᠢᠳᠦ ᠶᠢ | ᠭᠠᠩᠨᠠᠵᠤ᠂ ᠲᠡᠮᠦᠷ ᠰᠢᠳᠦᠨ ᠤ ᠢᠷᠤᠭᠠᠷ ᠤᠨ ᠥᠷᠭᠡᠨ ᠨᠢ 12 ᠰᠠᠨᠲ᠋ᠢᠮᠧᠳ᠋ᠷ᠂ ᠥᠨᠳᠥᠷ ᠨᠢ 13 ᠰᠠᠨᠲ᠋ᠢᠮᠧᠳ᠋ᠷ | ᠪᠠᠶᠢᠬᠤ ᠬᠡᠷᠡᠭᠲᠡᠢ᠃ ᠳᠤᠮᠳᠠᠬᠢ ᠬᠤᠶᠠᠷ ᠲᠡᠮᠦᠷ ᠰᠢᠳᠦᠨ ᠤ ᠦᠵᠦᠭᠦᠷ ᠤᠨ ᠵᠠᠢ ᠨᠢ 36 ᠰᠠᠨᠲ᠋ᠢᠮᠧᠳ᠋ᠷ᠂ ᠬᠤᠶᠠᠷ | ᠲᠠᠯ᠎ᠠ ᠶᠢᠨ ᠬᠤᠶᠠᠷ ᠲᠡᠮᠦᠷ ᠰᠢᠳᠦᠨ ᠤ ᠦᠵᠦᠭᠦᠷ ᠤᠨ ᠵᠠᠢ ᠨᠢ 17 ᠰᠠᠨᠲ᠋ᠢᠮᠧᠳ᠋ᠷ ᠪᠠᠶᠢᠬᠤ ᠬᠡᠷᠡᠭᠲᠡᠢ᠃ ᠠᠳᠠᠯᠢ | ᠪᠤᠰᠤ ᠲᠠᠷᠢᠮᠠᠯ ᠢ ᠲᠠᠷᠢᠬᠤ ᠳᠤ ᠮᠥᠷ ᠤᠨ ᠵᠠᠢ ᠶᠢ ᠡᠵᠡᠮᠰᠢᠬᠦ ᠱᠠᠭᠠᠷᠳᠠᠯᠭ᠎ᠠ ᠶᠢ ᠦᠨᠳᠦᠰᠦᠯᠡᠵᠦ᠂ ᠲᠡᠮᠦᠷ | ᠨᠠᠷᠬ᠎ᠠ ᠶᠢᠨ ᠬᠠᠵᠠᠭᠤ ᠳᠤ ᠲᠡᠮᠳᠡᠭ ᠳᠠᠯᠪᠢᠵᠤ ᠪᠣᠯᠣᠨ᠎ᠠ᠃ ᠭᠤᠤ ᠭᠠᠷᠭᠠᠵᠤ ᠪᠦᠷᠬᠦᠪᠴᠢ ᠳᠡᠪᠢᠰᠬᠦ ᠳᠤ ᠲᠦᠷᠪᠡᠨ | ᠬᠥᠮᠥᠨ ᠢᠶᠠᠷ ᠨᠢᠭᠡ ᠳᠤᠭᠤᠶᠢᠯᠠᠩ ᠪᠤᠯᠭᠠᠨ᠂ ᠨᠢᠭᠡ ᠬᠥᠮᠥᠨ ᠲᠡᠮᠦᠷ ᠨᠠᠷᠬ᠎ᠠ ᠪᠠᠷ W ᠬᠡᠯᠪᠡᠷᠢ ᠶᠢᠨ ᠳᠠᠯᠠᠩ ᠤᠨ | ᠭᠤᠤ ᠶᠢ ᠮᠠᠯᠲᠠᠨ᠎ᠠ᠃ ᠡᠨᠡ ᠦᠶ᠎ᠡ ᠳᠤ ᠬᠢᠮᠢ ᠶᠢᠨ ᠪᠣᠷᠳᠣᠭᠤᠷ ᠢ ᠭᠤᠤ ᠳᠤ ᠣᠷᠣᠭᠤᠯᠵᠤ᠂ ᠳᠠᠯᠠᠩ ᠤᠨ ᠭᠤᠤ ᠶᠢᠨ | ᠭᠦᠨ ᠤ ᠬᠡᠮᠵᠢᠶ᠎ᠡ ᠨᠢ ᠶᠡᠷᠦ ᠳᠤ ᠪᠠᠨ 10 ᠰᠠᠨᠲ᠋ᠢᠮᠧᠳ᠋ᠷ ᠠᠴᠠ ᠳᠡᠭᠡᠭᠰᠢ ᠪᠠᠶᠢᠳᠠᠭ᠃ ᠪᠦᠷᠬᠦᠯᠲᠡ ᠨᠢ ᠶᠡᠷᠦ ᠳᠤ ᠪᠠᠨ | 80 ᠰᠠᠨᠲ᠋ᠢᠮᠧᠳ᠋ᠷ ᠥᠷᠭᠡᠨ᠂ 0.007 - 0.01 ᠮᠢᠯᠢᠮᠧᠳ᠋ᠷ ᠵᠤᠵᠠᠭᠠᠨ ᠰᠦᠯᠢᠶᠥᠦ ᠪᠦᠷᠬᠦᠪᠴᠢ ᠶᠢ ᠰᠣᠩᠭᠤᠨ | ᠬᠡᠷᠡᠭᠯᠡᠨ᠎ᠡ᠃ ᠭᠤᠷᠪᠠᠭᠤᠯᠠ ᠪᠠᠨ ᠭᠠᠵᠠᠷ ᠤᠨ ᠪᠦᠷᠬᠦᠪᠴᠢ ᠶᠢ ᠳᠡᠪᠢᠰᠴᠦ᠂ ᠨᠢᠭᠡ ᠨᠢ ᠭᠠᠵᠠᠷ ᠤᠨ ᠪᠦᠷᠬᠦᠪᠴᠢ ᠶᠢ | ᠲᠡᠭᠰᠢᠬᠡᠨ ᠲᠠᠲᠠᠵᠤ᠂ ᠨᠥᠭᠦᠭᠡ ᠬᠤᠶᠠᠷ ᠨᠢ ᠰᠢᠷᠣᠢ ᠪᠠᠷ ᠭᠠᠵᠠᠷ ᠤᠨ ᠪᠦᠷᠬᠦᠪᠴᠢ ᠶᠢ ᠳᠠᠷᠤᠳᠠᠭ᠃ ᠭᠠᠵᠠᠷ ᠤᠨ | ᠪᠦᠷᠬᠦᠪᠴᠢ ᠶᠢᠨ ᠬᠤᠶᠠᠷ ᠲᠠᠯ᠎ᠠ ᠶᠢ ᠴᠢᠩᠭ᠎ᠠ ᠳᠠᠷᠤᠬᠤ ᠶᠢ ᠠᠩᠬᠠᠷᠴᠤ᠂ ᠭᠤᠤ ᠶᠢᠨ ᠳᠡᠭᠡᠷᠡᠬᠢ ᠭᠠᠵᠠᠷ ᠤᠨ | ᠪᠦᠷᠬᠦᠪᠴᠢ ᠶᠢ ᠰᠢᠷᠣᠢ ᠪᠤᠶᠤ ᠰᠢᠷᠣᠢ ᠶᠢᠨ ᠬᠡᠰᠡᠭ ᠢᠶᠠᠷ ᠳᠠᠷᠤᠭᠰᠠᠨ ᠤ ᠰᠡᠭᠦᠯᠡᠷ᠂ ᠰᠠᠯᠬᠢ ᠣᠨᠴᠠᠭᠠᠶ ᠶᠡᠭᠡ | ᠭᠠᠵᠠᠷ ᠲᠤ ᠪᠠᠰᠠ ᠳᠠᠯᠠᠩ ᠤᠨ ᠳᠡᠭᠡᠷ᠎ᠡ 2-3 ᠮᠧᠳ᠋ᠷ ᠠᠯᠤᠰᠯᠠᠬᠤ ᠪᠦᠷᠢ ᠨᠢᠭᠡ ᠵᠤᠷᠪᠤᠰ ᠰᠢᠷᠣᠢ ᠶᠢᠨ ᠪᠦᠰᠡ ᠶᠢ | ᠳᠠᠷᠤᠨ᠎ᠠ᠃ ᠭᠠᠵᠠᠷ ᠤᠨ ᠪᠠᠶᠢᠴᠠ ᠶᠢᠨ ᠬᠠᠨᠳᠤᠰᠢ ᠶᠢ ᠦᠨᠳᠦᠰᠦᠯᠡᠵᠦ᠂ ᠨᠢᠭᠡ ᠵᠤᠷᠪᠤᠰ W ᠬᠡᠯᠪᠡᠷᠢ ᠶᠢᠨ | ᠳᠠᠯᠠᠩ ᠤᠨ ᠭᠤᠤ ᠶᠢ ᠤᠰᠤ ᠬᠠᠳᠠᠭᠠᠯᠠᠬᠤ ᠰᠤᠪᠠᠭ ᠪᠠ ᠬᠠᠭᠤᠷᠠᠢ ᠬᠤᠳᠳᠤᠭ ᠲᠠᠢ ᠡᠭᠴᠡ ᠬᠤᠯᠪᠤᠨ᠎ᠠ᠃ ᠰᠤᠪᠠᠭ | ᠬᠤᠳᠳᠤᠭ ᠢ ᠬᠤᠯᠪᠤᠭᠰᠠᠨ ᠭᠠᠵᠠᠷ ᠲᠤ ᠡᠯᠡᠰᠦ ᠲᠤᠩᠬᠤ ᠲᠠᠲᠠᠭᠠᠯ ᠵᠠᠰᠠᠪᠠᠯ ᠵᠣᠬᠢᠨ᠎ᠠ᠃ ᠵᠠᠷᠢᠮ ᠲᠠᠷᠢᠮᠠᠯ ᠤᠨ | ᠨᠢᠭᠲᠠᠴᠠ ᠪᠠᠷ ᠨᠡᠯᠢᠶᠡᠳ ᠪᠠᠭ᠎ᠠ ᠲᠠᠷᠢᠮᠠᠯ᠂ ᠵᠢᠱᠢᠶᠡᠯᠡᠪᠡᠯ ᠤᠮᠠᠷᠠᠲᠤ ᠶᠢᠨ ᠬᠡᠮᠬᠡ᠂ ᠲᠠᠷᠪᠤᠰ ᠲᠤ V ᠬᠡᠯᠪᠡᠷᠢ ᠶᠢᠨ | ᠪᠦᠷᠬᠦᠯᠲᠡ ᠶᠢ ᠰᠣᠩᠭᠤᠵᠤ ᠪᠣᠯᠣᠨ᠎ᠠ᠃ V ᠬᠡᠯᠪᠡᠷᠢ ᠶᠢᠨ ᠪᠦᠷᠬᠦᠯᠲᠡ ᠶᠢᠨ ᠠᠷᠭ᠎ᠠ ᠨᠢ W ᠬᠡᠯᠪᠡᠷᠢ ᠶᠢᠨ | ᠪᠦᠷᠬᠦᠯᠲᠡ ᠲᠠᠢ ᠠᠳᠠᠯᠢ᠂ ᠵᠥᠪᠬᠡᠨ W ᠬᠡᠯᠪᠡᠷᠢ ᠶᠢᠨ ᠨᠠᠷᠬ᠎ᠠ ᠪᠠᠷ ᠰᠡᠯᠢᠭᠰᠡᠨ ᠤ ᠳᠠᠷᠠᠭ᠎ᠠ᠂ ᠳᠠᠬᠢᠨ ᠠᠷᠴᠢᠵᠤ V | ᠬᠡᠯᠪᠡᠷᠢ ᠶᠢᠨ ᠪᠦᠷᠬᠦᠯᠲᠡ ᠶᠢ ᠬᠡᠷᠡᠭᠯᠡᠨ᠎ᠡ᠃ | ᠭᠤᠷᠪᠠᠳᠤᠭᠠᠷ ᠠᠯᠬᠤᠮ᠄ ᠬᠡᠪ ᠵᠠᠭᠪᠤᠷ ᠢᠶᠠᠷ ᠲᠠᠷᠢᠵᠦ ᠪᠤᠶᠢᠵᠢᠭᠤᠯᠬᠤ᠃ W ᠪᠦᠷᠬᠦᠪᠴᠢ ᠶᠢᠨ | ᠬᠡᠯᠪᠡᠷᠢ ᠪᠠᠷ ᠲᠠᠷᠢᠬᠤ ᠳᠤ ᠨᠢᠭᠡ ᠨᠦᠬᠡᠯᠡᠬᠦ ᠮᠠᠰᠢᠨ ᠬᠢᠬᠦ ᠴᠢᠬᠤᠯᠠᠲᠠᠢ᠃ ᠲᠠᠷᠢᠮᠠᠯ ᠳᠠᠷᠢᠬᠤ ᠳᠤ ᠨᠦᠬᠡᠯᠡᠵᠦ | ᠰᠢᠭᠤᠳ ᠨᠡᠪᠲᠡᠷᠡᠭᠦᠯᠬᠦ ᠪᠠ ᠴᠢᠬᠢ ᠰᠢᠯᠵᠢᠭᠦᠯᠦᠨ ᠳᠠᠷᠢᠬᠤ ᠬᠤᠶᠠᠷ ᠵᠦᠢᠯ ᠤᠨ ᠠᠷᠭ᠎ᠠ ᠮᠠᠶ᠋ᠢᠭ ᠢ ᠬᠡᠷᠡᠭᠯᠡᠨ᠎ᠡ᠃ | ᠰᠢᠭᠤᠳ ᠳᠠᠷᠢᠭᠰᠠᠨ ᠤ ᠳᠠᠷᠠᠭ᠎ᠠ ᠰᠢᠷᠣᠢ ᠳᠠᠷᠤᠬᠤ ᠳᠤ ᠲᠣᠬᠢᠷᠠᠮᠵᠢᠲᠠᠢ ᠪᠠᠶᠢᠬᠤ ᠬᠡᠷᠡᠭᠲᠡᠢ᠂ ᠴᠢᠬᠢᠯᠡᠬᠦ ᠳᠤ | ᠬᠦᠴᠢᠷᠳᠡᠬᠦ ᠠᠴᠠ ᠰᠡᠷᠭᠡᠶᠢᠯᠡᠬᠦ ᠬᠡᠷᠡᠭᠲᠡᠢ᠃ ᠬᠠᠮᠤᠭ ᠰᠠᠶᠢᠨ ᠨᠢ ᠣᠷᠭᠠᠨᠢᠭ ᠪᠣᠷᠳᠣᠭᠤᠷ ᠪᠠ ᠬᠥᠷᠥᠰᠥᠨ ᠤ | ᠬᠤᠯᠢᠮᠠᠭ ᠪᠣᠳᠠᠰ ᠢᠶᠠᠷ ᠪᠦᠷᠬᠦᠪᠡᠯ ᠰᠠᠶᠢᠨ᠃ ᠴᠢᠬᠢ ᠰᠢᠯᠵᠢᠭᠦᠯᠦᠨ ᠲᠠᠷᠢᠬᠤ ᠠᠷᠭ᠎ᠠ ᠨᠢ ᠡᠩ ᠤᠨ | ᠲᠠᠷᠢᠮᠠᠯ ᠤᠨ ᠬᠢ ᠲᠠᠢ ᠠᠳᠠᠯᠢ ᠪᠠᠶᠢᠳᠠᠭ᠃ | ᠣᠳᠣᠬᠠᠨ ᠳᠤ ᠦᠷᠭᠦᠯᠵᠢ ᠬᠡᠷᠡᠭᠯᠡᠵᠦ ᠪᠠᠶᠢᠭ᠎ᠠ ᠭᠤᠷᠪᠠᠨ ᠵᠦᠢᠯ ᠤᠨ ᠵᠠᠭᠪᠤᠷ ᠭᠡᠪᠡᠯ᠄ W ᠪᠦᠷᠬᠦᠪᠴᠢ ᠳᠤ | ᠪᠤᠷᠴᠠᠭ ᠳᠠᠷᠢᠬᠤ᠂ ᠲᠥᠪᠡᠳ ᠬᠠᠰᠢ ᠳᠤ ᠴᠠᠭᠠᠨ ᠨᠣᠭᠤᠭ᠎ᠠ ᠳᠠᠪᠬᠤᠷᠯᠠᠨ ᠳᠠᠷᠢᠬᠤ ᠵᠡᠷᠭᠡ ᠵᠢᠯ ᠳᠤ ᠬᠤᠶᠠᠷ ᠡᠪᠡᠰᠦ | ᠳᠠᠷᠢᠬᠤ ᠵᠠᠭᠪᠤᠷ᠂ V ᠬᠡᠯᠪᠡᠷᠢ ᠳᠤ ᠲᠠᠷᠪᠤᠰ ᠲᠥᠮᠥᠰᠥ ᠶᠢ ᠠᠯᠠᠭᠯᠠᠨ ᠳᠠᠷᠢᠬᠤ᠂ V ᠬᠡᠯᠪᠡᠷᠢ ᠳᠤ ᠲᠠᠷᠪᠤᠰ ᠢ | ᠠᠯᠠᠭᠯᠠᠨ ᠳᠠᠷᠢᠬᠤ᠂ W ᠪᠦᠷᠬᠦᠪᠴᠢ ᠳᠤ ᠦᠵᠦᠮ᠎ᠡ ᠪᠠ ᠲᠠᠷᠪᠤᠰ ᠢ ᠠᠯᠠᠭᠯᠠᠨ ᠳᠠᠷᠢᠬᠤ ᠵᠠᠭᠪᠤᠷ᠂ W | ᠪᠦᠷᠬᠦᠪᠴᠢ ᠳᠤ ᠲᠠᠷᠪᠤᠰ ᠢ ᠠᠯᠠᠭᠯᠠᠨ ᠳᠠᠷᠢᠬᠤ ᠵᠠᠭᠪᠤᠷ᠂ W ᠪᠦᠷᠬᠦᠪᠴᠢ ᠳᠤ ᠢᠳᠡᠰᠢᠨ ᠨᠣᠭᠤᠭ᠎ᠠ᠂ ᠠᠮᠤ | ᠪᠤᠳᠠᠭ᠎ᠠ᠂ ᠠᠵᠤ ᠠᠬᠤᠢ ᠶᠢᠨ ᠤᠢ ᠵᠡᠷᠭᠡ ᠶᠢ ᠲᠠᠩ ᠢᠶᠠᠷ ᠳᠠᠷᠢᠬᠤ ᠵᠠᠭᠪᠤᠷ ᠵᠡᠷᠭᠡ ᠪᠤᠢ᠃ |